ᠪᠦᠬᠦ ᠬᠤᠳᠠ ᠶᠢᠨ ᠡᠮᠨᠡᠯᠬᠡ ᠶᠢᠨ ᠪᠠᠶᠢᠭᠤᠯᠣᠮᠵᠢ ᠶᠢᠨ ᠲᠣᠬᠢᠷᠠᠭᠤᠯᠣᠯᠳᠠ ᠶᠢᠨ ᠲᠦᠯᠦᠪᠵᠢᠭᠦᠯᠬᠡ ᠶᠢ ᠲᠠᠷᠣᠮᠠᠯᠯᠠᠨ ᠶᠠᠪᠣᠭᠤᠯᠬᠤ ᠲᠣᠬᠠᠢ ᠣᠷᠳᠣᠰ ᠬᠤᠳᠠ ᠶᠢᠨ ᠠᠷᠠᠳ ᠤᠨ ᠵᠠᠰᠠᠭ ᠤᠨ ᠣᠷᠳᠣᠨ ᠤ ᠠᠯᠪᠠᠨ ᠲᠢᠩᠭᠢᠮ ᠤᠨ ᠮᠡᠳᠡᠭᠳᠡᠯ
ᠨᠡᠶᠢᠲᠡᠯᠡᠭᠰᠡᠨ ᠴᠠᠭ᠄
2013/2/25
                         ᠣᠷᠳᠣᠰ ᠵᠠᠰᠠᠭ ᠠᠯᠪᠠᠨ ᠲᠠᠷᠬᠠᠭᠠᠬᠤ  ﹇2013﹈ 13 ᠳ᠋ᠣᠭᠠᠷ ᠲᠣᠭᠠᠳᠣᠡᠯ᠎ᠡ ᠬᠤᠰᠢᠭᠤ ᠲᠣᠭᠤᠷᠢᠭ  ᠤᠨ ᠠᠷᠠᠳ ᠤᠨ ᠵᠠᠰᠠᠭ ᠤᠨ ᠣᠷᠳᠣᠨ᠂ ᠬᠢᠶ᠎ᠡ ᠪᠠᠭᠰᠢ ᠰᠢᠨ᠎ᠡ ᠲᠣᠭᠤᠷᠢᠭ ᠤᠨ ᠬᠠᠮᠢᠶᠠᠷᠣᠯᠳᠠ ᠶᠢᠨ ᠵᠦᠪᠯᠡᠯ᠂ ᠬᠤᠳᠠ  ᠶᠢᠨ ᠠᠷᠠᠳ ᠤᠨ ᠵᠠᠰᠠᠭ ᠤᠨ ᠣᠷᠳᠣᠨ ᠤ ᠡᠯ᠎ᠡ ᠰᠠᠯᠠᠭ᠎ᠠ ᠮᠦᠴᠢᠷ᠂ ᠰᠢᠭᠤᠳ ᠬᠠᠷᠢᠶ᠎ᠠ ᠨᠢᠭᠡᠴᠢ᠂ ᠡᠯ᠎ᠡ ᠲᠣᠮᠣ ᠠᠵᠣ ᠠᠬᠤᠶᠢᠯᠠᠯ ᠠᠵᠢᠯ ᠣᠶᠢᠯᠡᠰ ᠤᠨ ᠨᠢᠭᠡᠴᠢ ᠳᠤ᠄      ᠬᠤᠳᠠ ᠶᠢᠨ ᠠᠷᠠᠳ ᠤᠨ ᠵᠠᠰᠠᠭ ᠤᠨ ᠣᠷᠳᠣᠨ  ᠢᠶᠠᠷ ᠵᠦᠪᠰᠢᠶᠡᠷᠡᠭᠦᠯᠦᠬᠡᠳ᠂ ︽ᠣᠷᠳᠣᠰ ᠬᠤᠳᠠ ᠶᠢᠨ ᠡᠮᠨᠡᠯᠬᠡ ᠶᠢᠨ ᠪᠠᠶᠢᠭᠤᠯᠣᠮᠵᠢ ᠶᠢᠨ ᠲᠣᠬᠢᠷᠠᠭᠤᠯᠣᠯᠳᠠ  ᠶᠢᠨ ᠲᠦᠯᠦᠪᠵᠢᠭᠦᠯᠬᠡ︾ ᠎ ᠶᠢ ᠡᠳᠦᠬᠡ ᠲᠠᠨᠠᠷ  ᠲᠤ ᠲᠠᠷᠣᠮᠠᠯᠯᠠᠨ ᠶᠠᠪᠣᠭᠤᠯᠣᠯ᠎ᠠ᠂ ᠨᠠᠷᠢᠨ ᠬᠢᠨᠠᠮᠠᠭᠠᠢ ᠲᠣᠣᠱᠯᠠᠭᠤᠯᠣᠨ ᠬᠡᠷᠡᠭᠵᠢᠭᠦᠯᠰᠦᠬᠡᠢ᠃                          ᠣᠷᠳᠣᠰ ᠬᠤᠳᠠ ᠶᠢᠨ ᠠᠷᠠᠳ ᠤᠨ ᠵᠠᠰᠠᠭ ᠤᠨ ᠣᠷᠳᠣᠨ ᠤ ᠠᠯᠪᠠᠨ ᠲᠢᠩᠭᠢᠮ                              2013 ᠣᠨ ᠤ 2 ᠳ᠋ᠣᠭᠠᠷ ᠰᠠᠷ᠎ᠠ ᠶᠢᠨ 25᠎ ᠤ ᠡᠳᠦᠷ          ᠣᠷᠳᠣᠰ ᠬᠤᠳᠠ ᠶᠢᠨ ᠡᠮᠨᠡᠯᠬᠡ ᠶᠢᠨ ᠪᠠᠶᠢᠭᠤᠯᠣᠮᠵᠢ ᠶᠢᠨ          ᠲᠣᠬᠢᠷᠠᠭᠤᠯᠣᠯᠳᠠ ᠶᠢᠨ ᠲᠦᠯᠦᠪᠵᠢᠭᠦᠯᠬᠡ                 ︵2012 — 2015︶      ᠣᠯᠣᠰ᠂ ᠦᠪᠡᠷᠳᠡᠬᠡᠨ ᠵᠠᠰᠠᠬᠤ ᠣᠷᠣᠨ  ᠤ ᠡᠮᠨᠡᠯᠬᠡ ᠡᠷᠡᠭᠦᠯ ᠬᠠᠮᠠᠭᠠᠯᠠᠯ  ᠤᠨ ᠪᠠᠶᠢᠭᠤᠯᠣᠯ  ᠤᠨ ᠦᠬᠡᠷᠡᠴᠢᠯᠡᠯᠳᠡ  ᠶᠢ ᠬᠦᠨᠵᠡᠬᠡᠶᠢᠷᠡᠭᠦᠯᠬᠦ ᠵᠣᠷᠢᠭ ᠰᠠᠨᠠᠭ᠎ᠠ  ᠶᠢ ᠲᠣᠣᠱᠯᠠᠭᠤᠯᠣᠨ ᠨᠠᠶᠢᠳᠠᠪᠦᠷᠢᠵᠢᠭᠤᠯᠵᠣ᠂ ᠵᠠᠰᠠᠭ  ᠤᠨ ᠣᠷᠳᠣᠨ  ᠠᠴᠠ ᠡᠮ ᠡᠮᠨᠡᠯᠬᠡ ᠡᠷᠡᠭᠦᠯ ᠬᠠᠮᠠᠭᠠᠯᠠᠯ  ᠤᠨ ᠠᠵᠢᠯ ᠣᠶᠢᠯᠡᠰ  ᠤᠨ ᠬᠦᠭᠵᠢᠯᠳᠡ  ᠳᠤ ᠬᠤᠷᠸ᠎ᠠ ᠲᠣᠬᠢᠷᠠᠭᠤᠯᠣᠯᠳᠠ ᠬᠢᠬᠦ  ᠶᠢ ᠴᠢᠩᠭᠠᠳᠬᠠᠵᠣ᠂ ᠡᠮᠨᠡᠯᠬᠡ ᠡᠷᠡᠭᠦᠯ ᠬᠠᠮᠠᠭᠠᠯᠠᠯ  ᠤᠨ ᠡᠬᠢ ᠪᠠᠶᠠᠯᠢᠭ  ᠢ ᠵᠣᠬᠢᠰᠲᠠᠢ ᠲᠣᠬᠢᠷᠠᠭᠤᠯᠵᠣ᠂ ᠡᠯ᠎ᠡ ᠱᠠᠳᠣᠨ ᠤ ᠡᠯ᠎ᠡ ᠲᠦᠷᠦᠯ ᠤᠨ ᠡᠮᠨᠡᠯᠬᠡ  ᠶᠢᠨ ᠪᠠᠶᠢᠭᠤᠯᠣᠮᠵᠢ ᠶᠢ ᠰᠢᠨᠵᠢᠯᠡᠬᠦ ᠣᠬᠠᠭᠠᠨᠴᠢ ᠎ ᠪᠠᠷ ᠲᠣᠬᠢᠷᠠᠭᠤᠯᠵᠣ᠂ ᠡᠮᠨᠡᠯᠬᠡ  ᠶᠢᠨ ᠣᠶᠢᠯᠡᠴᠢᠯᠡᠬᠡᠨ  ᠤ ᠡᠷᠬᠡ ᠲᠡᠭᠰᠢ ᠴᠢᠨᠠᠷ ᠪᠠ ᠬᠦᠷᠴᠣ ᠲᠡᠶᠢᠯᠬᠦ ᠴᠢᠨᠠᠷ  ᠢ ᠢᠯᠡᠷᠡᠭᠦᠯᠵᠣ᠂ ᠪᠦᠬᠦ ᠬᠤᠳᠠ ᠶᠢᠨ ᠠᠷᠠᠳ ᠲᠦᠮᠡᠨ ᠤ ᠦᠨᠳᠦᠰᠦᠨ ᠡᠮᠨᠡᠯᠬᠡ  ᠶᠢᠨ ᠣᠶᠢᠯᠡᠴᠢᠯᠡᠬᠡᠨ  ᠤ ᠬᠡᠷᠡᠭᠴᠡᠭᠡ ᠎ ᠶᠢ ᠬᠠᠩᠭᠠᠬᠤ  ᠶᠢᠨ ᠲᠣᠰᠠᠳᠠ᠂ ᠲᠦᠷᠦ  ᠶᠢᠨ ᠶᠠᠪᠣᠳᠠᠯ  ᠤᠨ ᠬᠤᠷᠢᠶᠠᠨ  ᠤ ︽ᠡᠮᠨᠡᠯᠬᠡ  ᠶᠢᠨ ᠪᠠᠶᠢᠭᠤᠯᠣᠮᠵᠢ ᠎ ᠶᠢᠨ ᠬᠠᠮᠢᠶᠠᠷᠣᠯᠳᠠ  ᠶᠢᠨ ᠲᠦᠷᠢᠮ︾᠂ ᠡᠷᠡᠭᠦᠯ ᠬᠠᠮᠠᠭᠠᠯᠠᠯ  ᠤᠨ ᠶᠠᠮᠣᠨ  ᠤ ︽ᠡᠮᠨᠡᠯᠬᠡ  ᠶᠢᠨ ᠪᠠᠶᠢᠭᠤᠯᠣᠮᠵᠢ ᠎ ᠶᠢᠨ ᠲᠣᠬᠢᠷᠠᠭᠤᠯᠣᠯᠳᠠ  ᠶᠢᠨ ᠲᠦᠯᠦᠪᠵᠢᠭᠦᠯᠬᠡ  ᠶᠢᠨ ᠵᠢᠯᠣᠭᠤᠳᠬᠤ ᠵᠠᠷᠴᠢᠮ︾ ᠪᠠ ︽ᠦᠪᠦᠷ ᠮᠣᠩᠭᠤᠯ  ᠤᠨ ᠦᠪᠡᠷᠳᠡᠬᠡᠨ ᠵᠠᠰᠠᠬᠤ ᠣᠷᠣᠨ  ᠤ ᠡᠷᠡᠭᠦᠯ ᠬᠠᠮᠠᠭᠠᠯᠠᠯ  ᠤᠨ ᠡᠬᠢ ᠪᠠᠶᠠᠯᠢᠭ  ᠢ ᠲᠣᠬᠢᠷᠠᠭᠤᠯᠬᠤ ᠪᠠᠷᠢᠮᠵᠢᠶ᠎ᠠ  ᠶᠢ ᠲᠠᠷᠣᠮᠠᠯᠯᠠᠨ ᠶᠠᠪᠣᠭᠤᠯᠬᠤ ᠲᠣᠬᠠᠢ ᠦᠪᠦᠷ ᠮᠣᠩᠭᠤᠯ  ᠤᠨ ᠦᠪᠡᠷᠳᠡᠬᠡᠨ ᠵᠠᠰᠠᠬᠤ ᠣᠷᠣᠨ  ᠤ ᠠᠷᠠᠳ  ᠤᠨ ᠵᠠᠰᠠᠭ ᠎ ᠤᠨ ᠣᠷᠳᠣᠨ  ᠤ ᠠᠯᠪᠠᠨ ᠲᠢᠩᠭᠢᠮ  ᠤᠨ ᠮᠡᠳᠡᠭᠳᠡᠯ︾ ︵ᠦᠪᠦᠷ ᠵᠠᠰᠠᠭ ᠠᠯᠪᠠᠨ ᠲᠠᠷᠬᠠᠭᠠᠬᠤ ﹇2012﹈ 88 ᠳ᠋ᠣᠭᠠᠷ ᠲᠣᠭᠠᠳᠣ︶ ᠎  ᠎ ᠢ ᠦᠨᠳᠦᠰᠦᠯᠡᠵᠣ᠂ ᠮᠠᠨ  ᠤ ᠬᠤᠳᠠ ᠶᠢᠨ ᠪᠣᠳᠠᠳᠣ ᠪᠠᠶᠢᠳᠠᠯ ᠲᠠᠢ ᠣᠶᠠᠯᠳᠣᠭᠤᠯᠣᠨ ᠲᠣᠰ ᠲᠦᠯᠦᠪᠵᠢᠭᠦᠯᠬᠡ  ᠶᠢ ᠲᠣᠭᠳᠠᠭᠠᠪᠠ᠃      ᠨᠢᠭᠡ᠂ ᠵᠢᠯᠣᠭᠤᠳᠬᠤ ᠦᠵᠡᠯ ᠰᠠᠨᠠᠭ᠎ᠠ᠂ ᠲᠣᠬᠢᠷᠠᠭᠤᠯᠬᠤ ᠵᠠᠷᠴᠢᠮ ᠪᠠ ᠶᠡᠷᠦᠩᠬᠡᠢ ᠬᠠᠷᠠᠯᠳᠠ      ︵ᠨᠢᠭᠡ︶ ᠵᠢᠯᠣᠭᠤᠳᠬᠤ ᠦᠵᠡᠯ ᠰᠠᠨᠠᠭ᠎ᠠ      ᠰᠢᠨᠵᠢᠯᠡᠬᠦ ᠣᠬᠠᠭᠠᠨᠴᠢ ᠬᠦᠭᠵᠢᠯᠳᠡ  ᠶᠢᠨ ᠦᠵᠡᠯᠳᠡ  ᠪᠠᠷ ᠵᠢᠯᠣᠭᠤᠳᠣᠯᠭ᠎ᠠ ᠪᠣᠯᠭᠠᠨ᠂ ᠠᠰᠢᠭ ᠬᠤᠨᠵᠢᠪᠣᠷᠢ ᠣᠯᠬᠤ ᠪᠣᠰᠣ ᠴᠢᠨᠠᠷᠲᠠᠢ ᠡᠮᠨᠡᠯᠬᠡ  ᠶᠢᠨ ᠪᠠᠶᠢᠭᠤᠯᠣᠮᠵᠢ  ᠪᠠᠷ ᠭᠤᠣᠯ ᠴᠣᠭᠴᠠ  ᠪᠤᠯᠭᠠᠵᠤ᠂ ᠠᠷᠠᠳ ᠲᠦᠮᠡᠨ  ᠳᠤ ᠠᠶᠣᠯ ᠦᠬᠡᠢ᠂ ᠪᠦᠲᠦᠮᠵᠢᠲᠠᠢ᠂ ᠲᠦᠭᠦᠮ ᠲᠦᠳᠡ᠂ ᠬᠢᠮᠳᠡ ᠦᠨ᠎ᠡ ᠲᠠᠢ᠂ ᠬᠦᠷᠴᠣ ᠲᠡᠶᠢᠯᠬᠦ ᠡᠮᠨᠡᠯᠬᠡ ᠡᠷᠡᠭᠦᠯ ᠬᠠᠮᠠᠭᠠᠯᠠᠯ  ᠤᠨ ᠣᠶᠢᠯᠡᠴᠢᠯᠡᠭᠡ ᠬᠠᠩᠭᠠᠬᠤ  ᠪᠠᠷ ᠬᠠᠷᠠᠯᠳᠠ ᠪᠣᠯᠭᠠᠨ᠂ ᠠᠰᠢᠭ ᠬᠤᠨᠵᠢᠪᠣᠷᠢ ᠣᠯᠬᠤ ᠴᠢᠨᠠᠷᠲᠠᠢ ᠡᠮᠨᠡᠯᠬᠡ  ᠶᠢᠨ ᠪᠠᠶᠢᠭᠤᠯᠣᠮᠵᠢ  ᠪᠠᠷ ᠨᠦᠬᠦᠪᠦᠷᠢ ᠪᠤᠯᠭᠠᠵᠤ᠂ ᠠᠯᠪᠠᠨ  ᠠᠴᠠ ᠪᠠᠶᠢᠭᠤᠯᠣᠭᠰᠠᠨ ᠡᠮᠨᠡᠯᠬᠡ  ᠶᠢᠨ ᠪᠠᠶᠢᠭᠤᠯᠣᠮᠵᠢ ᠪᠠ ᠠᠯᠪᠡᠨ ᠠᠴᠠ ᠪᠠᠶᠢᠭᠤᠯᠣᠭᠰᠠᠨ  ᠪᠣᠰᠣ ᠡᠮᠨᠡᠯᠬᠡ  ᠶᠢᠨ ᠪᠠᠶᠢᠭᠤᠯᠣᠮᠵᠢ  ᠶᠢ ᠬᠠᠮᠳᠣᠪᠠᠷ ᠬᠦᠭᠵᠢᠭᠦᠯᠬᠦ ᠡᠮᠨᠡᠯᠬᠡ ᠪᠠᠶᠢᠭᠤᠯᠬᠤ ᠵᠠᠷᠴᠢᠮ  ᠢ ᠪᠠᠷᠢᠮᠳᠠᠯᠠᠵᠣ᠂ ᠡᠮᠨᠡᠯᠬᠡ  ᠶᠢᠨ ᠣᠶᠢᠯᠡᠴᠢᠯᠡᠬᠡᠨ  ᠤ ᠰᠢᠰᠲ᠋ᠧᠮᠵᠢ  ᠶᠢ ᠨᠡᠩ ᠲᠡᠭᠦᠯᠳᠡᠷᠵᠢᠭᠦᠯᠵᠣ᠂ ᠪᠠᠶᠢᠷᠢᠯᠠᠭᠤᠯᠣᠯᠳᠠ  ᠶᠢ ᠨᠡᠩ ᠵᠣᠬᠢᠰᠲᠠᠢ ᠪᠣᠯᠭᠠᠨ᠎ᠠ᠃ ᠬᠤᠰᠢᠭᠤ ᠲᠣᠭᠤᠷᠢᠭ  ᠤᠨ ᠡᠮᠨᠡᠯᠬᠡ  ᠶᠢᠨ ᠬᠤᠷᠢᠶ᠎ᠠ  ᠪᠠᠷ ᠲᠣᠯᠣᠭᠠᠶᠢᠯᠠᠭᠤᠯᠵᠣ᠂ ᠰᠣᠮᠣ ᠰᠢᠶᠠᠩ ᠪᠠᠯᠭᠠᠰᠣᠨ ᠤ ᠡᠷᠡᠭᠦᠯ ᠬᠠᠮᠠᠭᠠᠯᠠᠯ ᠤᠨ ᠬᠤᠷᠢᠶ᠎ᠠ ᠪᠠ ᠭᠠᠴᠠᠭ᠎ᠠ ᠲᠣᠰᠬᠤᠨ  ᠤ ᠡᠷᠡᠭᠦᠯ ᠬᠠᠮᠠᠭᠠᠯᠠᠯ  ᠤᠨ ᠲᠠᠰᠤᠭ ᠢᠶᠠᠷ ᠰᠠᠭᠤᠷᠢ ᠪᠣᠯᠭᠠᠭᠰᠠᠨ ᠮᠠᠯᠵᠢᠬᠤ ᠲᠠᠷᠢᠶᠠᠯᠠᠬᠤ ᠣᠷᠣᠨ  ᠤ ᠡᠮ ᠡᠮᠨᠡᠯᠬᠡ ᠡᠷᠡᠭᠦᠯ ᠬᠠᠮᠠᠭᠠᠯᠠᠯ ᠤᠨ ᠣᠶᠢᠯᠡᠴᠢᠯᠡᠬᠡᠨ ᠤ ᠭᠤᠷᠪᠠᠨ ᠲᠡᠰ ᠤᠨ ᠲᠣᠣᠷ ᠰᠦᠯᠵᠢᠶ᠎ᠡ ᠶᠢ ᠪᠠᠶᠢᠭᠤᠯᠣᠨ ᠲᠦᠭᠦᠷᠴᠢᠯᠡᠨ᠎ᠡ︔ ᠮᠣᠩᠭᠤᠯ ᠬᠢᠳᠠᠳ ᠡᠮ ᠡᠮᠨᠡᠯᠬᠡ  ᠶᠢᠨ ᠠᠵᠢᠯ ᠣᠶᠢᠯᠡᠰ  ᠢ ᠶᠡᠬᠡᠪᠡᠷ ᠬᠦᠭᠵᠢᠭᠦᠯᠵᠣ᠂ ᠮᠣᠩᠭᠤᠯ ᠬᠢᠳᠠᠳ ᠡᠮ ᠡᠮᠨᠡᠯᠬᠡ  ᠶᠢᠨ ᠡᠪᠡᠳᠴᠢᠨ ᠡᠮᠬᠡᠭ  ᠢ ᠰᠡᠷᠭᠡᠶᠢᠯᠡᠨ ᠡᠵᠡᠮᠰᠢᠬᠦ᠂ ᠡᠮᠨᠡᠯᠬᠡ ᠎ ᠶᠢᠨ ᠣᠶᠢᠯᠡᠴᠢᠯᠡᠭᠡ ᠪᠠ ᠤᠯᠠᠨ ᠨᠡᠶᠢᠳᠡ  ᠶᠢᠨ ᠡᠷᠡᠭᠦᠯ ᠬᠠᠮᠠᠭᠠᠯᠠᠯ  ᠤᠨ ᠬᠡᠨᠡᠳᠳᠡ ᠶᠢᠨ ᠬᠡᠷᠡᠭ  ᠢ ᠠᠷᠭᠠᠴᠠᠭᠠᠬᠤ ᠲᠣᠮᠳᠠᠬᠢ ᠣᠶᠢᠯᠡᠳᠣᠯ  ᠢ ᠭᠦᠢᠴᠡᠳ ᠪᠠᠳᠠᠷᠠᠭᠤᠯᠣᠨ᠎ᠠ︔ ᠨᠡᠶᠢᠬᠡᠮ ᠲᠣᠭᠤᠷᠢᠭ  ᠤᠨ ᠡᠷᠡᠭᠦᠯ ᠬᠠᠮᠠᠭᠠᠯᠠᠯ  ᠤᠨ ᠣᠶᠢᠯᠡᠴᠢᠯᠡᠭᠡ  ᠪᠠᠷ ᠰᠠᠭᠤᠷᠢ ᠪᠣᠯᠭᠠᠭᠰᠠᠨ ᠬᠤᠳᠠ ᠶᠢᠨ ᠡᠮ ᠡᠮᠨᠡᠯᠬᠡ ᠡᠷᠡᠭᠦᠯ ᠬᠠᠮᠠᠭᠠᠯᠠᠯ  ᠤᠨ ᠰᠢᠨ᠎ᠡ ᠬᠡᠯᠪᠡᠷᠢ ᠎ ᠶᠢᠨ ᠣᠶᠢᠯᠡᠴᠢᠯᠡᠬᠡᠨ  ᠤ ᠰᠢᠰᠲ᠋ᠧᠮᠵᠢ ᠪᠠ ᠬᠤᠳᠠ  ᠶᠢᠨ ᠡᠮᠨᠡᠯᠬᠡ  ᠶᠢᠨ ᠬᠤᠷᠢᠶ᠎ᠠ ᠨᠡᠶᠢᠬᠡᠮ ᠲᠣᠭᠤᠷᠢᠭ  ᠤᠨ ᠡᠷᠡᠭᠦᠯ ᠬᠠᠮᠠᠭᠠᠯᠠᠯ  ᠤᠨ ᠣᠶᠢᠯᠡᠴᠢᠯᠡᠬᠡᠨ  ᠤ ᠪᠠᠶᠢᠭᠤᠯᠣᠮᠵᠢ ᠲᠠᠢ ᠠᠵᠢᠯ ᠬᠤᠪᠢᠶᠠᠷᠢᠯᠠᠨ ᠬᠠᠮᠵᠢᠯᠴᠠᠬᠤ ᠲᠣᠭᠳᠠᠴᠠ ᠶᠢ ᠪᠠᠶᠢᠭᠤᠯᠣᠨ ᠲᠦᠭᠦᠷᠴᠢᠯᠡᠨ᠎ᠡ︔ ᠡᠯ᠎ᠡ ᠱᠠᠳᠣᠨ  ᠤ ᠡᠯ᠎ᠡ ᠲᠦᠷᠦᠯ  ᠤᠨ ᠡᠮᠨᠡᠯᠬᠡ  ᠶᠢᠨ ᠬᠤᠷᠢᠶᠠᠨ ᠎ ᠤ ᠴᠢᠳᠠᠮᠵᠢ ᠪᠠ ᠲᠣᠰᠢᠶᠠᠯ ᠬᠠᠷᠢᠴᠠᠭᠤᠯᠭ᠎ᠠ ᠶᠢ ᠲᠦᠭᠦᠷᠴᠢᠯᠡᠨ᠎ᠡ︔ ᠨᠡᠶᠢᠬᠡᠮ ᠤᠨ ᠬᠦᠷᠦᠩᠬᠡ ᠶᠢ ᠵᠣᠷᠢᠭᠵᠢᠭᠤᠯᠣᠨ ᠲᠠᠭᠠᠭᠤᠯᠵᠣ ᠡᠮ ᠡᠮᠨᠡᠯᠬᠡ ᠡᠷᠡᠭᠦᠯ ᠬᠠᠮᠠᠭᠠᠯᠠᠯ ᠤᠨ ᠠᠵᠢᠯ ᠣᠶᠢᠯᠡᠰ  ᠢ ᠬᠦᠭᠵᠢᠭᠦᠯᠵᠣ᠂ ᠠᠷᠠᠳ ᠲᠦᠮᠡᠨ  ᠳᠤ ᠡᠮᠴᠢᠯᠡᠭᠡ᠂ ᠰᠡᠷᠭᠡᠶᠢᠯᠡᠯᠬᠡ᠂ ᠡᠷᠡᠭᠦᠯᠵᠢᠯ ᠵᠡᠷᠬᠡ ᠡᠮ ᠡᠮᠨᠡᠯᠬᠡ ᠡᠷᠡᠭᠦᠯ ᠬᠠᠮᠠᠭᠠᠯᠠᠯ ᠤᠨ ᠰᠢᠯᠢᠳᠡᠭ ᠰᠠᠶᠢᠨ ᠣᠶᠢᠯᠡᠴᠢᠯᠡᠭᠡ  ᠶᠢ ᠪᠦᠲᠦᠮᠵᠢᠲᠠᠢ ᠬᠠᠩᠭᠠᠵᠣ᠂ ᠡᠮᠨᠡᠯᠬᠡ ᠶᠢᠨ ᠠᠵᠢᠯ ᠣᠶᠢᠯᠡᠰ ᠪᠠ ᠨᠡᠶᠢᠬᠡᠮ  ᠤᠨ ᠵᠣᠬᠢᠴᠠᠩᠭᠤᠢ ᠬᠦᠭᠵᠢᠯᠳᠡ  ᠶᠢ ᠪᠡᠶᠡᠯᠡᠭᠦᠯᠦᠨ᠎ᠡ᠃      ︵ᠬᠤᠶᠠᠷ︶ ᠦᠨᠳᠦᠰᠦᠨ ᠵᠠᠷᠴᠢᠮ      1. ᠲᠦᠯᠦᠪᠵᠢᠭᠦᠯᠬᠡ  ᠶᠢ ᠨᠢᠭᠡᠳᠣᠯᠲᠠᠢ ᠲᠦᠯᠦᠪᠵᠢᠭᠦᠯᠬᠦ ᠵᠠᠷᠴᠢᠮ᠃ ᠡᠮ ᠡᠮᠨᠡᠯᠬᠡ ᠡᠷᠡᠭᠦᠯ ᠬᠠᠮᠠᠭᠠᠯᠠᠯ ᠎ ᠤᠨ ᠠᠵᠢᠯ ᠣᠶᠢᠯᠡᠰ  ᠤᠨ ᠬᠦᠭᠵᠢᠯᠳᠡ  ᠶᠢᠨ ᠪᠠᠶᠢᠳᠠᠯ ᠪᠠ ᠣᠯᠠᠨ ᠲᠦᠮᠡᠨ ᠤ ᠡᠮᠨᠡᠯᠬᠡ  ᠶᠢᠨ ᠣᠶᠢᠯᠡᠴᠢᠯᠡᠬᠡᠨ  ᠤ ᠬᠡᠷᠡᠭᠴᠡᠭᠡ ᠶᠢ ᠦᠨᠳᠦᠰᠦᠯᠡᠨ᠂ ᠲᠣᠬᠠᠢ  ᠶᠢᠨ ᠭᠠᠵᠠᠷ ᠤᠨ ᠨᠡᠶᠢᠬᠡᠮ ᠠᠵᠣ ᠠᠬᠤᠢ  ᠶᠢᠨ ᠬᠦᠭᠵᠢᠯᠳᠡ ᠪᠠ  ᠡᠮᠨᠡᠯᠬᠡ  ᠶᠢᠨ ᠪᠠᠶᠢᠭᠤᠯᠣᠮᠵᠢ  ᠶᠢᠨ ᠬᠦᠭᠵᠢᠯᠳᠡ ᠶᠢᠨ ᠬᠢᠷᠢ ᠲᠦᠪᠰᠢᠨ ᠶᠣᠰᠣᠭᠠᠷ᠂ ᠡᠮᠨᠡᠯᠬᠡ  ᠶᠢᠨ ᠪᠠᠶᠢᠭᠤᠯᠣᠮᠵᠢ ᠎ ᠶᠢᠨ ᠪᠠᠶᠢᠷᠢᠯᠠᠭᠤᠯᠣᠯᠳᠠ ᠪᠠ ᠲᠤᠭ᠎ᠠ ᠬᠡᠮᠵᠢᠶ᠎ᠡ  ᠶᠢ ᠲᠦᠯᠦᠪᠵᠢᠭᠦᠯᠦᠨ᠎ᠡ᠃      2. ᠡᠷᠬᠡ ᠲᠡᠭᠰᠢ ᠴᠢᠨᠠᠷᠳᠣ ᠵᠠᠷᠴᠢᠮ᠃ ᠮᠠᠨ ᠤ ᠬᠤᠳᠠ  ᠶᠢᠨ ᠡᠮᠨᠡᠯᠬᠡ  ᠶᠢᠨ ᠬᠠᠩᠭᠠᠯᠭ᠎ᠠ ᠬᠡᠷᠡᠭᠴᠡᠭᠡ  ᠶᠢᠨ ᠪᠣᠳᠠᠳᠣ ᠪᠠᠶᠢᠳᠠᠯ  ᠠᠴᠠ ᠡᠭᠦᠰᠴᠣ᠂ ᠦᠨᠳᠦᠰᠦᠨ ᠱᠠᠳᠣ  ᠪᠠᠷ ᠭᠤᠣᠯᠳᠠᠯᠭ᠎ᠠ ᠪᠣᠯᠭᠠᠵᠣ᠂ ᠣᠳᠣ ᠪᠠᠶᠢᠭ᠎ᠠ ᠡᠮᠨᠡᠯᠬᠡ ᠎ ᠶᠢᠨ ᠡᠬᠢ ᠪᠠᠶᠠᠯᠢᠭ  ᠤᠨ ᠣᠶᠢᠯᠡᠳᠣᠯ  ᠢ ᠭᠦᠢᠴᠡᠳ ᠪᠠᠳᠠᠷᠠᠭᠤᠯᠵᠣ᠂ ᠬᠤᠳᠠ  ᠶᠢᠨ ᠡᠮᠨᠡᠯᠬᠡ  ᠶᠢᠨ ᠪᠠᠶᠢᠭᠤᠯᠣᠮᠵᠢ ᠎ ᠶᠢᠨ ᠬᠦᠭᠵᠢᠯᠳᠡ  ᠶᠢᠨ ᠬᠡᠪᠴᠢᠶ᠎ᠡ  ᠶᠢ ᠵᠣᠬᠢᠬᠤ ᠬᠡᠮᠵᠢᠶᠡᠨ  ᠢᠶᠠᠷ ᠡᠵᠡᠮᠰᠢᠨ ᠲᠣᠬᠢᠷᠠᠭᠤᠯᠵᠣ᠂ ᠪᠦᠬᠦ ᠰᠠᠭᠤᠭᠠᠯᠢ ᠠᠷᠠᠳ ᠣᠨᠴᠠᠭᠠᠶᠢᠯᠠᠨ ᠦᠷᠬᠡᠨ ᠣᠯᠠᠨ ᠮᠠᠯᠴᠢᠨ ᠲᠠᠷᠢᠶᠠᠴᠢᠳ ᠴᠦᠮ ᠦᠨᠳᠦᠰᠦᠨ ᠡᠮᠨᠡᠯᠬᠡ  ᠶᠢᠨ ᠣᠶᠢᠯᠡᠴᠢᠯᠡᠭᠡ ᠎ ᠶᠢ ᠡᠷᠬᠡ ᠲᠡᠭᠰᠢ᠂ ᠲᠦᠪ ᠭᠤᠣᠯᠴᠢ  ᠪᠠᠷ ᠡᠳ᠋ᠯᠡᠬᠦ ᠶᠢ ᠭᠦᠴᠦᠯᠡᠨ ᠪᠡᠶᠡᠯᠡᠭᠦᠯᠦᠨ᠎ᠡ᠃      3. ᠬᠦᠷᠴᠣ ᠲᠡᠶᠢᠯᠬᠦ ᠵᠠᠷᠴᠢᠮ᠃ ᠡᠮ ᠡᠮᠨᠡᠯᠬᠡ ᠡᠷᠡᠭᠦᠯ ᠬᠠᠮᠠᠭᠠᠯᠠᠯ  ᠤᠨ ᠣᠶᠢᠯᠡᠴᠢᠯᠡᠬᠡᠨ ᠤ ᠨᠡᠶᠢᠬᠡᠮ ᠨᠡᠶᠢᠳᠡ  ᠶᠢᠨ ᠣᠶᠢᠯᠡᠳᠭᠦᠨ  ᠤ ᠣᠨᠴᠠᠯᠢᠭ  ᠢ ᠰᠠᠶᠢᠳᠣᠷ ᠡᠵᠡᠮᠳᠡᠵᠣ᠂ ᠡᠮᠨᠡᠯᠬᠡ ᠶᠢᠨ ᠪᠠᠶᠢᠭᠤᠯᠣᠮᠵᠢ  ᠶᠢ ᠲᠣᠬᠢᠷᠠᠭᠤᠯᠬᠤ ᠦᠶ᠎ᠡ  ᠳᠤ ᠣᠶᠢᠯᠡᠴᠢᠯᠡᠬᠡᠨ  ᠤ ᠬᠡᠪᠴᠢᠶ᠎ᠡ ᠨᠢ ᠲᠣᠬᠢᠷᠠᠮᠵᠢᠲᠠᠢ᠂ ᠵᠠᠮ ᠬᠠᠷᠢᠯᠴᠠᠭ᠎ᠠ ᠨᠢ ᠲᠦᠭᠦᠮ ᠲᠦᠳᠡ᠂ ᠪᠠᠶᠢᠷᠢᠯᠠᠭᠤᠯᠣᠯᠳᠠ ᠨᠢ ᠵᠣᠬᠢᠰᠲᠠᠢ᠂ ᠠᠷᠠᠳ ᠲᠦᠮᠡᠨ ᠡᠪᠡᠳᠴᠢᠨ  ᠢᠶᠠᠨ ᠦᠵᠡᠭᠦᠯᠬᠦ  ᠳᠤ ᠲᠦᠭᠦᠮ ᠪᠠᠶᠢᠬᠤ ᠵᠡᠷᠬᠡ ᠦᠨᠳᠦᠰᠦᠨ ᠱᠠᠭᠠᠷᠳᠠᠯᠭ᠎ᠠ  ᠶᠢ ᠭᠦᠢᠴᠡᠳ ᠢᠯᠡᠷᠡᠭᠦᠯᠦᠨ᠎ᠡ᠃      4. ᠠᠷᠠᠳ  ᠲᠤ ᠲᠦᠭᠦᠮ ᠦᠵᠡᠭᠦᠯᠬᠦ ᠵᠠᠷᠴᠢᠮ᠃ ᠡᠮᠨᠡᠯᠬᠡ  ᠶᠢᠨ ᠪᠠᠶᠢᠭᠤᠯᠣᠮᠵᠢ  ᠶᠢᠨ ᠴᠢᠳᠠᠮᠵᠢ ᠪᠠ ᠲᠣᠰᠢᠶᠠᠯ ᠬᠠᠷᠢᠭᠤᠴᠠᠯᠭ᠎ᠠ  ᠶᠢ ᠲᠡᠭᠦᠯᠳᠡᠷᠵᠢᠭᠦᠯᠦᠨ ᠲᠣᠳᠣᠷᠬᠠᠶᠢᠯᠠᠵᠣ᠂ ᠲᠡᠰ ᠬᠤᠪᠢᠶᠠᠨ ᠡᠮᠨᠡᠭᠦᠯᠬᠦ᠂ ᠬᠠᠷᠢᠯᠴᠠᠨ ᠰᠢᠯᠵᠢᠭᠦᠯᠦᠨ  ᠡᠮᠨᠡᠭᠦᠯᠬᠦ ᠡᠮᠨᠡᠯᠬᠡ  ᠶᠢᠨ ᠣᠶᠢᠯᠡᠴᠢᠯᠡᠬᠡᠨ  ᠤ ᠰᠢᠰᠲ᠋ᠧᠮᠵᠢ  ᠶᠢ ᠪᠠᠶᠢᠭᠤᠯᠣᠨ ᠲᠦᠭᠦᠷᠴᠢᠯᠡᠵᠣ᠂ ᠡᠪᠡᠳᠴᠢᠳᠡᠨ  ᠢ ᠵᠣᠬᠢᠰᠲᠠᠢ  ᠪᠠᠷ ᠭᠤᠯᠳᠣ  ᠪᠠᠷ ᠰᠢᠯᠵᠢᠭᠦᠯᠬᠦ ᠲᠣᠭᠳᠠᠴᠠ  ᠶᠢ ᠪᠠᠶᠢᠭᠤᠯᠵᠣ᠂ ᠠᠩᠬᠠᠨ  ᠤ ᠣᠨᠣᠰᠢᠯᠠᠯᠳᠠ  ᠶᠢ ᠦᠨᠳᠦᠰᠦᠨ ᠱᠠᠳᠣ᠂ ᠨᠡᠶᠢᠬᠡᠮ ᠲᠣᠭᠤᠷᠢᠭ ᠲᠤ ᠪᠠᠶᠢᠯᠭᠠᠵᠣ᠂ ᠪᠠᠭ᠎ᠠ ᠡᠪᠡᠳᠴᠢᠨ  ᠢ ᠰᠢᠶᠠᠩ ᠎ ᠠᠴᠠ ᠭᠠᠷᠭᠠᠬᠤ ᠦᠬᠡᠢ᠂ ᠶᠡᠭᠡ ᠡᠪᠡᠳᠴᠢᠨ  ᠢ ᠬᠤᠰᠢᠭᠤ  ᠠᠴᠠ ᠭᠠᠷᠭᠠᠬᠤ ᠦᠬᠡᠢ ᠪᠠᠶᠢᠬᠤ ᠡᠪᠡᠳᠴᠢᠨ ᠦᠵᠡᠭᠦᠯᠬᠦ ᠪᠠᠶᠢᠳᠠᠯ ᠢ ᠪᠦᠷᠢᠯᠳᠦᠭᠦᠯᠦᠨ᠎ᠡ᠃      5. ᠪᠦᠬᠦᠯᠢ ᠴᠣᠭᠴᠠ  ᠶᠢᠨ ᠦᠷ᠎ᠡ ᠠᠰᠢᠭ  ᠤᠨ ᠵᠠᠷᠴᠢᠮ᠃ ᠮᠠᠨ  ᠤ ᠬᠤᠳᠠ  ᠶᠢᠨ ᠡᠷᠡᠭᠦᠯ ᠬᠠᠮᠠᠭᠠᠯᠠᠯ ᠎ ᠤᠨ ᠬᠦᠭᠵᠢᠯᠳᠡ  ᠶᠢᠨ ᠶᠡᠷᠦᠩᠬᠡᠢ ᠲᠦᠯᠦᠪᠵᠢᠭᠦᠯᠬᠡ  ᠶᠢᠨ ᠱᠠᠭᠠᠷᠳᠠᠯᠭ᠎ᠠ ᠶᠣᠰᠣᠭᠠᠷ᠂ ᠡᠯ᠎ᠡ ᠱᠠᠳᠣᠨ ᠤ ᠡᠯ᠎ᠡ ᠲᠦᠷᠦᠯ ᠤᠨ ᠡᠮᠨᠡᠯᠬᠡ  ᠶᠢᠨ ᠪᠠᠶᠢᠭᠤᠯᠣᠮᠵᠢ ᠨᠤᠭᠤᠳ ᠬᠠᠷᠢᠯᠴᠠᠨ ᠵᠣᠬᠢᠴᠠᠯᠳᠣᠨ ᠡᠮᠬᠢ ᠲᠢᠭᠯᠢᠮ ᠲᠠᠢ ᠪᠠᠷ ᠦᠷᠢᠰᠦᠯᠳᠦᠬᠦ ᠡᠮᠨᠡᠯᠬᠡ ᠶᠢᠨ ᠣᠶᠢᠯᠡᠴᠢᠯᠡᠬᠡᠨ ᠤ ᠰᠢᠰᠲ᠋ᠧᠮᠵᠢ  ᠶᠢ ᠪᠠᠶᠢᠭᠤᠯᠵᠣ᠂ ᠡᠮᠨᠡᠯᠬᠡ  ᠶᠢᠨ ᠡᠬᠢ ᠪᠠᠶᠠᠯᠢᠭ  ᠢ ᠰᠢᠨᠵᠢᠯᠡᠬᠦ ᠣᠬᠠᠭᠠᠨᠴᠢ ᠵᠦᠢ ᠵᠣᠰᠬᠢᠲᠠᠢ  ᠪᠠᠷ ᠲᠣᠬᠢᠷᠠᠭᠤᠯᠵᠣ᠂ ᠡᠮᠨᠡᠯᠬᠡ  ᠶᠢᠨ ᠣᠶᠢᠯᠡᠴᠢᠯᠡᠬᠡᠨ  ᠤ ᠰᠢᠰᠲ᠋ᠧᠮᠵᠢ ᠎ ᠶᠢᠨ ᠪᠦᠬᠦᠯᠢ ᠴᠣᠭᠴᠠ ᠶᠢᠨ ᠴᠢᠳᠠᠮᠵᠢ ᠪᠠ ᠦᠷ᠎ᠡ ᠠᠰᠢᠭ  ᠢ ᠭᠦᠢᠴᠡᠳ ᠪᠠᠳᠠᠷᠠᠭᠤᠯᠣᠨ᠎ᠠ᠃      6. ᠲᠦᠷᠦᠯ ᠬᠤᠪᠢᠶᠠᠨ ᠬᠠᠮᠢᠶᠠᠷᠣᠯᠳᠠ ᠬᠢᠬᠦ ᠵᠠᠷᠴᠢᠮ᠃ ᠵᠠᠰᠠᠭ  ᠤᠨ ᠣᠷᠳᠣᠨ  ᠠᠴᠠ ᠠᠰᠢᠭ ᠬᠤᠨᠵᠢᠪᠣᠷᠢ ᠣᠯᠬᠤ ᠪᠣᠰᠣ ᠴᠢᠨᠠᠷᠲᠠᠢ ᠡᠮᠨᠡᠯᠬᠡ  ᠶᠢᠨ ᠪᠠᠶᠢᠭᠤᠯᠣᠮᠵᠢ ᠪᠠᠶᠢᠭᠤᠯᠬᠤ ᠪᠠᠷ ᠭᠤᠣᠯ ᠪᠣᠯᠭᠠᠬᠤ  ᠶᠢ ᠪᠠᠷᠢᠮᠳᠠᠯᠠᠵᠣ᠂ ᠡᠷᠡᠭᠦᠯ ᠬᠠᠮᠠᠭᠠᠯᠠᠯ  ᠤᠨ ᠠᠵᠢᠯ ᠣᠶᠢᠯᠡᠰ ᠤᠨ ᠨᠡᠶᠢᠳᠡ  ᠶᠢᠨ ᠠᠰᠠᠷᠠᠮᠵᠢ ᠶᠢᠨ ᠴᠢᠨᠠᠷ ᠢ ᠭᠦᠢᠴᠡᠳ ᠢᠯᠡᠷᠡᠭᠦᠯᠦᠨ᠎ᠡ᠃ ᠨᠡᠶᠢᠬᠡᠮ ᠤᠨ ᠬᠦᠷᠦᠩᠬᠡ ᠶᠢ ᠵᠣᠷᠢᠭᠵᠢᠭᠤᠯᠣᠨ ᠲᠠᠭᠠᠭᠤᠯᠣᠨ ᠡᠮ ᠡᠮᠨᠡᠯᠬᠡ ᠡᠷᠡᠭᠦᠯ ᠬᠠᠮᠠᠭᠠᠯᠠᠯ  ᠤᠨ ᠠᠵᠢᠯ ᠣᠶᠢᠯᠡᠰ  ᠢ ᠬᠦᠭᠵᠢᠭᠦᠯᠵᠣ᠂ ᠠᠯᠪᠠᠨ  ᠠᠴᠠ  ᠪᠠᠶᠢᠭᠤᠯᠣᠭᠰᠠᠨ ᠪᠣᠰᠣ ᠡᠮ ᠡᠮᠨᠡᠯᠬᠡ ᠡᠷᠡᠭᠦᠯ ᠬᠠᠮᠠᠭᠠᠯᠠᠯ  ᠤᠨ ᠪᠠᠶᠢᠭᠤᠯᠣᠮᠵᠢ  ᠶᠢᠨ ᠬᠦᠭᠵᠢᠯᠳᠡ  ᠶᠢ ᠠᠬᠢᠭᠤᠯᠵᠣ᠂ ᠪᠡᠯᠡ ᠣᠷᠣᠭᠤᠯᠣᠯᠳᠠ  ᠶᠢᠨ ᠭᠤᠣᠯ ᠴᠣᠭᠴᠠ ᠨᠢ ᠣᠯᠠᠨ ᠡᠰᠢᠵᠢᠭᠰᠡᠨ᠂ ᠪᠡᠯᠡ ᠣᠷᠣᠭᠤᠯᠣᠯᠳᠠ  ᠶᠢᠨ ᠬᠡᠯᠪᠡᠷᠢ ᠨᠢ ᠣᠯᠠᠨ ᠲᠦᠷᠦᠯᠵᠢᠭᠰᠡᠨ ᠡᠮᠨᠡᠯᠬᠡ  ᠪᠠᠶᠢᠭᠤᠯᠬᠤ ᠪᠠᠶᠢᠭᠤᠯᠣᠯ  ᠢ ᠪᠦᠷᠢᠯᠳᠦᠭᠦᠯᠦᠨ᠎ᠡ᠃      7. ᠮᠣᠩᠭᠤᠯ ᠬᠢᠳᠠᠳ ᠡᠸᠦ᠋ᠷᠦᠪᠠ ᠡᠮᠨᠡᠯᠬᠡ  ᠶᠢ ᠬᠠᠮᠳᠣᠪᠠᠷ ᠴᠢᠬᠤᠯᠠᠴᠢᠯᠠᠬᠤ ᠵᠠᠷᠴᠢᠮ᠃ ᠮᠣᠩᠭᠤᠯ ᠬᠢᠳᠠᠳ ᠡᠮ ᠡᠮᠨᠡᠯᠬᠡ  ᠶᠢᠨ ᠠᠵᠢᠯ ᠣᠶᠢᠯᠡᠰ  ᠢ ᠬᠠᠣᠯᠢ ᠶᠣᠰᠣᠭᠠᠷ ᠬᠠᠮᠠᠭᠠᠯᠠᠵᠣ᠂ ᠮᠣᠩᠭᠤᠯ ᠬᠢᠳᠠᠳ ᠡᠮᠨᠡᠯᠬᠡ  ᠶᠢᠨ ᠪᠠᠶᠢᠭᠤᠯᠣᠮᠵᠢ  ᠶᠢ ᠪᠠᠶᠢᠭᠤᠯᠣᠨ ᠬᠦᠭᠵᠢᠭᠦᠯᠬᠦ ᠠᠯᠬᠤᠴᠠ  ᠶᠢ ᠲᠦᠷᠬᠡᠳᠬᠡᠵᠣ᠂ ᠮᠣᠩᠭᠤᠯ ᠬᠢᠳᠠᠳ ᠡᠮᠨᠡᠯᠬᠡ  ᠶᠢᠨ ᠪᠠᠶᠢᠭᠤᠯᠣᠮᠵᠢ  ᠶᠢᠨ ᠵᠣᠰᠬᠢᠲᠠᠢ ᠪᠠᠶᠢᠷᠢᠯᠠᠭᠤᠯᠣᠯᠳᠠ ᠪᠠ ᠡᠬᠢ ᠪᠠᠶᠠᠯᠢᠭ  ᠤᠨ ᠲᠣᠬᠢᠷᠠᠭᠤᠯᠣᠯᠳᠠ  ᠶᠢ ᠪᠠᠳᠣᠯᠠᠨ᠎ᠠ᠃      8. ᠪᠦᠬᠦ ᠠᠵᠢᠯ ᠲᠦᠷᠦᠯ  ᠳᠤ ᠬᠠᠮᠢᠶᠠᠷᠣᠯᠳᠠ ᠬᠢᠬᠦ ᠵᠠᠷᠴᠢᠮ᠃ ᠦᠮᠴᠢᠯᠡᠯ  ᠤᠨ ᠵᠠᠭᠠᠭ ᠬᠢᠵᠠᠭᠠᠷ ᠪᠠ ᠵᠠᠰᠠᠭ ᠵᠠᠬᠢᠷᠭᠠᠨ  ᠤ ᠬᠠᠷᠢᠶᠠᠯᠠᠭᠳᠠᠬᠤ ᠬᠠᠷᠢᠴᠠᠭ᠎ᠠ  ᠶᠢ ᠡᠪᠳᠡᠵᠣ᠂ ᠲᠣᠰ ᠬᠠᠷᠢᠶ᠎ᠠ ᠣᠷᠣᠨ ᠤ ᠲᠣᠳᠣᠷᠠᠬᠢ ᠠᠯᠢᠪᠠ ᠡᠮᠨᠡᠯᠬᠡ  ᠶᠢᠨ ᠡᠬᠢ ᠪᠠᠶᠠᠯᠢᠭ  ᠢ ᠨᠢᠭᠡᠳᠣᠯᠲᠠᠢ  ᠪᠠᠷ ᠲᠦᠯᠦᠪᠵᠢᠭᠦᠯᠵᠣ᠂ ᠡᠯ᠎ᠡ ᠱᠠᠳᠣᠨ  ᠤ ᠡᠷᠡᠭᠦᠯ ᠬᠠᠮᠠᠭᠠᠯᠠᠯ ᠎ ᠤᠨ ᠵᠠᠰᠠᠭ ᠵᠠᠬᠢᠷᠭᠠᠨ  ᠤ ᠭᠤᠣᠯᠯᠠᠨ ᠬᠠᠮᠢᠶᠠᠷᠬᠤ ᠰᠠᠯᠠᠭ᠎ᠠ ᠮᠦᠴᠢᠷ  ᠤᠨ ᠬᠢᠨ ᠡᠯ᠎ᠡ ᠱᠠᠳᠣᠨ  ᠤ ᠡᠯ᠎ᠡ ᠲᠦᠷᠦᠯ ᠎ ᠤᠨ ᠡᠮᠨᠡᠯᠬᠡ  ᠶᠢᠨ ᠪᠠᠶᠢᠭᠤᠯᠣᠮᠵᠢ  ᠳᠤ ᠬᠠᠷᠢᠶ᠎ᠠ ᠣᠷᠣᠨᠴᠢᠯᠠᠭᠰᠠᠨ ᠪᠦᠬᠦ ᠠᠵᠢᠯ ᠲᠦᠷᠦᠯ  ᠳᠤ ᠬᠢᠨᠠᠯᠲᠠ ᠲᠠᠯᠪᠢᠨ ᠬᠠᠮᠢᠶᠠᠷᠣᠯᠳᠠ ᠬᠢᠬᠦ  ᠶᠢ ᠬᠡᠷᠡᠭᠵᠢᠭᠦᠯᠦᠨ᠎ᠡ᠃      ︵ᠭᠤᠷᠪᠠ︶ ᠶᠡᠷᠦᠩᠬᠡᠢ ᠬᠠᠷᠠᠯᠳᠠ      ᠲᠦᠯᠦᠪᠵᠢᠭᠦᠯᠬᠡ  ᠶᠢ ᠵᠣᠬᠢᠰᠲᠠᠢ ᠲᠣᠭᠳᠠᠭᠠᠬᠤ ᠪᠠ ᠪᠦᠲᠦᠮᠵᠢᠲᠠᠢ ᠬᠡᠷᠡᠭᠵᠢᠭᠦᠯᠬᠦ  ᠪᠠᠷ ᠲᠠᠮᠵᠢᠨ᠂ ᠮᠠᠨ ᠤ ᠬᠤᠳᠠ ᠶᠢᠨ ᠡᠮᠨᠡᠯᠬᠡ  ᠶᠢᠨ ᠣᠶᠢᠯᠡᠴᠢᠯᠡᠬᠡᠨ  ᠤ ᠰᠢᠰᠲ᠋ᠧᠮᠵᠢ  ᠶᠢᠨ ᠪᠠᠶᠢᠭᠤᠯᠣᠯᠳᠠ ᠪᠠ ᠬᠦᠭᠵᠢᠯᠳᠡ ᠶᠢ ᠠᠬᠢᠭᠤᠯᠣᠨ᠎ᠠ᠃ 2015 ᠣᠨ ᠬᠦᠷᠬᠦ  ᠳᠤ᠂ ᠪᠠᠶᠢᠷᠢᠯᠠᠭᠤᠯᠣᠯᠳᠠ ᠨᠢ ᠵᠣᠬᠢᠰᠲᠠᠢ᠂ ᠴᠢᠳᠠᠮᠵᠢ ᠨᠢ ᠪᠦᠷᠢᠨ ᠲᠦᠭᠦᠷ᠂ ᠣᠨᠴᠠᠯᠢᠭ  ᠢᠶᠠᠷ ᠲᠣᠪᠣᠶᠢᠮ᠎ᠠ᠂ ᠬᠠᠷᠢᠯᠴᠠᠨ ᠨᠦᠬᠦᠪᠦᠷᠢᠯᠡᠯᠴᠡᠭᠰᠡᠨ᠂ ᠵᠣᠰᠬᠢᠲᠠᠢ  ᠪᠠᠷ ᠦᠷᠢᠰᠦᠯᠳᠦᠭᠰᠡᠨ᠂ ᠠᠷᠠᠳ ᠲᠦᠮᠡᠨ  ᠤ ᠠᠳᠠᠯᠢ ᠪᠣᠰᠣ ᠲᠡᠰ ᠲᠠᠪᠬᠤᠷᠭ᠎ᠠ  ᠶᠢᠨ ᠡᠮᠨᠡᠯᠬᠡ  ᠶᠢᠨ ᠣᠶᠢᠯᠡᠴᠢᠯᠡᠬᠡᠨ  ᠤ ᠬᠡᠷᠡᠭᠴᠡᠭᠡ  ᠶᠢ ᠬᠠᠩᠭᠠᠵᠣ ᠲᠡᠶᠢᠯᠬᠦ ᠡᠮᠨᠡᠯᠬᠡ  ᠶᠢᠨ ᠣᠶᠢᠯᠡᠴᠢᠯᠡᠬᠡᠨ  ᠤ ᠰᠢᠰᠲ᠋ᠧᠮᠵᠢ  ᠶᠢ ᠠᠭᠠᠵᠢᠮ ᠢᠶᠠᠷ ᠪᠦᠷᠢᠯᠳᠦᠭᠦᠯᠵᠣ᠂ ᠮᠠᠨ ᠎ ᠤ ᠬᠤᠳᠠ  ᠶᠢ ᠦᠪᠦᠷ ᠮᠣᠩᠭᠤᠯ  ᠤᠨ ᠪᠠᠷᠠᠭᠤᠨ ᠬᠡᠰᠡᠭ ᠣᠷᠣᠨ ᠤ ᠨᠡᠯᠢᠶᠡᠳ ᠴᠢᠩᠭ᠎ᠠ ᠰᠠᠴᠣᠷᠠᠭᠤᠯᠬᠤ ᠴᠢᠳᠠᠪᠦᠷᠢ ᠲᠠᠢ ᠣᠷᠣᠨ ᠲᠣᠭᠤᠷᠢᠭ  ᠤᠨ ᠴᠢᠨᠠᠷᠲᠠᠢ ᠡᠮᠨᠡᠯᠬᠡ ᠶᠢᠨ ᠣᠶᠢᠯᠡᠴᠢᠯᠡᠬᠡᠨ  ᠤ ᠲᠦᠪ ᠪᠣᠯᠭᠠᠨ᠎ᠠ᠃      ᠬᠤᠶᠠᠷ᠂ ᠣᠳᠣᠬᠢ ᠪᠠᠶᠢᠳᠠᠯ  ᠤᠨ ᠵᠠᠳᠠᠯᠣᠯᠳᠠ ᠪᠠ ᠡᠮᠨᠡᠯᠬᠡ  ᠶᠢᠨ ᠣᠶᠢᠯᠡᠴᠢᠯᠡᠬᠡᠨ  ᠤ ᠬᠡᠷᠡᠭᠴᠡᠭᠡ      ︵ᠨᠢᠭᠡ︶ ᠡᠮᠨᠡᠯᠬᠡ  ᠶᠢᠨ ᠡᠬᠢ ᠪᠠᠶᠠᠯᠢᠭ  ᠤᠨ ᠣᠳᠣᠬᠢ ᠪᠠᠶᠢᠳᠠᠯ      1. ᠪᠠᠶᠢᠭᠤᠯᠣᠮᠵᠢ᠃ 2011 ᠣᠨ ᠬᠦᠷᠬᠦ  ᠳᠤ᠂ ᠪᠦᠬᠦ ᠬᠤᠳᠠ  ᠳᠤ ᠡᠯ᠎ᠡ ᠱᠠᠳᠣᠨ ᠤ ᠡᠯ᠎ᠡ ᠲᠦᠷᠦᠯ ᠎ ᠤᠨ ᠡᠮ ᠡᠮᠨᠡᠯᠬᠡ ᠡᠷᠡᠭᠦᠯ ᠬᠠᠮᠠᠭᠠᠯᠠᠯ  ᠤᠨ ᠪᠠᠶᠢᠭᠤᠯᠣᠮᠵᠢ ᠨᠡᠶᠢᠳᠡ 1747 ᠪᠠᠶᠢᠨ᠎ᠠ᠃ ᠡᠭᠦᠨ  ᠳᠤ ᠡᠮᠨᠡᠯᠬᠡ ᠎ ᠶᠢᠨ ᠬᠤᠷᠢᠶ᠎ᠠ 54  ᠂ ᠡᠮᠡᠭᠳᠡᠶᠢᠴᠣᠳ ᠨᠢᠯᠬᠠᠰ  ᠤᠨ ᠡᠷᠡᠭᠦᠯᠵᠢᠯ  ᠤᠨ ᠪᠠᠶᠢᠭᠤᠯᠣᠮᠵᠢ 9᠂ ᠡᠪᠡᠳᠴᠢᠨ ᠡᠮᠬᠡᠭ  ᠢ ᠡᠵᠡᠮᠰᠢᠬᠦ ᠲᠦᠪ 7᠂ ᠡᠷᠡᠭᠦᠯ ᠬᠠᠮᠠᠭᠠᠯᠠᠯ  ᠤᠨ ᠬᠢᠨᠠᠯᠲᠠ ᠲᠠᠯᠪᠢᠬᠤ ᠭᠠᠵᠠᠷ 9᠂ ᠰᠢᠶᠠᠩ ᠪᠠᠯᠭᠠᠰᠣᠨ  ᠤ ᠡᠷᠡᠭᠦᠯ ᠬᠠᠮᠠᠭᠠᠯᠠᠯ  ᠤᠨ ᠬᠤᠷᠢᠶ᠎ᠠ 105 ︵ ᠭᠤᠣᠯᠳᠠᠯᠭᠠᠳᠣ ᠡᠷᠡᠭᠦᠯ ᠬᠠᠮᠠᠭᠠᠯᠠᠯ  ᠤᠨ ᠬᠤᠷᠢᠶ᠎ᠠ 50᠂ ᠶᠡᠷᠦ  ᠶᠢᠨ ᠡᠷᠡᠭᠦᠯ ᠬᠠᠮᠠᠭᠠᠯᠠᠯ  ᠤᠨ ᠬᠤᠷᠢᠶ᠎ᠠ 55︶᠂ ᠨᠡᠶᠢᠬᠡᠮ ᠲᠣᠭᠤᠷᠢᠭ  ᠤᠨ ᠡᠷᠡᠭᠦᠯ ᠬᠠᠮᠠᠭᠠᠯᠠᠯ  ᠤᠨ ᠣᠶᠢᠯᠡᠴᠢᠯᠡᠬᠡᠨ ᠎ ᠤ ᠲᠦᠪ ︵ᠦᠷᠳᠡᠭᠡ︶ 77 ︵ᠡᠷᠡᠭᠦᠯ ᠬᠠᠮᠠᠭᠠᠯᠠᠯ  ᠤᠨ ᠣᠶᠢᠯᠡᠴᠢᠯᠡᠬᠡᠨ  ᠤ ᠲᠦᠪ 28︶᠂ ᠡᠮᠨᠡᠯᠬᠡ  ᠶᠢᠨ ᠭᠠᠵᠠᠷ᠂ ᠡᠷᠡᠭᠦᠯ ᠬᠠᠮᠠᠭᠠᠯᠠᠯ  ᠤᠨ ᠭᠠᠵᠠᠷ᠂ ᠡᠮᠨᠡᠯᠬᠡ  ᠶᠢᠨ ᠲᠠᠰᠤᠭ ᠵᠡᠷᠬᠡ 736᠂ ᠲᠣᠰᠬᠤᠨ  ᠤ ᠡᠷᠡᠭᠦᠯ ᠬᠠᠮᠠᠭᠠᠯᠠᠯ  ᠤᠨ ᠲᠠᠰᠤᠭ 745᠂ ᠪᠣᠰᠣᠳ ᠨᠢ 3 ᠪᠠᠶᠢᠨ᠎ᠠ᠃ ᠡᠮᠨᠡᠯᠬᠡ  ᠶᠢᠨ ᠬᠤᠷᠢᠶ᠎ᠠ ᠲᠣᠳᠣᠷ᠎ᠠ ᠠᠯᠪᠠᠨ  ᠠᠴᠠ ᠪᠠᠶᠢᠭᠤᠯᠣᠭᠰᠠᠨ ᠡᠮᠨᠡᠯᠬᠡ  ᠶᠢᠨ ᠬᠤᠷᠢᠶ᠎ᠠ 20᠂ ᠠᠷᠠᠳ  ᠤᠨ ᠡᠵᠡᠩᠨᠡᠯ  ᠤᠨ ᠡᠮᠨᠡᠯᠬᠡ  ᠶᠢᠨ ᠬᠤᠷᠢᠶ᠎ᠠ 34᠂ ᠬᠤᠷᠪᠠᠳᠣᠭᠠᠷ ᠵᠡᠷᠬᠡ ᠎ ᠎ ᠶᠢᠨ ᠡᠮᠨᠡᠯᠬᠡ  ᠶᠢᠨ ᠬᠤᠷᠢᠶ᠎ᠠ 3᠂ ᠬᠤᠶᠠᠳᠣᠭᠠᠷ ᠵᠡᠷᠬᠡ  ᠶᠢᠨ ᠡᠮᠨᠡᠯᠬᠡ  ᠶᠢᠨ ᠬᠤᠷᠢᠶ᠎ᠠ 13 ᠪᠠᠶᠢᠨ᠎ᠠ᠃      2. ᠣᠷᠣ᠃ 2011 ᠣᠨ  ᠤ ᠰᠡᠭᠦᠯᠴᠢ ᠬᠦᠷᠬᠦ  ᠳᠤ᠂ ᠪᠦᠬᠦ ᠬᠤᠳᠠ  ᠎ ᠳᠤ ᠡᠮᠨᠡᠯᠬᠡ ᠶᠢᠨ ᠣᠷᠣ ᠨᠡᠶᠢᠳᠡ 7191 ᠪᠠᠶᠢᠨ᠎ᠠ᠃ ᠪᠦᠬᠦ ᠬᠤᠳᠠ  ᠶᠢᠨ  ᠮᠢᠩᠭᠠᠨ ᠬᠦᠮᠦᠨ ᠪᠣᠯᠭᠠᠨ 3.6 ᠡᠪᠡᠳᠴᠢᠳᠡᠨ  ᠤ ᠣᠷᠣ ᠲᠠᠢ ᠃ ᠮᠢᠩᠭᠠᠨ ᠬᠦᠮᠦᠨ ᠪᠣᠯᠭᠠᠨ ᠡᠮᠨᠡᠯᠬᠡ  ᠶᠢᠨ  ᠪᠠᠶᠢᠭᠤᠯᠣᠮᠵᠢ  ᠶᠢᠨ ᠣᠷᠣ  ᠶᠢᠨ ᠲᠤᠭ᠎ᠠ 4.2 ᠪᠠᠶᠢᠬᠤ  ᠪᠠᠷ ᠪᠣᠳᠣᠪᠠᠯ᠂ ᠮᠠᠨ  ᠤ ᠬᠤᠳᠠ  ᠶᠢᠨ ᠡᠮᠨᠡᠯᠬᠡ  ᠶᠢᠨ ᠪᠠᠶᠢᠭᠤᠯᠣᠮᠵᠢ  ᠶᠢᠨ ᠣᠷᠣ  ᠶᠢᠨ ᠲᠤᠭ᠎ᠠ 8397 ᠪᠠᠶᠢᠪᠠᠯ ᠵᠣᠬᠢᠨ᠎ᠠ᠃      3. ᠠᠵᠢᠯᠳᠠᠨ᠃ 2011 ᠣᠨ  ᠤ ᠰᠡᠭᠦᠯᠴᠢ ᠬᠦᠷᠬᠦ  ᠳᠤ᠂ ᠮᠠᠨ  ᠤ ᠬᠤᠳᠠ  ᠶᠢᠨ ᠡᠷᠡᠭᠦᠯ ᠬᠠᠮᠠᠭᠠᠯᠠᠯ ᠎ ᠤᠨ ᠮᠡᠷᠭᠡᠵᠢᠯ  ᠤᠨ ᠠᠵᠢᠯᠳᠠᠨ 12513 ᠪᠠᠶᠢᠨ᠎ᠠ᠃ ᠡᠭᠦᠨ  ᠳᠤ ᠠᠵᠢᠯ ᠡᠷᠬᠢᠯᠡᠬᠦ ᠡᠮᠴᠢ ︵ᠲᠣᠰᠠᠯᠠᠭᠴᠢ︶ 4018 ᠬᠦᠮᠦᠨ᠂ ᠮᠢᠩᠭᠠᠨ ᠬᠦᠮᠦᠨ ᠪᠣᠯᠭᠠᠨ  ᠳᠤ ᠠᠵᠢᠯ ᠡᠷᠬᠢᠯᠡᠬᠦ ᠡᠮᠴᠢ ︵ᠲᠣᠰᠠᠯᠠᠭᠴᠢ︶ 2.01 ᠬᠦᠮᠦᠨ ︵ᠪᠦᠬᠦ ᠣᠷᠣᠨ  ᠳᠤ 2.23 ᠬᠦᠮᠦᠨ︶ ᠪᠠᠶᠢᠨ᠎ᠠ︔ ᠲᠠᠩᠰᠠᠯᠠᠭᠤᠯᠣᠭᠰᠠᠨ ᠰᠣᠪᠢᠯᠠᠭᠴᠢ 2092 ᠬᠦᠮᠦᠨ ᠪᠠᠶᠢᠵᠣ᠂ ᠮᠢᠩᠭᠠᠨ ᠬᠦᠮᠦᠨ ᠪᠣᠯᠭᠠᠨ  ᠳᠤ  ᠲᠠᠩᠰᠠᠯᠠᠭᠤᠯᠣᠭᠰᠠᠨ ᠰᠣᠪᠢᠯᠠᠭᠴᠢ 1.45 ᠬᠦᠮᠦᠨ ︵ᠪᠦᠬᠦ ᠣᠷᠣᠨ  ᠳᠤ 1.56 ᠬᠦᠮᠦᠨ᠂ ᠪᠦᠬᠦ ᠣᠯᠣᠰ  ᠲᠤ 1.52 ᠬᠦᠮᠦᠨ︶ ᠪᠠᠶᠢᠨ᠎ᠠ᠃ ᠡᠮᠴᠢ ᠪᠠ ᠰᠣᠪᠢᠯᠠᠭᠴᠢ  ᠶᠢᠨ ᠬᠠᠷᠢᠴᠠᠯ ᠨᠢ 1:0.65 ︵ᠦᠪᠡᠷᠳᠡᠬᠡᠨ ᠵᠠᠰᠠᠬᠤ ᠣᠷᠣᠨ 1: 0.7᠂ ᠣᠯᠣᠰ 1:0.9︶᠂ ᠰᠣᠪᠢᠯᠠᠭᠴᠢ  ᠶᠢᠨ ᠬᠠᠷᠢᠴᠠᠯ ᠨᠡᠯᠢᠶᠡᠳ ᠲᠣᠣᠷ᠎ᠠ ᠪᠠᠶᠢᠨ᠎ᠠ᠃      2011 ᠣᠨ  ᠳᠤ᠂ ᠪᠦᠬᠦ ᠬᠤᠳᠠ  ᠶᠢᠨ ᠡᠮ ᠡᠮᠨᠡᠯᠬᠡ ᠡᠷᠡᠭᠦᠯ ᠬᠠᠮᠠᠭᠠᠯᠠᠯ  ᠤᠨ ᠡᠩᠨᠡᠭᠡ ᠲᠣᠮᠳᠠ ᠶᠡᠭᠡ ᠰᠣᠷᠭᠠᠭᠤᠯᠢ  ᠶᠢᠨ ᠵᠢᠩᠬᠢᠨᠢ ᠠᠩᠬᠢ  ᠠᠴᠠ ᠲᠡᠭᠡᠭᠰᠢ ᠰᠣᠷᠣᠯᠭ᠎ᠠ  ᠶᠢᠨ ᠨᠠᠮᠳᠠᠷ ᠲᠠᠢ ᠨᠢ 32.04%᠂ ᠲᠡᠬᠡᠳᠣ ᠵᠡᠷᠬᠡ  ᠶᠢᠨ ᠲᠣᠰᠬᠠᠢ ᠮᠡᠷᠭᠡᠵᠢᠯ  ᠤᠨ ᠰᠣᠷᠭᠠᠭᠤᠯᠢ ᠶᠢᠨ ᠰᠣᠷᠣᠯᠭ᠎ᠠ  ᠶᠢᠨ ᠨᠠᠮᠳᠠᠷ ᠲᠠᠢ ᠨᠢ 41.75%᠂ ᠠᠰᠫᠢᠷᠠᠨᠲ  ᠤᠨ ᠰᠣᠷᠣᠯᠭ᠎ᠠ  ᠶᠢᠨ ᠨᠠᠮᠳᠠᠷ ᠲᠠᠢ  ᠎ ᠨᠢ 2.47% ︵ᠪᠦᠬᠦ ᠣᠷᠣᠨ 2.08%᠂ ᠪᠦᠬᠦ ᠣᠯᠣᠰ 4.5%︶ ᠎ ᠶᠢ ᠡᠵᠡᠯᠡᠵᠣ ᠪᠠᠶᠢᠨ᠎ᠠ᠃ ᠪᠦᠬᠦ ᠬᠤᠳᠠ  ᠶᠢᠨ ᠠᠵᠢᠯ ᠡᠷᠬᠢᠯᠡᠬᠦ ᠡᠮᠴᠢ ᠲᠣᠮᠳᠠ ᠠᠰᠫᠢᠷᠠᠨᠲ  ᠤᠨ ᠰᠣᠷᠣᠯᠭ᠎ᠠ ᠶᠢᠨ ᠨᠠᠮᠳᠠᠷ ᠲᠠᠢ  ᠎ ᠨᠢ 3.29% ︵ᠪᠦᠬᠦ ᠣᠷᠣᠨ 4.94%᠂ ᠪᠦᠬᠦ ᠣᠯᠣᠰ 11.6%︶ ᠎ ᠶᠢ ᠡᠵᠡᠯᠡᠵᠣ ᠪᠠᠶᠢᠨ᠎ᠠ᠃ ᠮᠠᠨ  ᠤ ᠬᠤᠳᠠ  ᠶᠢᠨ ᠡᠮᠨᠡᠯᠬᠡ ᠡᠷᠡᠭᠦᠯ ᠬᠠᠮᠠᠭᠠᠯᠠᠯ  ᠤᠨ ᠡᠩᠨᠡᠭᠡ  ᠶᠢᠨ ᠰᠣᠷᠣᠯᠭ᠎ᠠ ᠶᠢᠨ ᠨᠠᠮᠳᠠᠷ  ᠤᠨ ᠬᠢᠷᠢ ᠲᠦᠪᠰᠢᠨ ᠨᠡᠯᠢᠶᠡᠳ ᠲᠣᠣᠷ᠎ᠠ ᠪᠠᠶᠢᠵᠣ᠂ ᠦᠨᠳᠦᠷ ᠰᠣᠷᠣᠯᠭ᠎ᠠ ᠶᠢᠨ ᠨᠠᠮᠳᠠᠷ ᠲᠠᠢ ᠴᠢᠳᠠᠪᠦᠷᠢᠳᠠᠨ ᠲᠣᠳᠠᠮᠠᠭ ᠪᠠᠶᠢᠨ᠎ᠠ᠃      ᠪᠦᠬᠦ ᠬᠤᠳᠠ  ᠶᠢᠨ ᠡᠮ ᠡᠮᠨᠡᠯᠬᠡ ᠡᠷᠡᠭᠦᠯ ᠬᠠᠮᠠᠭᠠᠯᠠᠯ  ᠤᠨ ᠡᠩᠨᠡᠭᠡ ᠲᠣᠮᠳᠠ ᠲᠡᠭᠡᠳᠣ ᠵᠡᠷᠬᠡ  ᠶᠢᠨ ᠲᠣᠰᠬᠠᠢ ᠮᠡᠷᠭᠡᠵᠢᠯ  ᠤᠨ ᠬᠢᠷᠢ ᠬᠡᠮ ᠲᠠᠢ ᠨᠢ 3.02% ︵ᠪᠦᠬᠦ ᠣᠷᠣᠨ 10.73%︶ ᠎ ᠢ ᠡᠵᠡᠯᠡᠵᠣ᠂ ᠡᠭᠦᠨ ᠎ ᠳᠤ ᠡᠷᠡᠭᠦᠯ ᠬᠠᠮᠠᠭᠠᠯᠠᠯ  ᠤᠨ ᠮᠡᠷᠭᠡᠵᠢᠯ  ᠤᠨ ᠠᠵᠢᠯᠳᠠᠨ ᠤ ᠲᠣᠮᠳᠠ  3.12 % ︵ᠪᠦᠬᠦ ᠣᠷᠣᠨ 13.08 %᠂  ᠪᠦᠬᠦ ᠣᠯᠣᠰ 10.5 %︶᠂ ᠠᠵᠢᠯ ᠡᠷᠬᠢᠯᠡᠬᠦ ᠡᠮᠴᠢ ᠲᠣᠮᠳᠠ 8.01% ︵ᠪᠦᠬᠦ ᠣᠷᠣᠨ 28.94% ᠂  ᠪᠦᠬᠦ ᠣᠯᠣᠰ 25%︶᠎ ᠶᠢ ᠡᠵᠡᠯᠡᠵᠣ᠂ ᠪᠦᠬᠦ ᠣᠷᠣᠨ᠂ ᠪᠦᠬᠦ ᠣᠯᠣᠰ  ᠤᠨ ᠬᠢᠷᠢ ᠲᠦᠪᠰᠢᠨ  ᠠᠴᠠ ᠴᠦᠮ ᠲᠣᠣᠷ᠎ᠠ ᠪᠠᠶᠢᠨ᠎ᠠ᠃      4. ᠡᠷᠡᠭᠦᠯ ᠬᠠᠮᠠᠭᠠᠯᠠᠯ  ᠤᠨ ᠲᠣᠨᠤᠭ ᠲᠦᠭᠦᠭᠡᠷᠣᠮᠵᠢ᠃ 2011 ᠣᠨ  ᠳᠤ᠂ ᠪᠦᠬᠦ ᠬᠤᠳᠠ  ᠶᠢᠨ ᠬᠤᠶᠠᠳᠣᠭᠠᠷ ᠵᠡᠷᠬᠡ ᠠᠴᠠ ᠲᠡᠭᠡᠭᠰᠢᠬᠢ ᠠᠯᠪᠠᠨ  ᠠᠴᠠ ᠪᠠᠶᠢᠭᠤᠯᠣᠭᠰᠠᠨ ᠡᠮᠨᠡᠯᠬᠡ ᠶᠢᠨ ᠬᠤᠷᠢᠶ᠎ᠠ  ᠳᠤ ᠦᠷᠳᠡᠭ ᠨᠢ ᠲᠦᠮᠡᠨ ᠲᠦᠭᠦᠷᠢᠭ  ᠢ ᠲᠠᠪᠠᠭᠰᠠᠨ ᠲᠣᠨᠤᠭ ᠲᠦᠭᠦᠭᠡᠷᠣᠮᠵᠢ 3032 ᠰᠠᠣᠷᠢ ᠪᠠᠶᠢᠵᠣ᠂ ᠶᠡᠷᠦᠩᠬᠡᠢ ᠦᠷᠳᠡᠭ ᠨᠢ 47158 ᠲᠦᠮᠡᠨ ᠲᠦᠭᠦᠷᠢᠭ ᠪᠣᠯᠣᠨ᠎ᠠ᠃ ᠪᠦᠬᠦ ᠬᠤᠳᠠ  ᠳᠤ ᠬᠦᠬᠡ  ᠲᠦᠷᠦᠯ  ᠤᠨ ᠲᠣᠮᠣ ᠬᠡᠯᠪᠡᠷᠢ  ᠶᠢᠨ ᠡᠮᠨᠡᠯᠬᠡ ᠶᠢᠨ ᠬᠡᠷᠡᠭᠯᠡᠬᠡᠨ  ᠤ ᠲᠣᠨᠤᠭ ᠲᠦᠭᠦᠭᠡᠷᠣᠮᠵᠢ᠂ ᠵᠢᠱᠢᠶᠡᠯᠡᠪᠡᠯ x ᠰᠠᠴᠣᠷᠠᠭ ᠤᠨ ᠪᠡᠶᠡᠳᠣ ᠴᠢᠭᠯᠡᠯ  ᠤᠨ ᠰᠠᠴᠣᠷᠠᠭ ᠡᠮᠴᠢᠯᠡᠭᠡ ᠶᠢᠨ ᠰᠢᠰᠲ᠋ᠧᠮ᠂ x ᠰᠠᠴᠣᠷᠠᠭ ᠤᠨ ᠠᠷᠭ᠎ᠠ ᠡᠯᠧᠺᠲᠷᠣᠨ ᠰᠠᠴᠣᠷᠠᠭᠤᠯᠬᠤ ᠺᠣᠮᠫᠢᠣᠲ᠋ᠧᠷ᠂ ᠣᠭᠳᠣᠯᠣᠭᠠᠰᠣ ᠰᠢᠷᠪᠢᠭᠦᠷ ︵PET — CT︶᠂ ᠭᠠᠮᠮᠠ ᠰᠠᠴᠣᠷᠠᠭ  ᠤᠨ ᠪᠡᠶᠡᠳᠣ ᠣᠷᠣᠨ ᠲᠣᠭᠳᠠᠭᠠᠨ ᠡᠮᠨᠡᠬᠦ ᠰᠢᠰᠲ᠋ᠧᠮ ︵y ᠬᠢᠳᠤᠭ᠎ᠠ︶ ᠪᠠᠶᠢᠬᠤ ᠦᠬᠡᠢ᠃ ᠬᠦᠬᠡᠭᠴᠢᠨ ᠲᠦᠷᠦᠯ  ᠤᠨ ᠡᠮᠨᠡᠯᠬᠡ  ᠶᠢᠨ ᠬᠡᠷᠡᠭᠯᠡᠬᠡᠨ  ᠤ ᠲᠣᠨᠤᠭ ᠲᠦᠭᠦᠭᠡᠷᠣᠮᠵᠢ ᠨᠡᠯᠢᠶᠡᠳ ᠲᠣᠳᠠᠮᠠᠭ ᠪᠠᠶᠢᠵᠣ᠂ 800 ᠮᠢᠯᠢ ᠠᠮᠫᠧᠷ  ᠠᠴᠠ ᠲᠡᠭᠡᠭᠰᠢᠬᠢ ᠲᠣᠭᠠᠳᠣ ᠰᠡᠭᠦᠳᠡᠷ ᠬᠠᠰᠣᠬᠤ ᠴᠢᠰᠣᠨ ᠰᠣᠳᠠᠯ ᠤᠨ ᠰᠡᠭᠦᠳᠡᠷᠯᠡᠯ ᠤᠨ x ᠰᠠᠴᠣᠷᠠᠭ  ᠤᠨ ᠮᠠᠰᠢᠨ ᠵᠦᠪᠬᠡᠨ 6 ᠰᠠᠣᠷᠢ ᠪᠠᠶᠢᠵᠣ᠂ x ᠰᠠᠴᠣᠷᠠᠭ ᠤᠨ ᠡᠯᠧᠺᠲᠷᠣᠨ ᠺᠣᠮᠫᠢᠣᠲ᠋ᠧᠷ  ᠤᠨ ᠣᠭᠳᠣᠯᠣᠭᠠᠰᠣ ᠰᠢᠷᠪᠢᠭᠦᠷ 38 ᠰᠠᠣᠷᠢ᠂ ᠡᠮᠨᠡᠯᠬᠡ ᠎ ᠶᠢᠨ ᠬᠡᠷᠡᠭᠯᠡᠬᠡᠨ ᠤ ᠰᠣᠷᠢᠨᠵᠢᠨ ᠲᠡᠷᠪᠢᠯᠳᠡ  ᠶᠢᠨ ᠲᠦᠷᠰᠦ ᠪᠦᠲᠦᠭᠡᠭᠦ ᠲᠣᠨᠤᠭ ᠲᠦᠭᠦᠭᠡᠷᠣᠮᠵᠢ 6 ᠰᠠᠣᠷᠢ᠂ ᠡᠮᠨᠡᠯᠬᠡ ᠶᠢᠨ ᠬᠡᠷᠡᠭᠯᠡᠬᠡᠨ  ᠤ ᠰᠢᠯᠣᠭᠤᠨ ᠱᠣᠭᠤᠮ  ᠤᠨ ᠬᠤᠷᠳᠣᠳᠬᠠᠭᠤᠷ 6 ᠰᠠᠣᠷᠢ ᠪᠠᠶᠢᠨ᠎ᠠ᠃      5. ᠬᠡᠷ ᠪᠠᠶᠢᠰᠢᠩ  ᠤᠨ ᠪᠠᠷᠢᠯᠭ᠎ᠠ  ᠶᠢᠨ ᠲᠠᠯᠠᠪᠠᠢ᠃ 2011 ᠣᠨ  ᠤ ᠪᠦᠬᠦ ᠬᠤᠳᠠ ᠶᠢᠨ ᠡᠮᠨᠡᠯᠬᠡ  ᠶᠢᠨ ᠪᠠᠶᠢᠭᠤᠯᠣᠮᠵᠢ  ᠶᠢᠨ ᠪᠠᠷᠢᠯᠭ᠎ᠠ  ᠶᠢᠨ ᠲᠠᠯᠠᠪᠠᠢ ᠨᠢ 68.808 ᠲᠦᠮᠡᠨ ᠲᠡᠭᠰᠢ ᠲᠦᠷᠪᠡᠯᠵᠢᠨ ᠮᠧᠲᠷ  ᠲᠤ ᠬᠦᠷᠴᠣ ᠂ ᠲᠣᠬᠠᠶᠢᠯᠠᠭᠰᠠᠨ ᠠᠵᠢᠯ  ᠤᠨ ᠬᠡᠷᠡᠭᠯᠡᠬᠡᠨ  ᠤ ᠬᠡᠷ ᠪᠠᠶᠢᠰᠢᠩ 51.3962 ᠲᠦᠮᠡᠨ ᠲᠡᠭᠰᠢ ᠲᠦᠷᠪᠡᠯᠵᠢᠨ ᠮᠧᠲᠷ ᠪᠠᠶᠢᠵᠣ᠂ ᠲᠣᠬᠠᠶᠢᠯᠠᠭᠰᠠᠨ ᠠᠵᠢᠯ ᠤᠨ ᠬᠡᠷᠡᠭᠯᠡᠬᠡᠨ  ᠤ ᠬᠡᠷ ᠪᠠᠶᠢᠰᠢᠩ  ᠤᠨ ᠪᠠᠷᠢᠯᠭ᠎ᠠ  ᠶᠢᠨ ᠲᠠᠯᠠᠪᠠᠢ ᠨᠢ 74.7%᠎ ᠶᠢ ᠡᠵᠡᠯᠡᠵᠣ ᠪᠠᠶᠢᠨ᠎ᠠ᠃ ᠡᠭᠦᠨ  ᠳᠤ᠂ ᠵᠠᠰᠠᠭ ᠤᠨ ᠣᠷᠳᠣᠨ  ᠠᠴᠠ ᠪᠠᠶᠢᠭᠤᠯᠣᠭᠰᠠᠨ ᠡᠮᠨᠡᠯᠬᠡ  ᠶᠢᠨ ᠪᠠᠶᠢᠭᠤᠯᠣᠮᠵᠢ ᠶᠢᠨ ᠬᠡᠷᠡᠭᠯᠡᠬᠦ ᠬᠡᠷ ᠪᠠᠶᠢᠰᠢᠩ ᠨᠢ 55.2882 ᠲᠦᠮᠡᠨ ᠲᠡᠭᠰᠢ ᠲᠦᠷᠪᠡᠯᠵᠢᠨ ᠮᠧᠲᠷ ᠪᠠᠶᠢᠵᠣ᠂ ᠪᠦᠬᠦ ᠬᠤᠳᠠ  ᠶᠢᠨ ᠡᠮᠨᠡᠯᠬᠡ  ᠶᠢᠨ ᠪᠠᠶᠢᠭᠤᠯᠣᠮᠵᠢ  ᠶᠢᠨ ᠪᠠᠷᠢᠯᠭ᠎ᠠ  ᠶᠢᠨ ᠲᠠᠯᠠᠪᠠᠢ  ᠶᠢᠨ 80.35% ᠎ ᠶᠢ ᠡᠵᠡᠯᠡᠨ᠎ᠡ᠃      ︵ᠬᠤᠶᠠᠷ  ︶ ᠰᠠᠭᠤᠭᠠᠯᠢ ᠠᠷᠠᠳ  ᠤᠨ ᠡᠷᠡᠭᠦᠯ ᠮᠡᠨᠳᠣ  ᠶᠢᠨ ᠬᠢᠷᠢ ᠲᠦᠪᠰᠢᠨ      1. ᠮᠠᠨ  ᠤ ᠬᠤᠳᠠ  ᠶᠢᠨ ᠰᠠᠭᠤᠭᠠᠯᠢ ᠠᠷᠠᠳ  ᠤᠨ  ᠡᠪᠡᠳᠴᠢᠨ  ᠢᠶᠠᠷ ᠰᠢᠷᠬᠠᠳᠣᠵᠣ ᠦᠭᠦᠭᠰᠡᠨ ᠰᠢᠯᠳᠠᠭᠠᠨ  ᠢ ᠪᠦᠷᠢᠯᠳᠦᠭᠦᠯᠦᠭᠰᠡᠨ ᠡᠮᠦᠨ᠎ᠡ 5 ᠎ ᠳᠤ ᠵᠢᠭᠰᠠᠭᠠᠭᠳᠠᠵᠣ ᠪᠠᠶᠢᠭ᠎ᠠ ᠡᠪᠡᠳᠴᠢᠨ ᠡᠮᠬᠡᠭ ᠪᠣᠯ ᠲᠣᠰᠪᠣᠷᠢ  ᠵᠢᠷᠦᠬᠡᠨ ᠡᠪᠡᠳᠴᠢᠨ᠂ ᠲᠠᠷᠢᠬᠢᠨ ᠴᠢᠰᠣᠨ ᠰᠣᠳᠠᠯ  ᠤᠨ ᠡᠪᠡᠳᠴᠢᠨ᠂ ᠬᠤᠣᠷᠳᠣ ᠬᠠᠪᠣᠳᠠᠷ᠂ ᠰᠠᠨᠠᠭᠠᠨ  ᠳᠤ ᠦᠬᠡᠢ ᠬᠡᠮᠳᠣᠯ ᠪᠠ ᠠᠮᠢᠰᠬᠤᠯ  ᠤᠨ ᠰᠢᠰᠲ᠋ᠧᠮ ᠤᠨ ᠡᠪᠡᠳᠴᠢᠨ ᠡᠮᠬᠡᠭ ᠪᠣᠯᠣᠨ᠎ᠠ᠃ ᠡᠨᠡ 5 ᠲᠦᠷᠦᠯ  ᠤᠨ ᠡᠪᠡᠳᠴᠢᠨ ᠡᠮᠬᠡᠭ  ᠠᠴᠠ ᠪᠣᠯᠵᠣ ᠦᠭᠦᠭᠰᠡᠨ ᠬᠦᠮᠦᠨ  ᠤ ᠲᠤᠭ᠎ᠠ ᠨᠢ ᠪᠦᠬᠦ ᠦᠭᠦᠭᠰᠡᠨ ᠬᠦᠮᠦᠨ  ᠤ ᠲᠤᠭ᠎ᠠ  ᠶᠢᠨ 90.73%᠎ ᠶᠢ ᠡᠵᠡᠯᠡᠵᠣ᠂ ᠮᠠᠨ  ᠤ ᠬᠤᠳᠠ  ᠶᠢᠨ ᠰᠠᠭᠤᠭᠠᠯᠢ ᠠᠷᠠᠳ  ᠤᠨ ᠡᠷᠡᠭᠦᠯ ᠮᠡᠨᠳᠣ  ᠶᠢ ᠨᠦᠯᠦᠭᠡᠯᠡᠵᠣ ᠪᠠᠶᠢᠭ᠎ᠠ ᠭᠤᠣᠯ ᠡᠪᠡᠳᠴᠢᠨ ᠡᠮᠬᠡᠭ ᠪᠣᠯᠣᠨ᠎ᠠ᠃      2.ᠣᠵᠢᠭ ᠡᠪᠡᠳᠴᠢᠨ  ᠤ ᠡᠪᠡᠳᠴᠢᠯᠡᠬᠦ ᠨᠣᠷᠮ᠎ᠠ  ᠪᠠᠷ ᠦᠨᠳᠦᠷ ᠪᠠᠶᠢᠭ᠎ᠠ 5 ᠡᠪᠡᠳᠴᠢᠨ ᠡᠮᠬᠡᠭ ᠪᠣᠯ ᠲᠣᠰᠪᠣᠷᠢ ᠴᠢᠰᠣᠨ ᠲᠠᠷᠣᠯᠳᠠ ᠦᠨᠳᠦᠷ ᠡᠪᠡᠳᠴᠢᠨ ︵71.70% ᠎ ᠶᠢ ᠡᠵᠡᠯᠡᠨ᠎ᠡ︶᠂ ᠰᠢᠬᠢᠷ ᠰᠢᠵᠢᠩ ᠡᠪᠡᠳᠴᠢᠨ ︵14.0% ᠎ ᠶᠢ ᠡᠵᠡᠯᠡᠨ᠎ᠡ︶᠂ ᠵᠢᠷᠦᠬᠡᠨ ᠲᠢᠳᠢᠮ ᠤᠨ ᠡᠪᠡᠳᠴᠢᠨ ︵7.85% ᠎ ᠶᠢ ᠡᠵᠡᠯᠡᠨ᠎ᠡ︶᠂ ᠲᠠᠷᠢᠬᠢᠨ  ᠳᠤ ᠴᠢᠰᠣ ᠬᠠᠷᠪᠣᠬᠤ ︵4.22%᠎ ᠶᠢ ᠡᠵᠡᠯᠡᠨ᠎ᠡ︶ ᠪᠠ ᠬᠤᠣᠷᠳᠣ ᠬᠠᠪᠣᠳᠠᠷ ︵1.2% ᠎ ᠶᠢ ᠡᠵᠡᠯᠡᠨ᠎ᠡ︶ ᠪᠣᠯᠣᠨ᠎ᠠ᠃      3. 2011 ᠣᠨ  ᠳᠤ᠂ ᠪᠦᠬᠦ ᠬᠤᠳᠠ  ᠶᠢᠨ ᠰᠢᠨ᠎ᠡ  ᠪᠠᠷ ᠲᠦᠷᠦᠭᠰᠡᠨ ᠬᠡᠣᠬᠡᠳ  ᠤᠨ ᠦᠬᠦᠯ  ᠤᠨ ᠨᠣᠷᠮ᠎ᠠ ᠨᠢ 0.86% ︵ᠦᠪᠡᠷᠳᠡᠬᠡᠨ ᠵᠠᠰᠠᠬᠤ ᠣᠷᠣᠨ 1.02%᠂ ᠪᠦᠬᠦ ᠣᠯᠣᠰ 0. 83%︶ ᠪᠠᠶᠢᠵᠣ᠂ ᠨᠢᠯᠬ᠎ᠠ ᠬᠡᠣᠬᠡᠳ  ᠤᠨ  ᠦᠬᠦᠯ  ᠤᠨ ᠨᠣᠷᠮ᠎ᠠ ᠨᠢ 1.09% ︵ᠦᠪᠡᠷᠳᠡᠬᠡᠨ ᠵᠠᠰᠠᠬᠤ ᠣᠷᠣᠨ 1.23%᠂ ᠪᠦᠬᠦ ᠣᠯᠣᠰ 1.31%︶ ᠪᠠᠶᠢᠵᠣ᠂ 5 ᠨᠠᠰᠣ ᠠᠴᠠ ᠲᠣᠭᠤᠭᠰᠢᠬᠢ ᠬᠡᠣᠬᠡᠳ  ᠤᠨ ᠦᠬᠦᠯ  ᠤᠨ ᠨᠣᠷᠮ᠎ᠠ ᠨᠢ 1.23% ︵ᠦᠪᠡᠷᠳᠡᠬᠡᠨ ᠵᠠᠰᠠᠬᠤ ᠣᠷᠣᠨ 1.491%᠂ ᠪᠦᠬᠦ ᠣᠯᠣᠰ 1.64%︶ ᠪᠠᠶᠢᠵᠣ᠂ ᠵᠢᠷᠮᠣᠰᠣᠯᠠᠵᠣ ᠬᠦᠩᠬᠡᠵᠢᠬᠦ  ᠡᠮᠡᠭᠳᠡᠢ ᠶᠢᠨ ᠦᠬᠦᠯ  ᠤᠨ ᠨᠣᠷᠮ᠎ᠠ ᠨᠢ 33.3 / 100000 ︵ᠦᠪᠡᠷᠳᠡᠬᠡᠨ ᠵᠠᠰᠠᠬᠤ ᠣᠷᠣᠨ 35.25 / 100000᠂ ᠪᠦᠬᠦ ᠣᠯᠣᠰ 30 / 100000︶ ᠪᠠᠶᠢᠨ᠎ᠠ᠃      4. ᠬᠠᠯᠳᠠᠪᠦᠷᠢᠳᠣ ᠡᠪᠡᠳᠴᠢᠨ  ᠤ ᠡᠪᠡᠳᠴᠢᠯᠡᠬᠦ ᠪᠠᠶᠢᠳᠠᠯ᠄ 2011 ᠣᠨ  ᠳᠤ᠂ ᠪᠦᠬᠦ ᠵᠢᠯ  ᠤᠨ ᠮᠡᠳᠡᠭᠦᠯᠦᠭᠰᠡᠨ ᠬᠠᠯᠳᠠᠪᠦᠷᠢᠳᠣ ᠡᠪᠡᠳᠴᠢᠨ 20 ᠵᠣᠶᠢᠯ ᠪᠠᠶᠢᠵᠣ᠂ ᠡᠪᠡᠳᠴᠢᠯᠡᠭᠰᠡᠨ ᠶᠡᠷᠦᠩᠬᠡᠢ ᠲᠤᠭ᠎ᠠ ᠨᠢ 8696 ᠂ ᠦᠭᠦᠭᠰᠡᠨ ᠬᠦᠮᠦᠨ  4᠂ ᠵᠢᠯ  ᠤᠨ ᠶᠡᠷᠦᠩᠬᠡᠢ ᠡᠪᠡᠳᠴᠢᠯᠡᠬᠦ ᠨᠣᠷᠮ᠎ᠠ ᠨᠢ 448.10 / 100000᠂ ᠦᠬᠦᠯ ᠎ ᠤᠨ ᠨᠣᠷᠮ᠎ᠠ ᠨᠢ 0.21 / 100000᠂ ᠡᠪᠡᠳᠴᠢᠨ  ᠢᠶᠠᠷ ᠦᠭᠦᠭᠰᠡᠨ ᠨᠣᠷᠮ᠎ᠠ  0.08% ᠪᠠᠶᠢᠨ᠎ᠠ᠃      ᠡᠪᠡᠳᠴᠢᠨ ᠡᠮᠬᠡᠭ  ᠤᠨ ᠦᠯᠢᠬᠡᠷ  ᠤᠨ ᠵᠠᠳᠠᠯᠣᠯᠣᠳᠠ ᠨᠢ᠂ ᠮᠠᠨ  ᠤ ᠬᠤᠳᠠ  ᠶᠢᠨ ᠰᠠᠭᠤᠭᠠᠯᠢ ᠠᠷᠠᠳ ᠎ ᠤᠨ ᠶᠡᠷᠦᠩᠬᠡᠢ ᠡᠪᠡᠳᠴᠢᠨ ᠡᠮᠬᠡᠭ  ᠤᠨ ᠪᠠᠶᠢᠳᠠᠯ ᠦᠨᠳᠦᠰᠦᠨ ᠳᠡᠭᠡᠨ ᠪᠦᠬᠦ ᠣᠯᠣᠰ ᠲᠠᠢ ᠠᠳᠠᠯᠢᠪᠳᠣᠷ ᠪᠠᠶᠢᠵᠣ᠂ ᠣᠵᠢᠭ ᠬᠠᠯᠳᠠᠪᠦᠷᠢᠯ  ᠤᠨ ᠪᠣᠰᠣ ᠡᠪᠡᠳᠴᠢᠨ ᠨᠢ ᠬᠤᠳᠠ ᠬᠦᠳᠡᠭᠡ  ᠶᠢᠨ ᠰᠠᠭᠤᠭᠠᠯᠢ ᠠᠷᠠᠳ  ᠤᠨ ᠡᠷᠡᠭᠦᠯ ᠮᠡᠨᠳᠣ ᠎ ᠶᠢ ᠰᠦᠷᠳᠡᠭᠦᠯᠵᠣ ᠪᠠᠶᠢᠭ᠎ᠠ ᠴᠢᠬᠤᠯᠠ ᠡᠪᠡᠳᠴᠢᠨ ᠡᠮᠬᠡᠭ ᠪᠣᠯᠪᠠ᠃ ᠡᠭᠦᠨ  ᠠᠴᠠ ᠭᠠᠳᠠᠨ᠎ᠠ᠂ ᠨᠡᠶᠢᠬᠡᠮ  ᠤᠨ ᠬᠡᠯᠪᠡᠷᠢ ᠬᠤᠪᠢᠷᠠᠬᠤ  ᠶᠢ ᠲᠠᠭᠠᠯᠳᠣᠨ᠂ ᠮᠡᠳᠡᠷᠡᠯ  ᠤᠨ ᠬᠡᠮ᠂  ᠣᠶᠣᠨ ᠮᠡᠳᠡᠷᠡᠯ  ᠤᠨ ᠡᠪᠡᠳᠴᠢᠨ  ᠤ ᠡᠪᠡᠳᠴᠢᠳᠡᠨ ᠡᠳᠦᠷ ᠢᠷᠡᠭᠦᠶ᠎ᠡ ᠨᠡᠮᠡᠭᠳᠡᠵᠣ᠂ ᠮᠡᠳᠡᠷᠡᠯ  ᠤᠨ ᠬᠡᠮ ᠪᠠ ᠣᠶᠣᠨ ᠮᠡᠳᠡᠷᠡᠯ  ᠤᠨ ᠡᠪᠡᠳᠴᠢᠨ ᠨᠢ ᠨᠢᠭᠡᠨᠳᠡ ᠠᠷᠠᠳ ᠲᠦᠮᠡᠨ  ᠤ ᠡᠷᠡᠭᠦᠯ ᠮᠡᠨᠳᠣ  ᠶᠢ ᠬᠤᠣᠷᠳᠣᠭᠤᠯᠣᠨ ᠬᠦᠨᠤᠬᠡᠵᠤ ᠪᠠᠶᠢᠭ᠎ᠠ ᠲᠠᠯᠳᠠ ᠶᠠᠷᠭᠠᠴᠢᠨ ᠪᠤᠯᠪᠠ ᠬᠡᠳᠡᠭ  ᠢ ᠲᠣᠳᠣᠷᠬᠠᠶᠢᠯᠠᠵᠣ ᠪᠠᠶᠢᠨ᠎ᠠ᠃      ︵ᠭᠤᠷᠪᠠ︶ ᠡᠮᠨᠡᠯᠬᠡ  ᠶᠢᠨ ᠣᠶᠢᠯᠡᠴᠢᠯᠡᠬᠡᠨ  ᠤ ᠬᠡᠷᠡᠭᠴᠡᠭᠡ      ᠬᠢᠶ᠎ᠡ ᠪᠠᠭᠰᠢ ᠰᠢᠨ᠎ᠡ ᠲᠣᠭᠤᠷᠢᠭ᠂ ᠳ᠋ᠦᠩᠱᠧᠩ  ᠤᠨ ᠲᠡᠮᠣᠷ ᠵᠠᠮ  ᠤᠨ ᠪᠠᠷᠠᠭᠤᠨ ᠲᠣᠭᠤᠷᠢᠭ ᠤᠨ ᠲᠦᠷᠬᠡᠨ ᠪᠦᠲᠦᠬᠡᠨ ᠪᠠᠶᠢᠭᠤᠯᠣᠯᠳᠠ ᠪᠠ ᠠᠯᠳᠠᠨᠰᠢᠷᠡᠬᠡᠳᠣ ᠬᠢᠶ᠎ᠡ ᠪᠠᠭᠰᠢ  ᠶᠢᠨ ᠨᠢᠭᠡ ᠴᠣᠭᠴᠠᠵᠢᠯᠳᠠ  ᠶᠢᠨ ᠲᠦᠷᠬᠡᠨ ᠠᠬᠢᠭᠤᠯᠣᠯᠳᠠ  ᠶᠢ ᠲᠠᠭᠠᠯᠳᠣᠨ᠂ ᠬᠦᠮᠦᠨ ᠠᠮᠠᠨ  ᠤ ᠲᠤᠭ᠎ᠠ ᠬᠡᠮᠵᠢᠶ᠎ᠡ ᠨᠡᠮᠡᠭᠳᠡᠵᠣ᠂ ᠬᠦᠮᠦᠨ ᠠᠮᠠᠨ  ᠤ ᠨᠠᠰᠣᠵᠢᠬᠤ ᠨᠢ ᠲᠦᠷᠬᠡᠳᠴᠣ᠂ ᠬᠦᠮᠦᠰ  ᠤᠨ ᠡᠷᠡᠭᠦᠯ ᠮᠡᠨᠳᠣ  ᠶᠢᠨ ᠣᠶᠢᠯᠡᠴᠢᠯᠡᠭᠡ  ᠶᠢᠨ ᠬᠡᠷᠡᠭᠴᠡᠭᠡ ᠵᠢᠯ  ᠠᠴᠠ ᠵᠢᠯ ᠨᠡᠮᠡᠭᠳᠡᠵᠣ ᠪᠠᠶᠢᠨ᠎ᠠ᠃ ᠰᠠᠭᠤᠭᠠᠯᠢ ᠠᠷᠠᠳ  ᠤᠨ ᠬᠤᠶᠠᠷ ᠭᠠᠷᠠᠭ  ᠤᠨ ᠡᠪᠡᠳᠴᠢᠯᠡᠬᠦ ᠨᠣᠷᠮ᠎ᠠ ᠨᠢ 17.5%᠂ ᠡᠮᠨᠡᠭᠦᠯᠬᠦ ᠬᠦᠮᠦᠨ ᠣᠳᠠᠭ᠎ᠠ ᠨᠢ 34.4 ᠲᠦᠮᠡᠨ ᠬᠦᠮᠦᠨ ᠣᠳᠠᠭ᠎ᠠ ᠪᠣᠯᠣᠨ᠎ᠠ᠃ ᠬᠤᠶᠠᠷ ᠭᠠᠷᠠᠭ  ᠤᠨ ᠡᠪᠡᠳᠴᠢᠯᠡᠬᠦ ᠨᠣᠷᠮ᠎ᠠ ᠪᠠ ᠣᠵᠢᠭ ᠡᠪᠡᠳᠴᠢᠨ  ᠤ ᠡᠪᠡᠳᠴᠢᠯᠡᠬᠦ ᠨᠣᠷᠮ᠎ᠠ ᠨᠡᠮᠡᠭᠳᠡᠵᠣ᠂ ᠮᠠᠨ  ᠤ ᠬᠤᠳᠠ ᠶᠢᠨ ᠬᠤᠳᠠ ᠬᠦᠳᠡᠭᠡ  ᠶᠢᠨ ᠰᠠᠭᠤᠭᠠᠯᠢ ᠠᠷᠠᠳ  ᠤᠨ ᠡᠮᠨᠡᠯᠬᠡ  ᠶᠢᠨ ᠣᠶᠢᠯᠡᠴᠢᠯᠡᠬᠡᠨ ᠤ ᠬᠡᠷᠡᠭᠴᠡᠭᠡ  ᠶᠢᠨ ᠬᠡᠮᠵᠢᠶ᠎ᠡ ᠦᠷᠭᠦᠯᠵᠢᠯᠡᠨ ᠨᠡᠮᠡᠭᠳᠡᠵᠣ ᠪᠠᠶᠢᠨ᠎ᠠ᠃      1. ᠡᠭᠦᠳᠡᠨ ᠡᠮᠨᠡᠯᠬᠡ  ᠶᠢᠨ ᠣᠶᠢᠯᠡᠴᠢᠯᠡᠭᠡ᠃ 2011 ᠣᠨ  ᠳᠤ᠂ ᠪᠦᠬᠦ ᠬᠤᠳᠠ ᠶᠢᠨ ᠡᠮᠨᠡᠯᠬᠡ  ᠶᠢᠨ ᠪᠠᠶᠢᠭᠤᠯᠣᠮᠵᠢ  ᠶᠢᠨ ᠣᠨᠣᠰᠢᠯᠠᠨ ᠡᠮᠨᠡᠭᠰᠡᠨ ᠨᠡᠶᠢᠳᠡ ᠬᠦᠮᠦᠨ ᠣᠳᠠᠭ᠎ᠠ ᠨᠢ 707.5458 ᠲᠦᠮᠡᠨ ᠬᠦᠮᠦᠨ ᠣᠳᠠᠭ᠎ᠠ ︵ᠡᠭᠦᠳᠡᠨ ᠡᠮᠨᠡᠭᠡ 678.1758 ᠲᠦᠮᠡᠨ ᠬᠦᠮᠦᠨ ᠣᠳᠠᠭ᠎ᠠ᠂ ᠪᠠᠴᠢᠮ ᠡᠮᠨᠡᠯᠬᠡ 20.8548 ᠲᠦᠮᠡᠨ ᠬᠦᠮᠦᠨ ᠣᠳᠠᠭ᠎ᠠ︶ ᠬᠦᠷᠪᠡ᠂ ᠡᠭᠦᠨ  ᠳᠤ᠂ ᠡᠮᠨᠡᠯᠬᠡ  ᠶᠢᠨ ᠬᠤᠷᠢᠶ᠎ᠠ  ᠶᠢᠨ ᠣᠨᠣᠰᠢᠯᠠᠨ ᠡᠮᠨᠡᠭᠰᠡᠨ ᠨᠢ 348.7271 ᠲᠦᠮᠡᠨ ᠬᠦᠮᠦᠨ ᠣᠳᠠᠭ᠎ᠠ᠂ ᠨᠡᠶᠢᠬᠡᠮ ᠲᠣᠭᠤᠷᠢᠭ  ᠤᠨ ᠣᠨᠣᠰᠢᠯᠠᠨ ᠡᠮᠨᠡᠭᠰᠡᠨ ᠨᠢ 3.9265 ᠲᠦᠮᠡᠨ ᠬᠦᠮᠦᠨ ᠣᠳᠠᠭ᠎ᠠ᠂ ᠡᠷᠡᠭᠦᠯ ᠬᠠᠮᠠᠭᠠᠯᠠᠯ  ᠤᠨ ᠬᠤᠷᠢᠶ᠎ᠠ  ᠶᠢᠨ ᠣᠨᠣᠰᠢᠯᠠᠨ ᠡᠮᠨᠡᠭᠰᠡᠨ ᠨᠢ 96.5279 ᠬᠦᠮᠦᠨ ᠣᠳᠠᠭ᠎ᠠ᠂ ᠡᠮᠡᠭᠳᠡᠶᠢᠴᠣᠳ ᠨᠢᠯᠬᠠᠰ  ᠤᠨ ᠡᠷᠡᠭᠦᠯᠵᠢᠯ ᠤᠨ ᠣᠨᠣᠰᠢᠯᠠᠨ ᠡᠮᠨᠡᠭᠰᠡᠨ ᠨᠢ 20.4460 ᠲᠦᠮᠡᠨ ᠬᠦᠮᠦᠨ ᠣᠳᠠᠭ᠎ᠠ᠂ ᠲᠣᠰᠬᠤᠨ  ᠤ ᠡᠷᠡᠭᠦᠯ ᠬᠠᠮᠠᠭᠠᠯᠠᠯ  ᠤᠨ ᠲᠠᠰᠤᠭ  ᠤᠨ ᠣᠨᠣᠰᠢᠯᠠᠨ ᠡᠮᠨᠡᠭᠰᠡᠨ ᠨᠢ 63.3140 ᠲᠦᠮᠡᠨ ᠬᠦᠮᠦᠨ ᠣᠳᠠᠭ᠎ᠠ᠂ ᠡᠮᠨᠡᠯᠬᠡ  ᠶᠢᠨ ᠭᠠᠵᠠᠷ ᠤᠨ ᠣᠨᠣᠰᠢᠯᠠᠨ ᠡᠮᠨᠡᠭᠰᠡᠨ ᠨᠢ 174.6043 ᠲᠦᠮᠡᠨ ᠬᠦᠮᠦᠨ ᠣᠳᠠᠭ᠎ᠠ ᠪᠠᠶᠢᠵᠣ᠂ ᠵᠢᠯ  ᠤᠨ ᠬᠦᠮᠦᠨ ᠲᠣᠮᠳᠠᠴᠢ ᠡᠮᠨᠡᠭᠦᠯᠦᠭᠰᠡᠨ ᠲᠤᠭ᠎ᠠ ᠨᠢ 3.54 ᠣᠳᠠᠭ᠎ᠠ ᠬᠦᠷᠪᠡ᠃      2. ᠡᠮᠨᠡᠯᠬᠡ  ᠳᠤ ᠰᠠᠭᠤᠬᠤ ᠣᠶᠢᠯᠡᠴᠢᠯᠡᠭᠡ᠃ 2011 ᠣᠨ  ᠳᠤ᠂ ᠪᠦᠬᠦ ᠬᠤᠳᠠ  ᠶᠢᠨ ᠡᠮᠨᠡᠯᠬᠡ  ᠳᠤ ᠣᠷᠣᠭᠰᠠᠨ ᠬᠦᠮᠦᠨ  ᠤ ᠲᠤᠭ᠎ᠠ 161796 ᠬᠦᠮᠦᠨ᠂ ᠡᠮᠨᠡᠯᠬᠡ  ᠠᠴᠠ ᠭᠠᠷᠣᠭᠰᠠᠨ ᠬᠦᠮᠦᠨ  ᠤ ᠲᠤᠭ᠎ᠠ 161172 ᠬᠦᠮᠦᠨ᠂ ᠡᠮᠨᠡᠯᠬᠡ ᠳᠤ ᠰᠠᠭᠤᠭᠰᠠᠨ 22194 ᠡᠪᠡᠳᠴᠢᠳᠡᠨ  ᠳᠤ  ᠮᠠᠰᠠ ᠵᠠᠰᠠᠯ ᠬᠢᠪᠡ᠃      3.ᠣᠷᠣ  ᠶᠢᠨ ᠬᠡᠷᠡᠭᠯᠡᠯᠳᠡ᠃ 2011 ᠣᠨ  ᠤ ᠡᠮᠨᠡᠯᠬᠡ  ᠶᠢᠨ ᠪᠠᠶᠢᠭᠤᠯᠣᠮᠵᠢ  ᠶᠢᠨ  ᠣᠷᠣ  ᠶᠢᠨ ᠶᠡᠷᠦᠩᠬᠡᠢ ᠬᠡᠷᠡᠭᠯᠡᠯᠳᠡ ᠶᠢᠨ ᠨᠣᠷᠮ᠎ᠠ 60.08% ︵ᠦᠪᠡᠷᠳᠡᠬᠡᠨ ᠵᠠᠰᠠᠬᠤ ᠣᠷᠣᠨ 68.44%︶ ᠪᠣᠯᠣᠨ᠎ᠠ︔ ᠡᠭᠦᠨ  ᠳᠤ ᠡᠮᠨᠡᠯᠬᠡ  ᠶᠢᠨ ᠬᠤᠷᠢᠶ᠎ᠠ 70.54% ︵ᠦᠪᠡᠷᠳᠡᠬᠡᠨ ᠵᠠᠰᠠᠬᠤ ᠣᠷᠣᠨ 77.95%︶᠂ ᠰᠣᠮᠣ ᠰᠢᠶᠠᠩ ᠪᠠᠯᠭᠠᠰᠣᠨ  ᠤ ᠡᠷᠡᠭᠦᠯ ᠬᠠᠮᠠᠭᠠᠯᠠᠯ  ᠤᠨ ᠬᠤᠷᠢᠶ᠎ᠠ 26.73% ︵ᠦᠪᠡᠷᠳᠡᠬᠡᠨ ᠵᠠᠰᠠᠬᠤ ᠣᠷᠣᠨ ︵41.93%︶᠂ ᠨᠡᠶᠢᠬᠡᠮ ᠲᠣᠭᠤᠷᠢᠭ  ᠤᠨ ᠡᠷᠡᠭᠦᠯ ᠬᠠᠮᠠᠭᠠᠯᠠᠯ  ᠤᠨ ᠣᠶᠢᠯᠡᠴᠢᠯᠡᠬᠡᠨ  ᠤ ᠲᠦᠪ ᠨᠢ ︵ᠦᠷᠳᠡᠭᠡ︶ 23.89% ︵ᠦᠪᠡᠷᠳᠡᠬᠡᠨ ᠵᠠᠰᠠᠬᠤ ᠣᠷᠣᠨ 42.23%︶ ᠪᠣᠯᠣᠨ᠎ᠠ᠃ ᠡᠪᠡᠳᠴᠢᠳᠡᠨ  ᠤ ᠣᠷᠣ  ᠶᠢᠨ ᠬᠡᠷᠡᠭᠯᠡᠯᠳᠡ  ᠶᠢᠨ ᠨᠣᠷᠮ᠎ᠠ ᠠᠴᠠ ᠦᠵᠡᠪᠠᠯ ᠬᠤᠶᠠᠳᠣᠭᠠᠷ ᠵᠡᠷᠬᠡ ᠠᠴᠠ ᠲᠡᠭᠡᠭᠰᠢᠬᠢ ᠡᠮᠨᠡᠯᠬᠡ ᠶᠢᠨ ᠬᠤᠷᠢᠶᠠᠨ  ᠤ ᠣᠷᠣ  ᠶᠢᠨ ᠬᠡᠷᠡᠭᠯᠡᠯᠳᠡ  ᠶᠢᠨ ᠨᠣᠷᠮ᠎ᠠ ᠨᠢ ᠨᠡᠯᠢᠶᠡᠳ ᠦᠨᠳᠦᠷ ᠪᠠᠶᠢᠵᠤ᠂ ᠦᠨᠳᠦᠰᠦᠨ ᠱᠠᠳᠣᠨ ᠤ ᠡᠷᠡᠭᠦᠯ ᠬᠠᠮᠠᠭᠠᠯᠠᠯ  ᠤᠨ ᠬᠤᠷᠢᠶᠠᠨ ᠤ ᠣᠷᠣ ᠨᠢ ᠰᠣᠯᠠ  ᠪᠠᠶᠢᠨ᠎ᠠ᠃      4. ᠡᠮᠴᠢ  ᠶᠢᠨ ᠠᠵᠢᠯ  ᠤᠨ ᠲᠠᠭᠠᠭᠠᠴᠠ᠃ 2011 ᠣᠨ  ᠳᠤ᠂ ᠮᠠᠨ  ᠤ ᠬᠤᠳᠠ ᠶᠢᠨ ᠡᠮᠨᠡᠯᠬᠡ  ᠶᠢᠨ ᠬᠤᠷᠢᠶ᠎ᠠ  ᠶᠢᠨ ᠡᠮᠴᠢ  ᠶᠢᠨ ᠡᠳᠦᠷ ᠪᠣᠯᠭᠠᠨ  ᠤ ᠡᠭᠦᠷᠬᠡᠯᠡᠵᠣ ᠪᠠᠶᠢᠭ᠎ᠠ ᠣᠨᠣᠰᠢᠯᠠᠨ ᠡᠮᠨᠡᠬᠦ ᠨᠢ 7.04 ᠬᠦᠮᠦᠨ ᠣᠳᠠᠭ᠎ᠠ ︵ᠦᠪᠡᠷᠳᠡᠬᠡᠨ ᠵᠠᠰᠠᠬᠤ ᠣᠷᠣᠨ 4.16 ᠬᠦᠮᠦᠨ ᠣᠳᠠᠭ᠎ᠠ᠂  ᠪᠦᠬᠦ ᠣᠯᠣᠰ 2.3 ᠬᠦᠮᠦᠨ ᠣᠳᠠᠭ᠎ᠠ︶ ᠪᠠᠶᠢᠵᠣ᠂ ᠡᠭᠦᠷᠬᠡᠯᠡᠵᠣ ᠪᠠᠶᠢᠭ᠎ᠠ  ᠡᠮᠨᠠᠯᠬᠡ ᠳᠤ ᠰᠠᠭᠤᠬᠤ ᠨᠢ 1.85 ᠣᠷᠣ ᠡᠳᠦᠷ ︵ᠦᠪᠡᠷᠳᠡᠬᠡᠨ ᠵᠠᠰᠠᠬᠤ ᠣᠷᠣᠨ 1.85 ᠣᠷᠣ ᠡᠳᠦᠷ᠂ ᠪᠦᠬᠦ ᠣᠯᠣᠰ 0.6 ᠣᠷᠣ ᠡᠳᠦᠷ︶ ᠪᠠᠶᠢᠵᠣ᠂ ᠡᠮᠨᠡᠯᠬᠡ  ᠶᠢᠨ ᠠᠵᠢᠯᠳᠠᠨ  ᠤ ᠡᠭᠦᠷᠬᠡ ᠨᠡᠯᠢᠶᠡᠳ ᠬᠦᠨᠳᠣ ᠪᠠᠶᠢᠨ᠎ᠠ᠃      5. ᠵᠠᠷᠣᠳᠠᠯ  ᠤᠨ ᠪᠠᠶᠢᠳᠠᠯ᠄ 2011 ᠣᠨ  ᠳᠤ᠂ ᠡᠮᠨᠡᠯᠬᠡ  ᠶᠢᠨ ᠪᠠᠶᠢᠭᠤᠯᠣᠮᠵᠢ  ᠶᠢᠨ ᠡᠭᠦᠳᠡᠨ ᠡᠮᠨᠡᠯᠬᠡ ᠪᠣᠯᠭᠠᠨ  ᠤ ᠬᠦᠮᠦᠨ ᠣᠳᠠᠭ᠎ᠠ  ᠶᠢᠨ ᠲᠣᠮᠳᠠᠴᠢ ᠵᠠᠷᠣᠳᠠᠯ ᠨᠢ 86.42 ᠲᠦᠭᠦᠷᠢᠭ᠂ ᠣᠷᠣ ᠪᠣᠯᠭᠠᠨ  ᠤ ᠡᠳᠦᠷ ᠪᠦᠷᠢ  ᠶᠢᠨ  ᠲᠣᠮᠳᠠᠴᠢ ᠵᠠᠷᠣᠳᠠᠯ ᠨᠢ 210.59 ᠲᠦᠭᠦᠷᠢᠭ ᠪᠣᠯᠣᠨ᠎ᠠ᠃ ᠬᠤᠳᠠ  ᠶᠢᠨ ᠱᠠᠳᠣᠨ  ᠤ ᠡᠮᠨᠡᠯᠬᠡ ᠎ ᠶᠢᠨ ᠬᠤᠷᠢᠶ᠎ᠠ᠂ ᠬᠤᠰᠢᠭᠤ ᠲᠣᠭᠤᠷᠢᠭ  ᠤᠨ ᠱᠠᠳᠣᠨ  ᠤ ᠡᠮᠨᠡᠯᠬᠡ  ᠶᠢᠨ ᠬᠤᠷᠢᠶ᠎ᠠ᠂ ᠡᠷᠡᠭᠦᠯ ᠬᠠᠮᠠᠭᠠᠯᠠᠯ  ᠤᠨ ᠬᠤᠷᠢᠶ᠎ᠠ  ᠶᠢᠨ ᠡᠮᠨᠡᠯᠬᠡ  ᠠᠴᠠ ᠭᠠᠷᠣᠭᠰᠠᠨ ᠡᠪᠡᠳᠴᠢᠳᠡᠨ  ᠤ ᠲᠣᠮᠳᠠᠴᠢ ᠡᠮ  ᠤᠨ ᠵᠠᠷᠣᠳᠠᠯ ᠨᠢ ᠲᠣᠰᠪᠣᠷᠢ 9426 ᠲᠦᠭᠦᠷᠢᠭ᠂ 2628.20 ᠲᠦᠭᠦᠷᠢᠭ ᠪᠠ 885.74 ᠲᠦᠭᠦᠷᠢᠭ ᠪᠣᠯᠣᠨ᠎ᠠ᠃      6. ᠡᠮᠨᠡᠯᠬᠡ  ᠶᠢᠨ ᠣᠶᠢᠯᠡᠴᠢᠯᠡᠬᠡᠨ  ᠤ ᠶᠠᠰᠣ ᠴᠢᠨᠠᠷ᠃ 2011 ᠣᠨ  ᠳᠤ᠂ ᠪᠦᠬᠦ ᠬᠤᠳᠠ  ᠶᠢᠨ ᠵᠠᠰᠠᠭ ᠎ ᠤᠨ ᠣᠷᠳᠣᠨ  ᠠᠴᠠ ᠪᠠᠶᠢᠭᠤᠯᠣᠭᠰᠠᠨ ᠡᠮᠨᠡᠯᠬᠡ  ᠶᠢᠨ ᠬᠤᠷᠢᠶ᠎ᠠ  ᠶᠢᠨ ᠡᠮᠨᠡᠯᠬᠡ  ᠳᠤ ᠣᠷᠣᠬᠤ ᠪᠠ ᠡᠮᠨᠡᠯᠬᠡ  ᠠᠴᠠ ᠭᠠᠷᠬᠤ ᠣᠨᠣᠰᠢᠯᠠᠯᠳᠠ ᠶᠢᠨ ᠨᠡᠶᠢᠴᠡᠬᠦ ᠨᠣᠷᠮ᠎ᠠ ᠨᠢ 95.6% ︵ᠦᠪᠡᠷᠳᠡᠬᠡᠨ ᠵᠠᠰᠠᠬᠤ ᠣᠷᠣᠨ 98.10%︶᠂ ᠡᠮᠨᠡᠯᠬᠡ  ᠳᠤ ᠰᠠᠭᠤᠵᠣ ᠮᠠᠰᠠ ᠵᠠᠰᠠᠯ ᠬᠢᠬᠦ  ᠠᠴᠠ ᠡᠮᠦᠨᠡᠬᠢ ᠬᠤᠶᠢᠨᠠᠬᠢ ᠣᠨᠣᠰᠢᠯᠠᠯᠳᠠ ᠶᠢᠨ ᠨᠡᠶᠢᠴᠡᠬᠦ ᠨᠣᠷᠮ᠎ᠠ ᠨᠢ 89.78% ︵ᠦᠪᠡᠷᠳᠡᠬᠡᠨ ᠵᠠᠰᠠᠬᠤ ᠣᠷᠣᠨ 98.97%︶ ᠪᠣᠯᠣᠨ᠎ᠠ᠃ ᠪᠠᠺᠲ᠋ᠧᠷᠢ ᠦᠬᠡᠢ ᠮᠠᠰᠠ ᠵᠠᠰᠠᠯ ᠤᠨ ᠬᠦᠬᠡ ᠲᠡᠰ  ᠤᠨ ᠡᠳᠡᠬᠡᠷᠡᠬᠦ ᠨᠣᠷᠮ᠎ᠠ ᠨᠢ 96.34%  ︵ᠦᠪᠡᠷᠳᠡᠬᠡᠨ ᠵᠠᠰᠠᠬᠤ ᠣᠷᠣᠨ 84.27%︶ ᠪᠣᠯᠣᠨ᠎ᠠ᠃ ᠪᠠᠺᠲ᠋ᠧᠷᠢ ᠦᠬᠡᠢ ᠮᠠᠰᠠ ᠵᠠᠰᠠᠯ  ᠤᠨ ᠬᠠᠯᠳᠠᠪᠦᠷᠢᠯᠠᠬᠤ ᠨᠣᠷᠮ᠎ᠠ ᠨᠢ 0.24% ︵ᠪᠦᠬᠦ ᠣᠷᠣᠨ 8.3%︶ ᠪᠣᠯᠣᠨ᠎ᠠ᠃      ᠭᠤᠷᠪᠠ᠂ ᠣᠷᠣᠰᠢᠵᠣ ᠪᠠᠶᠢᠭ᠎ᠠ ᠠᠰᠠᠭᠤᠳᠠᠯ ᠵᠢᠴᠢ ᠨᠦᠯᠦᠭᠡᠯᠡᠬᠦ ᠭᠦᠴᠦᠨ ᠵᠣᠶᠢᠯ      ᠡᠮ ᠡᠮᠨᠡᠯᠬᠡ ᠡᠷᠡᠭᠦᠯ ᠬᠠᠮᠠᠭᠠᠯᠠᠯ  ᠤᠨ ᠠᠵᠢᠯ ᠣᠶᠢᠯᠡᠰ  ᠤᠨ ᠬᠦᠭᠵᠢᠯᠳᠡ ᠨᠢ  ᠠᠷᠠᠳ ᠲᠦᠮᠡᠨ ᠤ ᠡᠷᠡᠭᠦᠯ ᠮᠡᠨᠳᠣ  ᠶᠢᠨ ᠬᠡᠷᠡᠭᠴᠡᠭᠡ᠂ ᠠᠵᠣ ᠠᠬᠤᠢ ᠨᠡᠶᠢᠬᠡᠮ ᠲᠠᠢ ᠵᠣᠬᠢᠴᠠᠯᠳᠣᠨ ᠬᠦᠭᠵᠢᠬᠦ ᠱᠠᠭᠠᠷᠳᠠᠯᠭ᠎ᠠ ᠲᠠᠢ ᠲᠣᠬᠢᠷᠠᠯᠴᠠᠬᠤ ᠦᠬᠡᠢ ᠵᠦᠷᠢᠴᠡᠯ ᠪᠠᠰᠠ ᠨᠡᠯᠢᠶᠡᠳ ᠲᠣᠪᠣᠶᠢᠮ᠎ᠠ ᠪᠠᠶᠢᠨ᠎ᠠ᠃      ︵ᠨᠢᠭᠡ︶ ᠮᠠᠨ  ᠤ ᠬᠤᠳᠠ  ᠶᠢᠨ ᠠᠵᠣ ᠠᠬᠤᠢ  ᠶᠢᠨ ᠬᠦᠭᠵᠢᠯᠳᠡ ᠲᠦᠷᠬᠡᠳᠴᠣ᠂ ᠠᠷᠠᠳ ᠲᠦᠮᠡᠨ  ᠤ ᠠᠮᠢᠳᠣᠷᠠᠯ  ᠤᠨ ᠬᠢᠷᠢ ᠲᠦᠪᠰᠢᠨ ᠲᠠᠰᠣᠷᠠᠯᠳᠠ ᠦᠬᠡᠢ ᠲᠡᠭᠡᠭᠰᠢᠯᠡᠵᠣ᠂ ᠡᠮᠨᠡᠯᠬᠡ  ᠶᠢᠨ ᠣᠶᠢᠯᠡᠴᠢᠯᠡᠭᠡ  ᠶᠢᠨ ᠬᠡᠷᠡᠭᠴᠡᠭᠡ ᠨᠡᠮᠡᠭᠳᠡᠪᠡ᠃ 2011 ᠣᠨ  ᠠᠴᠠ ᠨᠠᠰᠢᠬᠢ ᠡᠪᠡᠳᠴᠢᠨ  ᠢᠶᠠᠷ ᠦᠭᠦᠭᠰᠡᠨ ᠨᠣᠷᠮ᠎ᠠ  ᠶᠢ ᠵᠠᠳᠠᠯᠪᠠᠯ᠂ 45 ᠨᠠᠰᠣᠨ  ᠠᠴᠠ ᠲᠡᠭᠡᠭᠰᠢᠬᠢ ᠬᠦᠮᠦᠰ ᠤᠨ ᠡᠪᠡᠳᠴᠢᠯᠡᠨ ᠦᠬᠦᠬᠦ ᠨᠣᠷᠮ᠎ᠠ ᠨᠡᠯᠢᠶᠡᠳ ᠦᠨᠳᠦᠷ ᠪᠠᠶᠢᠨ᠎ᠠ᠃ ᠢᠳᠡᠷ ᠦᠳᠡᠭᠦᠰ ᠨᠠᠰᠣᠨ  ᠤ ᠬᠦᠮᠦᠰ  ᠤᠨ ᠡᠷᠡᠭᠦᠯ ᠮᠡᠨᠳᠣ  ᠶᠢᠨ ᠠᠰᠠᠭᠤᠳᠠᠯ  ᠢ ᠠᠩᠬᠠᠷᠣᠭᠤᠰᠢᠳᠠᠢ ᠪᠠᠶᠢᠵᠣ᠂ ᠡᠮᠨᠡᠯᠬᠡ  ᠶᠢᠨ ᠣᠶᠢᠯᠡᠴᠢᠯᠡᠭᠡ  ᠶᠢᠨ ᠬᠡᠷᠡᠭᠴᠡᠭᠡ ᠢᠯᠡᠳᠳᠡ ᠨᠡᠮᠡᠭᠳᠡᠪᠡ᠃ ᠡᠮᠨᠡᠯᠬᠡ  ᠶᠢᠨ ᠣᠶᠢᠯᠡᠴᠢᠯᠡᠭᠡ  ᠶᠢ ᠠᠰᠢᠭᠯᠠᠬᠤ ᠲᠠᠯ᠎ᠠ  ᠪᠠᠷ᠂ ᠡᠮᠨᠡᠭᠦᠯᠬᠦ ᠪᠠᠶᠢᠭᠤᠯᠣᠮᠵᠢ  ᠶᠢ ᠰᠣᠩᠭᠤᠬᠤ ᠲᠡᠬᠡᠷ᠎ᠡ᠂ ᠰᠠᠭᠤᠭᠠᠯᠢ ᠠᠷᠠᠳ ᠲᠡᠭᠡᠳᠣ ᠵᠡᠷᠬᠡ ᠲᠡᠰ ᠤᠨ ᠡᠮᠨᠡᠯᠬᠡ  ᠶᠢᠨ ᠪᠠᠶᠢᠭᠤᠯᠣᠮᠵᠢ  ᠶᠢ ᠠᠰᠢᠭᠯᠠᠬᠤ ᠬᠡᠮᠵᠢᠶ᠎ᠡ  ᠪᠠᠷ ᠨᠡᠯᠢᠶᠡᠳ ᠦᠨᠳᠦᠷ᠂ ᠬᠤᠰᠢᠭᠤ ᠲᠣᠭᠤᠷᠢᠭ ᠵᠢᠴᠢ ᠲᠡᠭᠡᠭᠰᠢᠬᠢ ᠡᠮᠨᠡᠯᠬᠡ  ᠶᠢᠨ ᠬᠤᠷᠢᠶ᠎ᠠ  ᠳᠤ ᠡᠮᠨᠡᠭᠦᠯᠬᠦ ᠬᠠᠷᠢᠴᠠᠯ ᠨᠢ 55.89% ᠪᠣᠯᠣᠨ᠎ᠠ︔ ᠡᠮᠨᠡᠯᠬᠡ  ᠳᠤ ᠰᠠᠭᠤᠬᠤ ᠡᠮᠨᠡᠯᠬᠡ  ᠶᠢᠨ ᠪᠠᠶᠢᠭᠤᠯᠣᠮᠵᠢ ᠶᠢᠨ ᠰᠣᠩᠭᠤᠯᠳᠠ ᠲᠡᠭᠡᠷ᠎ᠡ ᠲᠡᠭᠡᠳᠣ ᠲᠡᠰ ᠲᠠᠪᠬᠤᠷᠭ᠎ᠠ ᠵᠦᠭ ᠲᠦᠪᠯᠡᠷᠡᠬᠦ ᠦᠵᠡᠭᠳᠡᠯ ᠨᠡᠩ ᠢᠯᠡᠳᠳᠡ ᠪᠠᠶᠢᠵᠣ᠂ ᠬᠤᠰᠢᠭᠤ ᠲᠣᠭᠤᠷᠢᠭ ᠵᠢᠴᠢ ᠲᠡᠭᠡᠭᠰᠢᠬᠢ ᠡᠮᠨᠡᠯᠬᠡ  ᠶᠢᠨ ᠬᠤᠷᠢᠶ᠎ᠠ ᠎ ᠳᠤ ᠰᠠᠭᠤᠭᠰᠠᠨ ᠡᠪᠡᠳᠴᠢᠳᠡᠨ 69.70% ᠎ ᠶᠢ ᠡᠵᠡᠯᠡᠨ᠎ᠡ᠃ 2011 ᠣᠨ  ᠳᠤ᠂ ᠠᠳᠠᠯᠢ ᠪᠣᠰᠣ ᠵᠡᠷᠬᠡ ᠲᠡᠰ ᠎ ᠤᠨ ᠡᠮᠨᠡᠯᠬᠡ  ᠶᠢᠨ ᠪᠠᠶᠢᠭᠤᠯᠣᠮᠵᠢ  ᠶᠢᠨ ᠡᠪᠡᠳᠴᠢᠳᠡᠨ  ᠤ ᠣᠷᠣ ᠶᠢᠨ ᠬᠡᠷᠡᠭᠯᠡᠯᠳᠡ ᠶᠢᠨ ᠨᠣᠷᠮ᠎ᠠ ᠨᠢ᠂ ᠰᠠᠭᠤᠭᠠᠯᠢ ᠠᠷᠠᠳ  ᠤᠨ ᠡᠮᠨᠡᠭᠦᠯᠬᠦ ᠬᠠᠨᠳᠣᠰᠢ ᠵᠣᠬᠢᠰ ᠦᠬᠡᠢ᠂ ᠦᠨᠳᠦᠰᠦᠨ ᠱᠠᠳᠣᠨ ᠤ ᠡᠮᠨᠡᠯᠬᠡ  ᠶᠢᠨ ᠡᠬᠢ ᠪᠠᠶᠠᠯᠢᠭ  ᠢ ᠭᠦᠢᠴᠡᠳ ᠠᠰᠢᠭᠯᠠᠵᠣ ᠲᠡᠶᠢᠯᠣᠭ᠍ᠰᠡᠨ ᠦᠬᠡᠢ ᠬᠡᠰᠡᠨ ᠢ ᠢᠯᠡᠷᠬᠡᠶᠢᠯᠡᠵᠣ ᠪᠠᠶᠢᠨ᠎ᠠ᠃      ︵ᠬᠤᠶᠠᠷ︶ ᠡᠮᠨᠡᠯᠬᠡ  ᠶᠢᠨ ᠡᠬᠢ ᠪᠠᠶᠠᠯᠢᠭ  ᠤᠨ ᠶᠡᠷᠦᠩᠬᠡᠢ ᠬᠡᠮᠵᠢᠶ᠎ᠡ ᠨᠢ ᠬᠦᠷᠦᠯᠴᠡᠬᠦ ᠦᠬᠡᠢ᠂ ᠲᠣᠬᠢᠷᠠᠭᠤᠯᠣᠯᠳᠠ ᠨᠢ ᠵᠣᠬᠢᠰ ᠦᠬᠡᠢ᠃ ᠦᠨᠳᠦᠷ ᠰᠣᠷᠣᠯᠭ᠎ᠠ  ᠶᠢᠨ ᠨᠠᠮᠳᠠᠷ ᠲᠠᠢ᠂ ᠦᠨᠳᠦᠷ ᠮᠡᠷᠭᠡᠵᠢᠯ  ᠤᠨ ᠴᠣᠯᠠ ᠲᠠᠢ ᠠᠨᠠᠭᠠᠬᠠᠣ ᠣᠬᠠᠭᠠᠨ  ᠤ ᠲᠣᠰᠬᠠᠢ ᠮᠡᠷᠭᠡᠵᠢᠯ  ᠤᠨ ᠴᠢᠳᠠᠪᠦᠷᠢᠳᠠᠨ ᠲᠣᠩ ᠲᠤᠳᠠᠭᠳᠠᠵᠤ ᠪᠠᠶᠢᠨ᠎ᠠ᠃ ᠠᠯᠪᠠᠨ  ᠠᠴᠠ ᠪᠠᠶᠢᠭᠤᠯᠣᠭᠰᠠᠨ ᠡᠮᠨᠡᠯᠬᠡ  ᠶᠢᠨ ᠬᠤᠷᠢᠶ᠎ᠠ  ᠶᠢᠨ ᠶᠡᠷᠦᠩᠬᠡᠢ ᠬᠡᠪᠴᠢᠶ᠎ᠡ ᠪᠠᠭ᠎ᠠ᠂ ᠡᠮᠨᠡᠯᠬᠡ  ᠶᠢᠨ ᠣᠶᠢᠯᠡᠴᠢᠯᠡᠬᠡᠨ  ᠤ ᠴᠢᠳᠠᠪᠦᠷᠢ ᠬᠦᠷᠦᠯᠴᠡᠬᠦ ᠦᠬᠡᠢ ᠪᠠᠶᠢᠨ᠎ᠠ᠃ ᠮᠠᠨ  ᠤ ᠬᠤᠳᠠ ᠵᠦᠪᠬᠡᠨ ᠨᠢᠬᠡ ᠬᠤᠳᠠ  ᠶᠢᠨ ᠱᠠᠳᠣᠨ  ᠤ ᠭᠤᠷᠪᠠᠳᠣᠭᠠᠷ ᠵᠡᠷᠬᠡ  ᠶᠢᠨ ᠬᠦᠬᠡ ᠲᠡᠰ  ᠤᠨ ᠡᠮᠨᠡᠯᠬᠡ  ᠶᠢᠨ ᠬᠤᠷᠢᠶ᠎ᠠ ᠲᠠᠢ ᠪᠠᠶᠢᠵᠤ᠂ ᠠᠷᠠᠳ ᠲᠦᠮᠡᠨ ᠡᠪᠡᠳᠴᠢᠨ ᠦᠵᠡᠭᠦᠯᠬᠦ  ᠳᠤ ᠭᠦᠴᠢᠷᠳᠡᠢ᠂ ᠡᠮᠨᠡᠯᠬᠡ ᠰᠠᠭᠤᠬᠤ  ᠳᠤ ᠭᠦᠴᠢᠷᠲᠡᠢ ᠪᠠᠶᠢᠬᠤ ᠠᠰᠠᠭᠤᠳᠠᠯ ᠪᠠᠰᠠ ᠨᠡᠯᠢᠶᠡᠳ ᠲᠣᠪᠣᠶᠢᠮ᠎ᠠ ᠪᠠᠶᠢᠨ᠎ᠠ᠃ ᠦᠨᠳᠦᠰᠦᠨ ᠱᠠᠳᠣᠨ  ᠤ ᠡᠷᠡᠭᠦᠯ ᠬᠠᠮᠠᠭᠠᠯᠠᠯ ᠤᠨ ᠬᠤᠷᠢᠶ᠎ᠠ᠂ ᠨᠡᠶᠢᠬᠡᠮ ᠲᠣᠭᠤᠷᠢᠭ  ᠤᠨ ᠣᠶᠢᠯᠡᠴᠢᠯᠡᠬᠡᠨ  ᠤ ᠡᠮ ᠡᠮᠨᠡᠯᠬᠡ ᠡᠷᠡᠭᠦᠯ ᠬᠠᠮᠠᠭᠠᠯᠠᠯ ᠤᠨ ᠮᠡᠷᠭᠡᠵᠢᠯ  ᠤᠨ ᠬᠢᠷᠢ ᠲᠦᠪᠰᠢᠨ ᠪᠠᠭᠤᠷᠠᠢ ᠪᠠᠶᠢᠵᠣ᠂ ᠡᠮᠴᠢᠯᠡᠬᠡᠨ  ᠤ ᠣᠶᠢᠯᠡᠳᠦᠯᠬᠡ  ᠶᠢᠨ ᠲᠣᠷᠰᠢᠯᠭ᠎ᠠ ᠲᠣᠳᠠᠮᠠᠭ ᠪᠠᠶᠢᠵᠣ᠂ ᠡᠪᠡᠳᠴᠢᠳᠡᠨ ᠤ ᠢᠳᠡᠬᠡᠯ  ᠢ ᠣᠯᠬᠤ  ᠳᠤ ᠭᠦᠴᠢᠷᠳᠡᠢ ᠪᠠᠶᠢᠨ᠎ᠠ᠃ ᠡᠮᠨᠡᠯᠬᠡ  ᠶᠢᠨ ᠣᠶᠢᠯᠡᠴᠢᠯᠡᠬᠡᠨ  ᠤ ᠠᠰᠢᠭᠯᠠᠯᠳᠠ ᠨᠢ ᠲᠡᠭᠡᠳᠣ ᠵᠡᠷᠬᠡ ᠲᠡᠰ᠂ ᠦᠨᠳᠦᠷ ᠦᠪᠡᠷ ᠤᠨ ᠦᠷᠳᠡᠭ ᠲᠠᠢ ᠡᠮᠨᠡᠯᠬᠡ  ᠶᠢᠨ ᠪᠠᠶᠢᠭᠤᠯᠣᠮᠵᠢ  ᠳᠤ ᠬᠠᠷᠢᠴᠠᠩᠭᠤᠢ  ᠪᠠᠷ ᠲᠦᠪᠯᠡᠷᠡᠵᠣ᠂ ᠡᠮᠨᠡᠯᠬᠡ  ᠶᠢᠨ ᠬᠤᠷᠢᠶ᠎ᠠ  ᠶᠢ ᠲᠠᠭᠠᠭᠠᠴᠠ  ᠠᠴᠠ ᠨᠢ ᠲᠠᠪᠠᠭᠤᠯᠵᠣ ᠪᠠᠶᠢᠨ᠎ᠠ᠃ ᠬᠤᠳᠠ ᠬᠦᠳᠡᠭᠡ ᠎ ᠶᠢᠨ ᠡᠮᠨᠡᠯᠬᠡ  ᠶᠢᠨ ᠡᠬᠢ ᠪᠠᠶᠠᠯᠢᠭ ᠪᠠ ᠡᠮᠨᠡᠯᠬᠡ  ᠶᠢᠨ ᠣᠶᠢᠯᠡᠴᠢᠯᠡᠬᠡᠨ  ᠤ ᠬᠢᠷᠢ ᠲᠦᠪᠰᠢᠨ  ᠤ ᠵᠦᠷᠢᠶ᠎ᠡ ᠢᠯᠡᠳᠳᠡ ᠪᠠᠶᠢᠨ᠎ᠠ᠃     ︵ᠭᠤᠷᠪᠠ︶ ᠡᠮᠨᠡᠯᠬᠡ  ᠶᠢᠨ ᠪᠠᠶᠢᠭᠤᠯᠣᠮᠵᠢ  ᠶᠢᠨ ᠪᠦᠲᠦᠴᠡ ᠨᠢ ᠵᠣᠬᠢᠰ ᠦᠬᠡᠢ ᠪᠠᠶᠢᠨ᠎ᠠ᠃ ᠡᠮᠨᠡᠯᠬᠡ  ᠶᠢᠨ ᠡᠬᠢ ᠪᠠᠶᠠᠯᠢᠭ  ᠢ ᠠᠰᠢᠭᠯᠠᠭᠰᠠᠨ ᠦᠷ᠎ᠡ ᠨᠣᠷᠮ᠎ᠠ ᠨᠢ ᠲᠡᠩᠴᠡᠭᠦᠷᠢ ᠦᠬᠡᠢ ᠪᠠᠶᠢᠨ᠎ᠠ᠃ ᠪᠦᠬᠦ ᠬᠤᠳᠠ  ᠶᠢᠨ ᠡᠮᠨᠡᠯᠬᠡ ᠎ ᠶᠢᠨ ᠪᠠᠶᠢᠭᠤᠯᠣᠮᠵᠢ ᠨᠢ ᠶᠡᠷᠦᠩᠬᠡᠶᠢᠯᠡᠭᠰᠡᠨ ᠡᠮᠨᠡᠯᠬᠡ  ᠶᠢᠨ ᠬᠤᠷᠢᠶ᠎ᠠ  ᠪᠠᠷ ᠭᠤᠣᠯ ᠪᠣᠯᠭᠠᠵᠣ ᠪᠠᠶᠢᠨ᠎ᠠ᠃ ᠲᠣᠰᠬᠠᠢ ᠡᠮᠨᠡᠯᠬᠡ  ᠶᠢᠨ ᠬᠤᠷᠢᠶ᠎ᠠ ᠶᠢᠨ ᠲᠦᠷᠦᠯ ᠵᠣᠶᠢᠯ ᠨᠢ ᠲᠣᠳᠠᠮᠠᠭ᠂ ᠲᠤᠭ᠎ᠠ ᠬᠡᠮᠵᠢᠶ᠎ᠡ ᠨᠢ ᠴᠦᠬᠡᠨ᠂ ᠬᠦᠷᠢᠶ᠎ᠡ ᠬᠡᠪᠴᠢᠶ᠎ᠡ ᠎ ᠨᠢ ᠪᠠᠭ᠎ᠠ ᠪᠠᠶᠢᠵᠣ᠂ ᠡᠮᠨᠡᠯᠬᠡ  ᠶᠢᠨ ᠣᠶᠢᠯᠡᠴᠢᠯᠡᠬᠡᠨ  ᠤ ᠴᠢᠳᠠᠪᠦᠷᠢ ᠪᠠ ᠡᠮᠨᠡᠯᠬᠡ  ᠶᠢᠨ ᠣᠶᠢᠯᠡᠴᠢᠯᠡᠬᠡᠨ  ᠤ ᠰᠠᠴᠣᠷᠠᠭ  ᠤᠨ ᠴᠢᠳᠠᠪᠦᠷᠢ ᠨᠢ ᠴᠢᠩᠭ᠎ᠠ ᠪᠣᠰᠣ ᠪᠠᠶᠢᠨ᠎ᠠ᠃ ᠪᠦᠬᠦ ᠬᠤᠳᠠ  ᠳᠤ ᠣᠶᠣᠨ ᠮᠡᠳᠡᠷᠡᠯ  ᠤᠨ ᠡᠷᠡᠭᠦᠯ ᠬᠠᠮᠠᠭᠠᠯᠠᠯ  ᠤᠨ ᠲᠦᠪ᠂ ᠬᠡᠣᠬᠡᠳ  ᠤᠨ ᠡᠮᠨᠡᠯᠬᠡ  ᠶᠢᠨ ᠬᠤᠷᠢᠶ᠎ᠠ᠂ ᠬᠦᠩᠬᠡᠵᠢᠭᠦᠯᠬᠦ ᠡᠮᠨᠡᠯᠬᠡ  ᠶᠢᠨ ᠬᠤᠷᠢᠶ᠎ᠠ᠂ ᠴᠢᠬᠢ ᠬᠠᠮᠠᠷ ᠬᠤᠭᠤᠯᠠᠢ  ᠶᠢᠨ ᠡᠮᠨᠡᠯᠬᠡ ᠶᠢᠨ ᠬᠤᠷᠢᠶ᠎ᠠ᠂ ᠰᠣᠪᠢᠯᠠᠬᠤ ᠬᠤᠷᠢᠶ᠎ᠠ ᠵᠡᠷᠬᠡ ᠲᠣᠰᠬᠠᠢ ᠡᠮᠨᠡᠯᠬᠡ  ᠶᠢᠨ ᠬᠤᠷᠢᠶ᠎ᠠ ᠪᠠᠶᠢᠬᠤ ᠦᠬᠡᠢ᠃      ︵ᠲᠦᠷᠪᠡ︶ ᠣᠯᠠᠨ ᠡᠰᠢᠵᠢᠭᠦᠯᠦᠯᠳᠡ  ᠪᠠᠷ ᠡᠮᠨᠡᠯᠬᠡ ᠪᠠᠶᠢᠭᠤᠯᠬᠤ ᠪᠠᠶᠢᠳᠠᠯ ᠨᠢ ᠬᠠᠷᠠᠬᠠᠨ ᠬᠦᠷᠢᠶ᠎ᠡ ᠬᠡᠪᠴᠢᠶᠡᠵᠢᠬᠡᠳᠣᠢ ᠪᠠᠶᠢᠨ᠎ᠠ᠃ ᠮᠠᠨ  ᠤ ᠬᠤᠳᠠ ᠣᠯᠠᠨ ᠵᠢᠯ  ᠤᠨ ᠲᠣᠷᠰᠢ  ᠳᠤ ᠨᠡᠶᠢᠬᠡᠮ ᠤᠨ ᠭᠦᠴᠦᠨ  ᠢ ᠢᠳᠡᠪᠬᠢᠲᠠᠢ ᠵᠣᠷᠢᠭᠵᠢᠭᠤᠯᠣᠨ  ᠬᠦᠭᠵᠢᠭᠦᠯᠦᠨ ᠡᠮᠨᠡᠯᠬᠡ ᠪᠠᠶᠢᠭᠤᠯᠵᠣ᠂ ᠨᠡᠶᠢᠬᠡᠮ ᠠᠴᠠ ᠪᠠᠶᠢᠭᠤᠯᠣᠭᠰᠠᠨ ᠡᠮᠨᠡᠯᠬᠡ ᠎ ᠶᠢᠨ ᠪᠠᠶᠢᠭᠤᠯᠣᠮᠵᠢ  ᠶᠢᠨ ᠲᠤᠭ᠎ᠠ ᠬᠡᠮᠵᠢᠶ᠎ᠡ ᠨᠢ ᠵᠢᠯ ᠲᠠᠷᠠᠭᠠᠯᠠᠨ ᠨᠡᠮᠡᠭᠳᠡᠵᠣ ᠪᠠᠶᠢᠨ᠎ᠠ᠃ ᠬᠡᠳᠡᠯ᠎ᠡ ᠡᠮᠨᠡᠯᠬᠡ  ᠶᠢᠨ ᠣᠶᠢᠯᠡᠴᠢᠯᠡᠬᠡᠨ  ᠤ ᠬᠢᠷᠢ ᠲᠦᠪᠰᠢᠨ ᠨᠢ ᠲᠣᠣᠷ᠎ᠠ᠂ ᠬᠡᠪᠴᠢᠶ᠎ᠡ ᠨᠢ ᠪᠠᠭ᠎ᠠ ᠮᠦᠷᠳᠡᠬᠡᠨ ᠴᠢᠳᠠᠮᠵᠢ ᠨᠢ ᠪᠦᠷᠢᠨ ᠪᠣᠰᠣ᠂ ᠡᠪᠡᠳᠴᠢᠳᠡᠨ  ᠤ ᠣᠷᠣ  ᠶᠢᠨ ᠬᠡᠷᠡᠭᠯᠡᠯᠳᠡ  ᠶᠢᠨ ᠨᠣᠷᠮ᠎ᠠ ᠨᠢ ᠲᠣᠣᠷ᠎ᠠ ᠪᠠᠶᠢᠵᠣ᠂ ᠠᠯᠪᠠᠨ  ᠠᠴᠠ ᠪᠠᠶᠢᠭᠤᠯᠣᠭᠰᠠᠨ ᠡᠮᠨᠡᠯᠬᠡ  ᠶᠢᠨ ᠬᠤᠷᠢᠶ᠎ᠠ ᠲᠠᠢ ᠬᠠᠷᠢᠯᠴᠠᠨ ᠠᠬᠢᠭᠤᠯᠵᠣ᠂ ᠬᠠᠮᠳᠣᠪᠠᠷ ᠬᠦᠭᠵᠢᠬᠦ ᠪᠠᠶᠢᠳᠠᠯ  ᠢ ᠬᠠᠷᠠᠬᠠᠨ ᠪᠦᠷᠢᠯᠳᠦᠭᠦᠯᠦᠬᠡᠳᠣᠢ ᠪᠠᠶᠢᠨ᠎ᠠ᠃      ︵ᠲᠠᠪᠤ︶ ᠡᠮᠨᠡᠯᠬᠡ  ᠶᠢᠨ ᠣᠶᠢᠯᠡᠴᠢᠯᠡᠬᠡᠨ  ᠤ ᠰᠢᠰᠲ᠋ᠧᠮᠵᠢ  ᠶᠢᠨ ᠲᠣᠮᠳᠠ ᠡᠷᠬᠡ ᠲᠡᠭᠰᠢ ᠪᠠ ᠦᠷ᠎ᠡ ᠠᠰᠢᠭ ᠎ ᠤᠨ ᠵᠦᠷᠢᠴᠡᠯ ᠲᠣᠪᠣᠶᠢᠮ᠎ᠠ ᠪᠠᠶᠢᠨ᠎ᠠ᠃ ᠬᠤᠳᠠ ᠬᠦᠳᠡᠭᠡ  ᠶᠢ ᠨᠢᠭᠡᠳᠣᠯᠲᠠᠢ ᠲᠦᠯᠦᠪᠯᠡᠬᠦ ᠪᠠ ᠬᠤᠳᠠᠴᠢᠯᠠᠯᠳᠠ  ᠶᠢᠨ ᠠᠯᠬᠤᠴᠠ ᠲᠦᠷᠬᠡᠳᠬᠦ  ᠶᠢ ᠲᠠᠭᠠᠯᠳᠣᠨ᠂ ᠮᠠᠯᠵᠢᠬᠤ ᠲᠠᠷᠢᠶᠠᠯᠠᠬᠤ ᠣᠷᠣᠨ  ᠤ ᠬᠦᠮᠦᠨ ᠠᠮᠠ ᠵᠢᠯ  ᠠᠴᠠ ᠵᠢᠯ ᠴᠦᠬᠡᠷᠡᠵᠣ᠂ ᠰᠠᠭᠤᠷᠢᠰᠢᠯ ᠨᠢ ᠲᠠᠷᠬᠠᠢ ᠪᠣᠳᠠᠷᠬᠠᠢ᠂ ᠨᠢᠭᠳᠠᠴᠠ ᠨᠢ ᠲᠣᠣᠷ᠎ᠠ ᠪᠠᠶᠢᠨ᠎ᠠ᠃ ᠮᠠᠯᠵᠢᠬᠤ ᠲᠠᠷᠢᠶᠠᠯᠠᠬᠤ ᠣᠷᠣᠨ  ᠤ ᠡᠮᠨᠡᠯᠬᠡ  ᠶᠢᠨ ᠪᠠᠶᠢᠭᠤᠯᠣᠮᠵᠢ  ᠶᠢᠨ ᠣᠨᠣᠰᠢᠯᠠᠨ ᠡᠮᠨᠡᠬᠦ ᠬᠦᠮᠦᠨ ᠣᠳᠠᠭ᠎ᠠ᠂ ᠡᠮᠨᠡᠯᠬᠡ  ᠳᠤ ᠰᠠᠭᠤᠬᠤ ᠬᠦᠮᠦᠨ ᠣᠳᠠᠭ᠎ᠠ᠂ ᠠᠵᠣ ᠠᠬᠤᠢ  ᠶᠢᠨ ᠦᠷ᠎ᠡ ᠠᠰᠢᠭ ᠪᠠᠭᠤᠷᠠᠪᠠ᠃ ᠬᠡᠷᠪᠡ ᠬᠦᠮᠦᠨ ᠠᠮᠠ  ᠶᠢᠨ ᠲᠤᠭ᠎ᠠ ᠶᠢ ᠦᠨᠳᠦᠰᠦᠯᠡᠨ ᠡᠮᠨᠡᠯᠬᠡ  ᠶᠢᠨ ᠪᠠᠶᠢᠭᠤᠯᠣᠮᠵᠢ ᠲᠣᠬᠢᠷᠠᠭᠤᠯᠪᠠᠯ ᠡᠮᠨᠡᠯᠬᠡ  ᠶᠢᠨ ᠪᠠᠶᠢᠭᠤᠯᠣᠮᠵᠢ ᠨᠡᠯᠢᠶᠡᠳ ᠴᠦᠬᠡᠷᠡᠵᠣ᠂ ᠮᠠᠯᠴᠢᠨ ᠲᠠᠷᠢᠶᠠᠴᠢᠳ  ᠤᠨ ᠡᠮᠨᠡᠯᠬᠡ  ᠶᠢᠨ ᠬᠡᠷᠡᠭᠴᠡᠭᠡ  ᠶᠢ ᠬᠠᠩᠭᠠᠵᠣ ᠲᠡᠶᠢᠯᠬᠦ ᠦᠬᠡᠢ ᠪᠣᠯᠣᠨ᠎ᠠ᠃ ᠮᠠᠯᠴᠢᠨ ᠲᠠᠷᠢᠶᠠᠴᠢᠳ  ᠤᠨ ᠡᠮᠨᠡᠯᠬᠡ  ᠶᠢᠨ ᠣᠶᠢᠯᠡᠴᠢᠯᠡᠬᠡᠨ  ᠤ ᠬᠦᠷᠴᠣ ᠲᠡᠶᠢᠯᠬᠦ ᠴᠢᠨᠠᠷ ᠪᠠᠭᠤᠷᠠᠵᠣ᠂ ᠡᠮ ᠡᠮᠨᠡᠯᠬᠡ ᠡᠷᠡᠭᠦᠯ ᠬᠠᠮᠠᠭᠠᠯᠠᠯ  ᠤᠨ ᠡᠷᠬᠡ ᠲᠡᠭᠰᠢ ᠴᠢᠨᠠᠷ  ᠎ ᠢ ᠠᠯᠳᠠᠪᠠ᠃      ᠲᠦᠷᠪᠡ᠂ ᠡᠮᠨᠡᠯᠬᠡ  ᠶᠢᠨ ᠪᠠᠶᠢᠭᠤᠯᠣᠮᠵᠢ  ᠶᠢᠨ ᠲᠦᠯᠦᠪᠵᠢᠭᠦᠯᠬᠡ ᠵᠢᠴᠢ ᠬᠦᠭᠵᠢᠯᠳᠡ ᠶᠢᠨ ᠠᠭᠤᠯᠭ᠎ᠠ      ᠣᠷᠣᠰᠢᠵᠣ ᠪᠠᠶᠢᠭ᠎ᠠ ᠠᠰᠠᠭᠤᠳᠠᠯ  ᠢ ᠦᠨᠳᠦᠰᠦᠯᠡᠨ᠂ ᠮᠠᠨ  ᠤ ᠬᠤᠳᠠ  ᠶᠢᠨ ᠬᠦᠮᠦᠨ ᠠᠮᠠ ᠭᠠᠵᠠᠷ ᠣᠷᠣᠨ ᠤ ᠪᠣᠳᠠᠳᠣ ᠪᠠᠶᠢᠳᠠᠯ ᠲᠠᠢ ᠣᠶᠠᠯᠳᠣᠭᠤᠯᠵᠣ᠂ ᠠᠯᠪᠠᠨ  ᠠᠴᠠ ᠪᠠᠶᠢᠭᠤᠯᠣᠭᠰᠠᠨ ᠡᠮᠨᠡᠯᠬᠡ  ᠶᠢᠨ ᠡᠬᠢ ᠪᠠᠶᠠᠯᠢᠭ  ᠤᠨ ᠲᠣᠬᠢᠷᠠᠭᠤᠯᠣᠯᠳᠠ ᠨᠢ ᠭᠤᠣᠯᠳᠣᠯᠭ᠎ᠠ ᠲᠠᠢ ᠪᠦᠲᠦᠬᠡᠨ ᠪᠠᠶᠢᠭᠤᠯᠬᠤ ᠪᠠ ᠪᠦᠲᠦᠴᠡ  ᠶᠢ ᠲᠣᠬᠢᠷᠠᠭᠤᠯᠬᠤ  ᠪᠠᠷ ᠭᠤᠣᠯ ᠪᠣᠯᠭᠠᠵᠣ᠂ ᠣᠳᠣ ᠪᠠᠶᠢᠭ᠎ᠠ ᠡᠮᠨᠡᠯᠬᠡ ᠶᠢᠨ ᠡᠬᠢ ᠪᠠᠶᠠᠯᠢᠭ  ᠤᠨ ᠦᠷ᠎ᠡ ᠪᠦᠲᠦᠮᠵᠢ  ᠶᠢ ᠲᠡᠭᠡᠭᠰᠢᠯᠡᠭᠦᠯᠬᠦ  ᠪᠠᠷ ᠭᠤᠣᠯ ᠪᠣᠯᠭᠠᠵᠣ᠂ ᠣᠨᠴᠠᠭᠠᠶᠢᠯᠠᠨ ᠦᠨᠳᠦᠰᠦᠨ ᠱᠠᠳᠣᠨ  ᠤ ᠡᠮᠨᠡᠯᠬᠡ  ᠶᠢᠨ ᠪᠠᠶᠢᠭᠤᠯᠣᠮᠵᠢ ᠎ ᠶᠢᠨ ᠡᠬᠢ ᠪᠠᠶᠠᠯᠢᠭ ᠤᠨ ᠠᠰᠢᠭᠯᠠᠯᠳᠠ ᠶᠢᠨ ᠨᠣᠷᠮ᠎ᠠ ᠶᠢ ᠲᠡᠭᠡᠭᠰᠢᠯᠡᠭᠦᠯᠦᠨ᠎ᠡ᠃ ᠣᠳᠣ ᠪᠠᠶᠢᠭ᠎ᠠ ᠭᠤᠷᠪᠠᠳᠣᠭᠠᠷ ᠲᠡᠰ ᠎ ᠤᠨ ᠡᠮᠨᠡᠯᠬᠡ  ᠶᠢᠨ ᠬᠤᠷᠢᠶᠠᠨ  ᠤ ᠬᠡᠪᠴᠢᠶ᠎ᠡ  ᠶᠢ ᠵᠣᠬᠢᠬᠤ ᠬᠡᠮᠵᠢᠶᠡᠨ  ᠢᠶᠠᠷ ᠬᠢᠵᠠᠭᠠᠷᠯᠠᠵᠣ᠂ ᠲᠣᠳᠣᠭᠠᠳᠣ ᠠᠭᠤᠯᠬᠤᠨ ᠤ ᠪᠠᠶᠢᠭᠤᠯᠣᠯᠳᠠ ᠶᠢ ᠭᠤᠣᠯᠳᠠᠯᠭ᠎ᠠ ᠲᠠᠢ ᠴᠢᠩᠭᠠᠳᠬᠠᠵᠣ᠂ ᠣᠶᠢᠯᠡᠴᠢᠯᠡᠬᠡᠨ ᠤ ᠴᠢᠳᠠᠪᠦᠷᠢ ᠪᠠ ᠶᠠᠰᠣ ᠴᠢᠨᠠᠷ  ᠢ ᠲᠡᠭᠡᠭᠰᠢᠯᠡᠭᠦᠯᠦᠨ᠎ᠡ᠃ ᠡᠯ᠎ᠡ ᠬᠤᠰᠢᠭᠤ ᠲᠣᠭᠤᠷᠢᠭ  ᠤᠨ ᠶᠡᠷᠦᠩᠬᠡᠶᠢᠯᠡᠭᠰᠡᠨ ᠡᠮᠨᠡᠯᠬᠡ  ᠶᠢᠨ ᠬᠤᠷᠢᠶ᠎ᠠ  ᠶᠢ ᠴᠦᠮ ᠬᠤᠶᠠᠳᠣᠭᠠᠷ ᠵᠡᠷᠬᠡ ᠶᠢᠨ ᠬᠦᠬᠡ ᠲᠡᠰ  ᠤᠨ ᠪᠠᠷᠢᠮᠵᠢᠶ᠎ᠠ  ᠳᠤ ᠬᠦᠷᠬᠡᠵᠣ᠂ ᠵᠠᠷᠢᠮ ᠨᠦᠭᠦᠴᠡᠯ  ᠳᠤ ᠨᠡᠶᠢᠴᠡᠬᠦ ᠬᠤᠶᠠᠳᠣᠭᠠᠷ ᠵᠡᠷᠬᠡ  ᠶᠢᠨ ᠬᠦᠬᠡ ᠲᠡᠰ  ᠤᠨ ᠡᠮᠨᠡᠯᠬᠡ  ᠶᠢᠨ ᠬᠤᠷᠢᠶ᠎ᠠ  ᠶᠢ ᠭᠤᠷᠪᠠᠳᠣᠭᠠᠷ ᠵᠡᠷᠬᠡ ᠶᠢᠨ ᠡᠮᠨᠡᠯᠬᠡ ᠎ ᠶᠢᠨ ᠬᠤᠷᠢᠶ᠎ᠠ ᠪᠣᠯᠭᠠᠨ ᠲᠡᠪᠰᠢᠭᠦᠯᠦᠨ᠎ᠡ᠃ ᠡᠯ᠎ᠡ ᠬᠤᠰᠢᠭᠤ ᠲᠣᠭᠤᠷᠢᠭ  ᠤᠨ ᠮᠣᠩᠭᠤᠯ ᠬᠢᠳᠠᠳ ᠡᠮᠨᠡᠯᠬᠡ  ᠶᠢᠨ ᠬᠤᠷᠢᠶᠠᠨ  ᠤ ᠪᠦᠲᠦᠬᠡᠨ ᠪᠠᠶᠢᠭᠤᠯᠣᠯᠳᠠ  ᠶᠢ ᠴᠢᠩᠭᠠᠳᠬᠠᠵᠣ᠂ ᠬᠤᠰᠢᠭᠤ ᠲᠣᠭᠤᠷᠢᠭ ᠪᠣᠯᠭᠠᠨ ᠠᠳᠠᠭ ᠪᠠᠭ᠎ᠠ ᠎ ᠳᠠᠭᠠᠨ 1 ᠮᠣᠩᠭᠤᠯ ᠬᠢᠳᠠᠳ ᠡᠮᠨᠡᠯᠬᠡ  ᠶᠢᠨ ᠬᠤᠷᠢᠶ᠎ᠠ ᠪᠠᠶᠢᠭᠤᠯᠵᠣ᠂ ᠭᠤᠤᠯᠳᠠᠯᠭᠠᠳᠤ ᠬᠤᠳᠠ ᠲᠣᠭᠤᠷᠢᠭ  ᠤᠨ ᠮᠣᠩᠭᠤᠯ ᠬᠢᠳᠠᠳ ᠡᠮᠨᠡᠯᠬᠡ ᠶᠢᠨ ᠬᠤᠷᠢᠶ᠎ᠠ  ᠶᠢᠨ ᠰᠠᠭᠤᠷᠢ ᠲᠦᠭᠦᠭᠡᠷᠣᠮᠵᠢ  ᠶᠢᠨ ᠪᠦᠲᠦᠬᠡᠨ ᠪᠠᠶᠢᠭᠤᠯᠣᠯᠳᠠ  ᠶᠢ ᠶᠡᠬᠡᠪᠡᠷ ᠠᠬᠢᠭᠤᠯᠣᠨ᠎ᠠ᠃ ᠰᠠᠭᠤᠭᠠᠯᠢ ᠠᠷᠠᠳ  ᠤᠨ ᠡᠷᠡᠭᠦᠯ ᠮᠡᠨᠳᠣ  ᠶᠢᠨ ᠬᠡᠷᠡᠭᠴᠡᠭᠡ ᠪᠠ ᠣᠵᠢᠭ ᠡᠪᠡᠳᠴᠢᠨ ᠡᠮᠬᠡᠭ  ᠤᠨ ᠪᠦᠷᠢᠯᠳᠦᠯ  ᠢ ᠦᠨᠳᠦᠰᠦᠯᠡᠨ᠂ ᠣᠨᠴᠠᠯᠢᠭᠳᠣ ᠲᠣᠰᠬᠠᠢ ᠡᠮᠨᠡᠯᠬᠡ  ᠶᠢᠨ ᠪᠠᠶᠢᠭᠤᠯᠣᠯᠳᠠ  ᠶᠢ ᠭᠤᠣᠯᠳᠠᠯᠭ᠎ᠠ ᠲᠠᠢ ᠴᠢᠩᠭᠠᠳᠬᠠᠵᠣ᠂ ᠦᠵᠦᠭᠦᠷ ᠲᠡᠰ ᠪᠣᠶᠣ ᠡᠰᠡᠭᠦᠯ᠎ᠡ ᠣᠨᠴᠠᠭᠠᠢ ᠬᠡᠷᠡᠭᠴᠡᠬᠡᠨ  ᠤ ᠡᠮᠨᠡᠯᠬᠡ  ᠶᠢᠨ ᠣᠶᠢᠯᠡᠴᠢᠯᠡᠭᠡ  ᠶᠢ ᠵᠣᠬᠢᠬᠤ ᠬᠡᠮᠵᠢᠶᠡᠨ  ᠢᠶᠠᠷ ᠦᠷᠨᠢᠭᠦᠯᠵᠣ᠂ ᠨᠡᠶᠢᠬᠡᠮ  ᠤᠨ ᠬᠦᠷᠦᠩᠬᠡ  ᠶᠢ ᠵᠣᠷᠢᠭᠵᠢᠭᠤᠯᠣᠨ ᠲᠣᠰᠬᠠᠢ ᠡᠮᠨᠡᠯᠬᠡ  ᠶᠢᠨ ᠬᠤᠷᠢᠶ᠎ᠠ ᠪᠠᠶᠢᠭᠤᠯᠵᠣ᠂ ᠵᠠᠰᠠᠭ  ᠤᠨ ᠣᠷᠳᠣᠨ  ᠠᠴᠠ ᠵᠣᠬᠢᠬᠤ ᠬᠡᠮᠵᠢᠶᠡᠨ  ᠤ ᠵᠠᠷᠣᠳᠠᠯ ᠎ ᠤᠨ ᠨᠦᠬᠦᠪᠦᠷᠢ ᠦᠭᠭᠦᠨ᠎ᠡ᠃ ᠵᠢᠷᠦᠬᠡ ᠲᠠᠷᠢᠬᠢᠨ ᠰᠣᠳᠠᠯ  ᠤᠨ ᠡᠪᠡᠳᠴᠢᠨ᠂ ᠣᠵᠢᠭ ᠡᠪᠡᠳᠴᠢᠨ᠂ ᠦᠳᠡᠭᠦᠰ ᠎ ᠤᠨ ᠡᠪᠡᠳᠴᠢᠨ᠂ ᠠᠵᠢᠯ  ᠤᠨ ᠨᠦᠯᠦᠬᠡᠨ  ᠤ ᠡᠪᠡᠳᠴᠢᠨ᠂ ᠣᠷᠣᠨ ᠨᠣᠳᠤᠭ  ᠤᠨ ᠡᠪᠡᠳᠴᠢᠨ᠂ ᠣᠶᠣᠨ ᠮᠡᠳᠡᠷᠡᠯ  ᠤᠨ ᠡᠪᠡᠳᠴᠢᠨ᠂ ᠡᠷᠡᠭᠦᠯᠵᠢᠬᠦ ᠵᠢᠴᠢ ᠬᠠᠪᠣᠳᠠᠷ᠂ ᠠᠮᠠᠨ ᠬᠦᠨᠳᠡᠢ᠂ ᠨᠢᠳᠣᠨ  ᠤ ᠡᠮᠨᠡᠯᠬᠡ᠂ ᠰᠢᠷᠬ᠎ᠠ ᠶᠠᠰᠣᠨ  ᠤ ᠡᠮᠨᠡᠯᠬᠡ᠂ ᠡᠮᠨᠡᠯᠬᠡ  ᠶᠢᠨ ᠵᠢᠰᠣ ᠭᠤᠶᠣᠯᠠᠬᠤ᠂ ᠨᠠᠰᠦ ᠨᠦᠭᠴᠢᠬᠦ ᠦᠶ᠎ᠡ  ᠳᠤ ᠬᠠᠯᠠᠮᠵᠢᠯᠠᠬᠤ ᠡᠮᠨᠡᠯᠬᠡ ᠎ ᠶᠢᠨ ᠣᠶᠢᠯᠡᠴᠢᠯᠡᠭᠡ ᠵᠡᠷᠬᠡ ᠲᠣᠰᠬᠠᠢ ᠡᠮᠨᠡᠯᠬᠡ ᠶᠢᠨ ᠪᠠᠶᠢᠭᠤᠯᠣᠯᠳᠠ  ᠶᠢ ᠲᠦᠯᠦᠪᠵᠢᠭᠦᠯᠬᠡ ᠲᠠᠢ  ᠪᠠᠷ ᠴᠢᠩᠭᠠᠳᠬᠠᠵᠣ᠂ ᠰᠠᠭᠤᠭᠠᠯᠢ ᠠᠷᠠᠳ  ᠤᠨ ᠭᠤᠣᠯ ᠡᠷᠡᠭᠦᠯ ᠮᠡᠨᠳᠣ  ᠶᠢᠨ ᠠᠰᠠᠭᠤᠳᠠᠯ  ᠢ ᠦᠨᠳᠦᠰᠦᠨ ᠳᠡᠭᠡᠨ ᠪᠦᠷᠬᠦᠭᠰᠡᠨ ᠲᠣᠰᠬᠠᠢ ᠡᠮᠨᠡᠯᠬᠡ ᠶᠢᠨ ᠰᠢᠰᠲ᠋ᠧᠮᠵᠢ  ᠶᠢ ᠪᠦᠷᠢᠯᠳᠦᠭᠦᠯᠦᠨ᠎ᠡ᠃ ᠬᠤᠳᠠ ᠪᠠᠯᠭᠠᠰᠣᠨ  ᠤ ᠨᠡᠶᠢᠬᠡᠮ ᠲᠣᠭᠤᠷᠢᠭ  ᠤᠨ ᠡᠷᠡᠭᠦᠯ ᠬᠠᠮᠠᠭᠠᠯᠠᠯ  ᠤᠨ ᠣᠶᠢᠯᠡᠴᠢᠯᠡᠬᠡᠨ  ᠤ ᠪᠠᠶᠢᠭᠤᠯᠣᠮᠵᠢ  ᠶᠢᠨ ᠪᠦᠲᠦᠬᠡᠨ ᠪᠠᠶᠢᠭᠤᠯᠣᠯᠳᠠ  ᠶᠢ ᠴᠢᠩᠭᠠᠳᠬᠠᠵᠣ᠂ ᠪᠦᠬᠦ ᠬᠤᠳᠠ  ᠶᠢ ᠪᠦᠷᠬᠦᠭᠰᠡᠨ ᠬᠤᠳᠠ  ᠶᠢᠨ ᠨᠡᠶᠢᠬᠡᠮ ᠲᠣᠭᠤᠷᠢᠭ  ᠤᠨ ᠡᠷᠡᠭᠦᠯ ᠬᠠᠮᠠᠭᠠᠯᠠᠯ ᠤᠨ ᠣᠶᠢᠯᠡᠴᠢᠯᠡᠬᠡᠨ  ᠤ ᠲᠣᠣᠷ ᠰᠦᠯᠵᠢᠶ᠎ᠡ  ᠶᠢ ᠪᠦᠷᠢᠯᠳᠦᠭᠦᠯᠵᠣ᠂ ᠣᠶᠢᠯᠡᠴᠢᠯᠡᠬᠡᠨ ᠤ ᠴᠢᠳᠠᠪᠦᠷᠢ ᠶᠢ ᠲᠠᠰᠣᠷᠠᠯᠳᠠ ᠦᠬᠡᠢ ᠲᠡᠭᠡᠭᠰᠢᠯᠡᠭᠦᠯᠵᠣ᠂ ᠨᠡᠶᠢᠬᠡᠮ ᠲᠣᠭᠤᠷᠢᠭ  ᠤᠨ ᠰᠠᠭᠤᠭᠠᠯᠢ ᠠᠷᠠᠳ ᠤᠨ ᠦᠨᠳᠦᠰᠦᠨ ᠡᠮᠨᠡᠯᠬᠡ᠂ ᠰᠡᠷᠭᠡᠶᠢᠯᠡᠯᠳᠡ᠂ ᠡᠷᠡᠭᠦᠯᠵᠢᠯ  ᠤᠨ ᠬᠡᠷᠡᠭᠴᠡᠭᠡ  ᠶᠢ ᠬᠠᠩᠭᠠᠨ᠎ᠠ᠃ ᠬᠤᠳᠠ  ᠶᠢᠨ ᠡᠮᠨᠡᠯᠬᠡ  ᠶᠢᠨ ᠠᠪᠣᠷᠠᠨ ᠲᠣᠰᠠᠯᠠᠬᠤ ᠵᠢᠯᠣᠭᠤᠳᠬᠤ ᠲᠦᠪ ᠵᠢᠴᠢ ᠡᠯ᠎ᠡ ᠲᠦᠷᠬᠡᠨ ᠠᠪᠣᠷᠠᠯᠳᠠ  ᠶᠢᠨ ᠦᠷᠳᠡᠭᠡ  ᠶᠢᠨ ᠪᠦᠲᠦᠬᠡᠨ ᠪᠠᠶᠢᠭᠤᠯᠣᠯᠳᠠ  ᠶᠢ ᠴᠢᠩᠭᠠᠳᠬᠠᠵᠣ᠂ ᠲᠡᠭᠦᠯᠳᠡᠷᠵᠢᠭᠰᠡᠨ᠂ ᠪᠦᠲᠦᠮᠵᠢᠲᠠᠢ ᠡᠮᠨᠡᠯᠬᠡ  ᠠᠴᠠ ᠡᠮᠦᠨᠡᠬᠢ ᠲᠦᠷᠬᠡᠨ ᠠᠪᠣᠷᠠᠯᠳᠠ  ᠶᠢᠨ ᠰᠢᠰᠲ᠋ᠧᠮᠵᠢ  ᠶᠢ ᠠᠭᠠᠮᠵᠢᠨ  ᠢᠶᠠᠷ ᠪᠦᠷᠢᠯᠳᠦᠭᠦᠯᠦᠨ᠎ᠡ᠃ ᠡᠮᠨᠡᠯᠬᠡ  ᠶᠢᠨ ᠪᠠᠶᠢᠭᠤᠯᠣᠮᠵᠢ  ᠶᠢᠨ ᠵᠦᠪᠰᠢᠶᠡᠷᠡᠨ ᠣᠷᠣᠭᠤᠯᠬᠤ ᠪᠠᠷᠢᠮᠵᠢᠶ᠎ᠠ  ᠶᠢ ᠴᠢᠩᠭ᠎ᠠ ᠬᠡᠷᠡᠭᠵᠢᠭᠦᠯᠵᠣ᠂ ᠠᠷᠠᠳ  ᠤᠨ ᠡᠵᠡᠩᠨᠡᠯ ᠤᠨ ᠡᠮᠨᠡᠯᠬᠡ  ᠶᠢᠨ ᠪᠠᠶᠢᠭᠤᠯᠣᠮᠵᠢ  ᠶᠢ ᠵᠦᠪᠰᠢᠶᠡᠷᠡᠨ ᠣᠷᠣᠭᠤᠯᠬᠤ ᠨᠦᠬᠦᠴᠡᠯ  ᠢ ᠵᠣᠬᠢᠬᠤ ᠬᠡᠮᠵᠢᠶ᠎ᠠ ᠪᠠᠷ ᠠᠭᠤᠵᠢᠮ ᠲᠠᠯᠪᠢᠵᠣ᠂ ᠨᠡᠶᠢᠬᠡᠮ  ᠤᠨ ᠭᠦᠴᠦᠨ  ᠢ ᠵᠣᠷᠢᠭᠵᠢᠭᠤᠯᠣᠨ ᠵᠣᠬᠢᠬᠤ ᠬᠡᠮᠵᠢᠶᠡᠨ  ᠤ ᠬᠦᠷᠢᠶ᠎ᠡ ᠬᠡᠪᠴᠢᠶ᠎ᠡ ᠲᠠᠢ᠂ ᠲᠣᠰᠬᠠᠢ ᠡᠮᠨᠡᠯᠬᠡ ᠎ ᠶᠢᠨ ᠣᠨᠴᠠᠯᠢᠭ ᠲᠠᠢ ᠡᠮᠨᠡᠯᠬᠡ  ᠶᠢᠨ ᠪᠠᠶᠢᠭᠤᠯᠣᠮᠵᠢ ᠪᠠᠶᠢᠭᠤᠯᠣᠨ᠎ᠠ᠃      ᠮᠠᠨ  ᠤ ᠬᠤᠳᠠ  ᠶᠢᠨ ᠬᠦᠮᠦᠨ ᠠᠮᠠᠨ  ᠤ ᠨᠡᠮᠡᠭᠳᠡᠯ  ᠤᠨ ᠪᠠᠶᠢᠳᠠᠯ  ᠢ ᠦᠨᠳᠦᠰᠦᠯᠡᠪᠡᠯ᠂ 2015 ᠣᠨ ᠬᠦᠷᠬᠦ  ᠳᠤ᠂ ᠮᠠᠨ  ᠤ ᠬᠤᠳᠠ  ᠶᠢᠨ ᠪᠠᠶᠢᠩᠭᠤ ᠰᠠᠭᠤᠭ᠎ᠠ ᠬᠦᠮᠦᠨ ᠠᠮᠠ  215 ᠲᠦᠮᠡ  ᠬᠦᠷᠦᠨ᠎ᠡ᠂ ᠡᠷᠡᠭᠦᠯ ᠬᠠᠮᠠᠭᠠᠯᠠᠯ  ᠤᠨ ᠶᠠᠮᠣᠨ  ᠤ ︽ᠡᠮᠨᠡᠯᠬᠡ  ᠶᠢᠨ ᠪᠠᠶᠢᠭᠤᠯᠣᠮᠵᠢ ᠶᠢᠨ ᠲᠣᠬᠢᠷᠠᠭᠤᠯᠣᠯᠳᠠ  ᠶᠢᠨ ᠲᠦᠯᠦᠪᠵᠢᠭᠦᠯᠬᠡ  ᠶᠢᠨ ᠵᠢᠯᠣᠭᠤᠳᠬᠤ ᠵᠠᠷᠴᠢᠮ︾ ᠎ ᠳᠤ ᠲᠣᠷᠠᠳᠣᠭᠰᠠᠨ ᠣᠷᠣ  ᠶᠢ ᠪᠣᠳᠣᠬᠤ ᠲᠣᠮᠢᠶ᠎ᠠ  ᠶᠢᠨ ᠪᠠᠷᠢᠮᠵᠢᠶᠠᠨ  ᠤ ᠲᠣᠬᠢᠷᠠᠭᠤᠯᠣᠯᠳᠠ  ᠶᠢ ᠦᠨᠳᠦᠰᠦᠯᠡᠪᠡᠯ᠂ ᠪᠦᠬᠦ ᠬᠤᠳᠠ  ᠶᠢᠨ ᠡᠪᠡᠳᠴᠢᠳᠡᠨ ᠤ ᠣᠷᠣ ᠶᠢᠨ ᠲᠤᠭ᠎ᠠ  ᠶᠢ ᠨᠡᠮᠡᠬᠡᠳ 9030 ᠪᠣᠯᠭᠠᠪᠠᠯ ᠵᠣᠬᠢᠨ᠎ᠠ᠂ 1839 ᠣᠷᠣ ᠨᠡᠮᠡᠬᠦ ᠴᠢᠬᠤᠯᠠ ᠲᠠᠢ ᠪᠠᠶᠢᠨ᠎ᠠ᠃ ᠡᠮᠴᠢ᠂ ᠰᠣᠪᠢᠯᠠᠭᠴᠢ  ᠶᠢᠨ ᠲᠣᠬᠢᠷᠠᠭᠤᠯᠣᠯᠳᠠ ᠶᠢ ᠡᠯ᠎ᠡ ᠱᠠᠳᠣᠨ ᠤ ᠡᠮᠨᠡᠯᠬᠡ ᠶᠢᠨ ᠪᠠᠶᠢᠭᠤᠯᠣᠮᠵᠢ ᠶᠢᠨ ᠲᠣᠬᠢᠷᠠᠭᠤᠯᠬᠤ ᠪᠠᠷᠢᠮᠵᠢᠶ᠎ᠠ ᠳᠤ ᠬᠦᠷᠬᠡᠪᠡᠯ ᠵᠣᠬᠢᠨ᠎ᠠ︔ ᠪᠦᠬᠦ ᠬᠤᠳᠠ ᠶᠢᠨ ᠠᠵᠢᠯ ᠡᠷᠬᠢᠯᠡᠬᠦ ᠡᠮᠴᠢ ︵ᠲᠣᠰᠠᠯᠠᠭᠴᠢ︶᠎ ᠶᠢ ᠨᠡᠮᠡᠬᠡᠳ 5095 ᠬᠦᠮᠦᠨ  ᠳᠤ ᠬᠦᠷᠬᠡᠵᠣ᠂ 987 ᠬᠦᠮᠦᠨ ᠨᠡᠮᠡᠬᠦ ᠴᠢᠬᠤᠯᠠ ᠲᠠᠢ ᠪᠠᠶᠢᠨ᠎ᠠ︔ ᠪᠦᠬᠦ ᠬᠤᠳᠠ  ᠶᠢᠨ  ᠲᠠᠩᠰᠠᠯᠠᠭᠤᠯᠣᠭᠰᠠᠨ ᠰᠣᠪᠢᠯᠠᠭᠴᠢ  ᠶᠢ ᠨᠡᠮᠡᠬᠡᠳ 4450 ᠬᠦᠮᠦᠨ  ᠳᠤ ᠬᠦᠷᠬᠡᠵᠣ᠂ 1042 ᠲᠠᠩᠰᠠᠯᠠᠭᠤᠯᠣᠭᠰᠠᠨ ᠰᠣᠪᠢᠯᠠᠭᠴᠢ ᠨᠡᠮᠡᠬᠦ ᠴᠢᠬᠤᠯᠠ ᠲᠠᠢ ᠪᠠᠶᠢᠨ᠎ᠠ᠃      ︵ᠨᠢᠬᠡ︶ ᠡᠮᠨᠡᠯᠬᠡ  ᠶᠢᠨ ᠬᠤᠷᠢᠶᠠᠨ  ᠤ ᠴᠢᠳᠠᠪᠦᠷᠢ  ᠶᠢᠨ ᠪᠠᠶᠢᠭᠤᠯᠣᠯᠳᠠ  ᠶᠢ ᠴᠢᠩᠭᠠᠳᠬᠠᠨ᠎ᠠ      1. ᠶᠡᠷᠦᠩᠬᠡᠶᠢᠯᠡᠭᠰᠡᠨ ᠡᠮᠨᠡᠯᠬᠡ  ᠶᠢᠨ ᠬᠤᠷᠢᠶᠠᠨ  ᠤ ᠪᠦᠲᠦᠬᠡᠨ ᠪᠠᠶᠢᠭᠤᠯᠣᠯᠳᠠ  ᠶᠢ ᠴᠢᠩᠭᠠᠳᠬᠠᠨ᠎ᠠ᠃ ᠨᠢᠭᠡᠳᠣᠬᠡᠷ ᠵᠡᠷᠬᠡ  ᠶᠢᠨ ᠶᠡᠷᠦᠩᠬᠡᠶᠢᠯᠡᠭᠰᠡᠨ ᠡᠮᠨᠡᠯᠬᠡ  ᠶᠢᠨ ᠬᠤᠷᠢᠶ᠎ᠠ᠃ ᠰᠣᠮᠣ ᠰᠢᠶᠠᠩ ᠪᠠᠯᠭᠠᠰᠣᠨ  ᠤ ᠭᠤᠣᠯᠳᠠᠯᠭᠠᠳᠣ ᠡᠷᠡᠭᠦᠯ ᠬᠠᠮᠭᠠᠯᠠᠯ  ᠤᠨ ᠬᠤᠷᠢᠶ᠎ᠠ  ᠶᠢ ᠬᠤᠶᠠᠳᠣᠭᠠᠷ ᠵᠡᠷᠬᠡ  ᠶᠢᠨ ᠡᠮᠨᠡᠯᠬᠡ  ᠶᠢᠨ ᠬᠤᠷᠢᠶ᠎ᠠ ᠪᠣᠯᠭᠠᠨ ᠲᠡᠪᠰᠢᠭᠦᠯᠬᠦ  ᠠᠴᠠ ᠭᠠᠳᠠᠨ᠎ᠠ᠂ ᠵᠠᠷᠴᠢᠮ ᠲᠡᠭᠡᠷ᠎ᠡ ᠪᠠᠨ ᠵᠠᠰᠠᠭ ᠤᠨ ᠣᠷᠳᠣᠨ ᠲᠠᠬᠢᠨ ᠨᠢᠭᠡᠳᠣᠬᠡᠷ ᠵᠡᠷᠬᠡ᠂ ᠬᠤᠶᠠᠳᠣᠭᠠᠷ ᠵᠡᠷᠬᠡ  ᠶᠢᠨ ᠶᠡᠷᠦᠩᠬᠡᠶᠢᠯᠡᠭᠰᠡᠨ ᠡᠮᠨᠡᠯᠬᠡ  ᠶᠢᠨ ᠬᠤᠷᠢᠶ᠎ᠠ ᠪᠠᠶᠢᠭᠤᠯᠬᠤ ᠦᠬᠡᠢ᠃ ᠪᠦᠬᠦ ᠬᠤᠳᠠ  ᠳᠤ ᠠᠯᠪᠠᠨ ᠠᠴᠠ ᠪᠠᠶᠢᠭᠤᠯᠣᠭᠰᠠᠨ ᠬᠤᠶᠠᠳᠣᠭᠠᠷ ᠵᠡᠷᠬᠡ  ᠶᠢᠨ ᠶᠡᠷᠦᠩᠬᠡᠶᠢᠯᠡᠭᠰᠡᠨ ᠡᠮᠨᠡᠯᠬᠡ  ᠶᠢᠨ ᠬᠤᠷᠢᠶ᠎ᠠ 13᠂ ᠭᠤᠷᠪᠠᠳᠣᠭᠠᠷ ᠵᠡᠷᠬᠡ  ᠶᠢᠨ ᠶᠡᠷᠦᠩᠬᠡᠶᠢᠯᠡᠭᠰᠡᠨ ᠡᠮᠨᠡᠯᠬᠡ  ᠶᠢᠨ ᠬᠤᠷᠢᠶ᠎ᠠ 4 ᠪᠠᠶᠢᠭᠤᠯᠣᠨ᠎ᠠ᠃      2013 ᠣᠨ  ᠤ ᠰᠡᠭᠦᠯᠴᠢ ᠬᠦᠷᠬᠦ  ᠳᠤ᠂ ᠣᠳᠤᠭ  ᠤᠨ ᠡᠮᠦᠨᠡᠳᠣ ᠬᠤᠰᠢᠭᠤᠨ  ᠤ ᠡᠮᠨᠡᠯᠬᠡ  ᠶᠢᠨ ᠬᠤᠷᠢᠶ᠎ᠠ᠂ ᠣᠳᠤᠭ ᠬᠤᠰᠢᠭᠤᠨ  ᠤ ᠡᠮᠨᠡᠯᠬᠡ  ᠶᠢᠨ ᠬᠤᠷᠢᠶ᠎ᠠ  ᠠᠴᠠ ᠭᠠᠳᠠᠨ᠎ᠠ᠂ ᠪᠣᠰᠣᠳ 6 ᠬᠤᠰᠢᠭᠤ ᠲᠣᠭᠤᠷᠢᠭ ᠎ ᠤᠨ ᠶᠡᠷᠦᠩᠬᠡᠶᠢᠯᠡᠭᠰᠡᠨ ᠡᠮᠨᠡᠯᠬᠡ  ᠶᠢᠨ ᠬᠤᠷᠢᠶ᠎ᠠ  ᠶᠢ ᠬᠤᠶᠠᠳᠣᠭᠠᠷ ᠵᠡᠷᠬᠡ  ᠶᠢᠨ ᠬᠦᠬᠡ ᠲᠡᠰ  ᠲᠤ ᠬᠦᠷᠬᠡᠨ᠎ᠡ᠃ ᠲᠠᠯᠠᠳ ᠬᠤᠰᠢᠭᠤᠨ  ᠤ ᠠᠷᠠᠳ  ᠤᠨ ᠡᠮᠨᠡᠯᠬᠡ  ᠶᠢᠨ ᠬᠤᠷᠢᠶ᠎ᠠ᠂ ᠵᠡᠭᠦᠨᠭᠠᠷ ᠬᠤᠰᠢᠭᠤᠨ  ᠤ ᠭᠤᠣᠯᠳᠠᠯᠭᠠᠳᠣ ᠡᠮᠨᠡᠯᠬᠡ  ᠶᠢᠨ ᠬᠤᠷᠢᠶ᠎ᠠ ᠶᠢ 2014 ᠣᠨ  ᠤ ᠰᠡᠭᠦᠯᠴᠢ ᠬᠦᠷᠬᠦ  ᠳᠤ᠂ ᠭᠤᠷᠪᠠᠳᠣᠭᠠᠷ ᠵᠡᠷᠬᠡ  ᠶᠢᠨ ᠬᠤᠰᠢᠭᠤ ᠲᠣᠭᠤᠷᠢᠭ ᠤᠨ ᠶᠡᠷᠦᠩᠬᠡᠶᠢᠯᠡᠭᠰᠡᠨ ᠡᠮᠨᠡᠯᠬᠡ  ᠶᠢᠨ ᠬᠤᠷᠢᠶ᠎ᠠ ᠪᠣᠯᠭᠠᠨ ᠪᠠᠶᠢᠭᠤᠯᠣᠨ᠎ᠠ᠃ 2015 ᠣᠨ  ᠤ ᠰᠡᠭᠦᠯᠴᠢ ᠬᠦᠷᠬᠦ  ᠳᠤ᠂ ᠬᠤᠰᠢᠭᠤ ᠲᠣᠭᠤᠷᠢᠭ  ᠤᠨ ᠠᠯᠢᠪᠠ ᠶᠡᠷᠦᠩᠬᠡᠶᠢᠯᠡᠭᠰᠡᠨ ᠡᠮᠨᠡᠯᠬᠡ  ᠶᠢᠨ ᠬᠤᠷᠢᠶ᠎ᠠ ᠶᠢ ᠴᠦᠮ ᠬᠤᠶᠠᠳᠣᠭᠠᠷ ᠵᠡᠷᠬᠡ  ᠶᠢᠨ ᠬᠦᠬᠡ ᠲᠡᠰ  ᠤᠨ ᠪᠠᠷᠢᠮᠵᠢᠶ᠎ᠠ  ᠳᠤ ᠬᠦᠷᠬᠡᠨ᠎ᠡ᠃      ᠳ᠋ᠦᠩᠱᠧᠩ ᠲᠣᠭᠤᠷᠢᠭ᠂ ᠬᠢᠶ᠎ᠡ ᠪᠠᠭᠰᠢ ᠰᠢᠨ᠎ᠡ ᠲᠣᠭᠤᠷᠢᠭ᠂ ᠡᠵᠡᠨ ᠬᠤᠷᠤᠭ᠎ᠠ ᠬᠤᠰᠢᠭᠤᠨ ᠤ ︽ᠠᠷᠪᠠᠨ ᠬᠤᠶᠠᠳᠣᠭᠠᠷ ᠲᠠᠪᠣᠨ ᠵᠢᠯ︾ ᠎ ᠤᠨ ᠬᠤᠭᠤᠴᠠᠭᠠᠨ  ᠤ ᠣᠷᠣᠨ ᠲᠣᠭᠤᠷᠢᠭ ᠪᠠ ᠬᠦᠮᠦᠨ ᠠᠮᠠ  ᠶᠢᠨ ᠬᠦᠭᠵᠢᠯᠳᠡ ᠎ ᠶᠢᠨ ᠲᠦᠯᠦᠪᠵᠢᠭᠦᠯᠬᠡ ᠶᠣᠰᠣᠭᠠᠷ᠂ ᠬᠢᠶ᠎ᠡ ᠪᠠᠭᠰᠢ ᠰᠢᠨ᠎ᠡ ᠲᠣᠭᠤᠷᠢᠭ  ᠲᠤ ᠣᠷᠳᠣᠰ ᠬᠤᠳᠠ  ᠶᠢᠨ ᠠᠷᠠᠳ  ᠤᠨ ᠡᠮᠨᠡᠯᠬᠡ  ᠶᠢᠨ ᠬᠤᠷᠢᠶ᠎ᠠ ᠪᠠᠶᠢᠭᠤᠯᠵᠣ᠂ ᠠᠭᠠᠷ  ᠤᠨ ᠭᠠᠷᠠᠮ  ᠤᠨ ᠪᠣᠳᠠᠰ  ᠤᠨ ᠭᠦᠢᠯᠬᠡᠬᠡᠨ  ᠤ ᠬᠦᠷᠢᠶᠡᠯᠡᠩ  ᠳᠤ ᠬᠤᠳᠠ ᠶᠢᠨ ᠠᠷᠠᠳ ᠤᠨ ᠭᠤᠷᠪᠠᠳᠣᠭᠠᠷ ᠡᠮᠨᠡᠯᠬᠡ  ᠶᠢᠨ ᠬᠤᠷᠢᠶ᠎ᠠ ᠪᠠᠶᠢᠭᠤᠯᠵᠣ᠂ ᠳ᠋ᠦᠩᠱᠧᠩ ᠲᠣᠭᠤᠷᠢᠭ ᠤᠨ ᠬᠠᠨᠲᠠᠢ ᠪᠠᠯᠭᠠᠰᠣᠨ  ᠳᠤ ᠨᠠᠶᠢᠰᠯᠠᠯ  ᠤᠨ ᠡᠮᠨᠡᠯᠬᠡ  ᠶᠢᠨ ᠶᠡᠭᠡ ᠰᠣᠷᠭᠠᠭᠤᠯᠢ  ᠶᠢᠨ ᠣᠷᠳᠣᠰ ᠤᠨ ᠳ᠋ᠦᠩᠱᠧᠩ ᠳᠠᠬᠢ ᠡᠮᠨᠡᠯᠬᠡ  ᠶᠢᠨ ᠬᠤᠷᠢᠶ᠎ᠠ ᠪᠠᠶᠢᠭᠤᠯᠣᠨ᠎ᠠ᠂ ᠡᠭᠦᠨ  ᠳᠤ ᠣᠷᠳᠣᠰ  ᠤᠨ ᠠᠷᠠᠳ ᠤᠨ ᠡᠮᠨᠡᠯᠬᠡ  ᠶᠢᠨ ᠬᠤᠷᠢᠶ᠎ᠠ  ᠶᠢ ᠭᠤᠷᠪᠠᠳᠣᠭᠠᠷ ᠵᠡᠷᠬᠡ  ᠶᠢᠨ ᠶᠡᠷᠦᠩᠬᠡᠶᠢᠯᠡᠭᠰᠡᠨ ᠡᠮᠨᠡᠯᠬᠡ  ᠶᠢᠨ ᠬᠤᠷᠢᠶ᠎ᠠ ᠪᠣᠯᠭᠠᠨ ᠪᠠᠶᠢᠭᠤᠯᠵᠣ᠂ ᠨᠠᠶᠢᠰᠯᠠᠯ  ᠤᠨ ᠡᠮᠨᠡᠯᠬᠡ  ᠶᠢᠨ ᠶᠡᠭᠡ ᠰᠣᠷᠭᠠᠭᠤᠯᠢ ᠶᠢᠨ ᠣᠷᠳᠣᠰ ᠤᠨ ᠳ᠋ᠦᠩᠱᠧᠩ ᠳᠠᠬᠢ ᠡᠮᠨᠡᠯᠬᠡ  ᠶᠢᠨ ᠬᠤᠷᠢᠶ᠎ᠠ  ᠶᠢ ᠶᠡᠭᠡ ᠲᠣᠰᠬᠠᠢ ᠡᠮᠨᠡᠯᠬᠡ ᠶᠢ ᠪᠠᠭ᠎ᠠ ᠬᠡᠮᠵᠢᠶ᠎ᠡ ᠪᠠᠷ ᠶᠡᠷᠦᠩᠬᠡᠶᠢᠯᠡᠬᠦ ᠵᠠᠷᠴᠢᠮ ᠶᠣᠰᠣᠭᠠᠷ ᠪᠦᠲᠦᠭᠡᠨ ᠪᠠᠶᠢᠭᠤᠯᠣᠨ᠎ᠠ᠃      2. ᠮᠣᠩᠭᠤᠯ ᠬᠢᠳᠠᠳ ᠡᠮᠨᠡᠯᠬᠡ  ᠶᠢᠨ ᠬᠤᠷᠢᠶᠠᠨ ᠤ ᠪᠦᠲᠦᠬᠡᠨ ᠪᠠᠶᠢᠭᠤᠯᠣᠯᠳᠠ  ᠶᠢ ᠴᠢᠩᠭᠠᠳᠬᠠᠨ᠎ᠠ᠃ ᠳ᠋ᠦᠩᠱᠧᠩ ᠲᠣᠭᠤᠷᠢᠭ  ᠲᠤ ᠮᠣᠩᠭᠤᠯ ᠬᠢᠳᠠᠳ ᠡᠮᠨᠡᠯᠬᠡ  ᠶᠢᠨ ᠣᠨᠴᠠᠯᠢᠭ ᠢᠶᠠᠷ ᠲᠣᠪᠣᠶᠢᠮ᠎ᠠ ᠨᠢᠭᠡ ᠬᠤᠶᠠᠳᠣᠭᠠᠷ ᠵᠡᠷᠬᠡ  ᠶᠢᠨ ᠮᠣᠩᠭᠤᠯ ᠬᠢᠳᠠᠳ ᠡᠮᠨᠡᠯᠬᠡ  ᠶᠢᠨ ᠬᠤᠷᠢᠶ᠎ᠠ ᠪᠠᠶᠢᠭᠤᠯᠵᠣ᠂ ᠬᠤᠰᠢᠭᠤ ᠲᠣᠭᠤᠷᠢᠭ ᠪᠣᠯᠭᠠᠨ ᠠᠳᠠᠭ ᠪᠠᠭ᠎ᠠ ᠳᠠᠭᠠᠨ ᠨᠢᠭᠡᠨ ᠠᠯᠪᠠᠨ  ᠠᠴᠠ ᠪᠠᠶᠢᠭᠤᠯᠣᠭᠰᠠᠨ ᠮᠣᠩᠭᠤᠯ ᠬᠢᠳᠠᠳ ᠡᠮᠨᠡᠯᠬᠡ  ᠶᠢᠨ ᠶᠡᠷᠦᠩᠬᠡᠶᠢᠯᠡᠭᠰᠡᠨ ᠡᠮᠨᠡᠯᠬᠡ ᠎ ᠶᠢᠨ ᠬᠤᠷᠢᠶ᠎ᠠ ᠪᠠᠶᠢᠭᠤᠯᠬᠤ ᠱᠠᠭᠠᠷᠳᠠᠯᠭ᠎ᠠ ᠳᠤ ᠬᠦᠷᠬᠡᠨ᠎ᠡ᠃ ᠪᠦᠬᠦ ᠬᠤᠳᠠ  ᠳᠤ ᠬᠤᠶᠠᠳᠣᠭᠠᠷ ᠵᠡᠷᠬᠡ  ᠶᠢᠨ ᠬᠦᠬᠡ ᠲᠡᠰ  ᠤᠨ ᠮᠣᠩᠭᠤᠯ ᠡᠮᠨᠡᠯᠬᠡ᠂ ᠬᠢᠳᠠᠳ ᠡᠮᠨᠡᠯᠬᠡ  ᠶᠢᠨ ᠬᠤᠷᠢᠶ᠎ᠠ 7 ᠪᠠᠶᠢᠭᠤᠯᠵᠣ᠂ ᠭᠤᠷᠪᠠᠳᠣᠭᠠᠷ ᠵᠡᠷᠬᠡ  ᠶᠢᠨ ᠮᠣᠩᠭᠤᠯ ᠡᠮᠨᠡᠯᠬᠡ᠂ ᠬᠢᠳᠠᠳ ᠡᠮᠨᠡᠯᠬᠡ  ᠶᠢᠨ ᠬᠤᠷᠢᠶ᠎ᠠ 3 ᠪᠠᠶᠢᠭᠤᠯᠣᠨ᠎ᠠ᠃      3. ᠡᠮᠨᠡᠯᠬᠡ  ᠶᠢᠨ ᠬᠤᠷᠢᠶᠠᠨ  ᠤ ᠭᠤᠣᠯᠳᠠᠯᠭ᠎ᠠ ᠲᠠᠢ ᠲᠣᠰᠬᠠᠢ ᠡᠮᠨᠡᠯᠬᠡ  ᠶᠢᠨ ᠪᠠᠶᠢᠭᠤᠯᠣᠯᠳᠠ  ᠶᠢ ᠴᠢᠩᠭᠠᠳᠬᠠᠨ᠎ᠠ᠃ ︽ᠲᠦᠪ  ᠤᠨ ᠲᠦᠰᠦᠪ  ᠤᠨ ᠲᠣᠳᠣᠷᠠᠬᠢ ᠲᠣᠰᠬᠠᠢ ᠲᠦᠷᠦᠯ  ᠤᠨ ᠪᠡᠯᠡ ᠮᠦᠩᠭᠦᠨ  ᠤ ᠲᠦᠷᠦᠯ ᠵᠣᠶᠢᠯ  ᠤᠨ ᠰᠢᠶᠠᠨ  ᠤ ᠡᠮᠨᠡᠯᠬᠡ  ᠶᠢᠨ ᠬᠤᠷᠢᠶᠠᠨ ᠤ ᠪᠦᠲᠦᠬᠡᠨ ᠪᠠᠶᠢᠭᠤᠯᠣᠯᠳᠠ  ᠶᠢᠨ ᠵᠢᠯᠣᠭᠤᠳᠬᠤ ᠰᠠᠨᠠᠯ︾ ᠎ ᠢ ᠦᠨᠳᠦᠰᠦᠯᠡᠨ᠂ ᠲᠦᠷᠬᠡᠨ ᠡᠮᠨᠡᠯᠬᠡ᠂ ᠡᠭᠦᠳᠡᠨ ᠡᠮᠨᠡᠯᠬᠡ᠂ ᠡᠮᠨᠡᠬᠦ ᠮᠡᠷᠭᠡᠵᠢᠯ᠂ ᠡᠮᠨᠡᠯᠬᠡ  ᠳᠤ ᠰᠠᠭᠤᠬᠤ ᠂ ᠪᠠᠳᠣᠯᠠᠭ᠎ᠠ  ᠶᠢᠨ ᠰᠢᠰᠲ᠋ᠧᠮ  ᠤᠨ ᠪᠠᠶᠢᠭᠤᠯᠣᠯᠳᠠ  ᠶᠢ ᠴᠢᠩᠭᠠᠳᠬᠠᠨ᠎ᠠ᠃ ᠲᠦᠷᠬᠡᠨ ᠡᠮᠨᠡᠯᠬᠡ᠂ ᠬᠦᠨᠳᠣ ᠡᠪᠡᠳᠴᠢᠨ ᠤ ᠠᠨᠠᠭᠠᠬᠤ ᠣᠬᠠᠭᠠᠨ  ᠤ ᠡᠮᠨᠡᠯᠬᠡ᠂ ᠡᠮᠨᠡᠯᠬᠡ  ᠶᠢᠨ ᠬᠤᠷᠢᠶᠠᠨ  ᠤ ᠬᠠᠯᠳᠠᠪᠦᠷᠢᠯᠠᠯ  ᠤᠨ ᠡᠮᠨᠡᠯᠬᠡ᠂ ᠠᠨᠠᠭᠠᠬᠤ ᠣᠬᠠᠭᠠᠨ  ᠤ ᠪᠠᠶᠢᠴᠠᠭᠠᠬᠤ ᠡᠮᠨᠡᠯᠬᠡ᠂ ᠡᠪᠡᠳᠴᠢᠨ  ᠤ ᠵᠦᠢ  ᠶᠢᠨ ᠡᠮᠨᠡᠯᠬᠡ᠂ ᠴᠢᠰᠣ ᠶᠡᠭᠦᠯᠡᠬᠦ ᠡᠮᠨᠡᠯᠬᠡ᠂ ᠴᠢᠰᠣ  ᠶᠢ ᠨᠡᠪᠴᠢᠭᠦᠯᠦᠨ ᠢᠯᠭᠠᠷᠠᠭᠤᠯᠬᠤ ᠪᠠ ᠮᠠᠰᠠ ᠵᠠᠰᠠᠯ  ᠤᠨ ᠭᠠᠵᠠᠷ ᠤᠨ ᠲᠣᠰᠬᠠᠢ ᠡᠮᠨᠡᠯᠬᠡ  ᠶᠢᠨ ᠪᠠᠶᠢᠭᠤᠯᠣᠯᠳᠠ  ᠶᠢ ᠴᠢᠩᠭᠠᠳᠬᠠᠨ᠎ᠠ᠃ ᠨᠢᠳᠣᠨ  ᠤ ᠡᠮᠨᠡᠯᠬᠡ  ᠶᠢ ᠴᠠᠭᠠᠨ ᠬᠠᠷᠠᠩ ᠢ ᠬᠠᠷᠠᠭ᠎ᠠ ᠣᠷᠣᠭᠤᠯᠬᠤ ᠮᠠᠰᠠ ᠵᠠᠰᠠᠯ  ᠢ ᠪᠣᠯᠪᠠᠰᠣᠷᠠᠩᠭᠤᠢ ᠦᠷᠨᠢᠭᠦᠯᠵᠣ ᠲᠡᠶᠢᠯᠬᠦ ᠬᠡᠮᠵᠢᠶ᠎ᠡ  ᠳᠤ ᠬᠦᠷᠬᠡᠨ᠎ᠡ᠃ ᠬᠤᠰᠢᠭᠤ ᠲᠣᠭᠤᠷᠢᠭ  ᠤᠨ ᠱᠠᠳᠣᠨ ᠎ ᠤ ᠡᠮᠨᠡᠯᠬᠡ  ᠶᠢᠨ ᠬᠤᠷᠢᠶᠠᠨ ᠤ ᠣᠶᠣᠨ ᠮᠡᠳᠡᠷᠡᠯ  ᠤᠨ ᠡᠮᠨᠡᠯᠬᠡ  ᠶᠢᠨ ᠪᠠᠶᠢᠭᠤᠯᠣᠯᠳᠠ  ᠶᠢ ᠴᠢᠩᠭᠠᠳᠬᠠᠨ᠎ᠠ᠃ ᠮᠣᠩᠭᠤᠯ ᠬᠢᠳᠠᠳ ᠡᠮᠨᠡᠯᠬᠡ  ᠶᠢᠨ ᠣᠯᠠᠮᠵᠢᠯᠠᠯᠳᠣ ᠡᠮᠨᠡᠯᠬᠡ᠂ ᠮᠣᠩᠭᠤᠯ ᠬᠢᠳᠠᠳ ᠡᠸᠣᠷᠦ᠋ᠪᠠ ᠡᠮᠨᠡᠯᠬᠡ  ᠶᠢ ᠣᠶᠠᠯᠳᠣᠭᠤᠯᠣᠭᠰᠠᠨ ᠡᠮᠨᠡᠯᠬᠡ᠂ ᠣᠨᠴᠠᠯᠢᠭᠳᠣ ᠲᠣᠰᠬᠠᠢ ᠡᠪᠡᠳᠴᠢᠨ  ᠤ ᠲᠣᠰᠬᠠᠢ ᠡᠮᠨᠡᠯᠬᠡ  ᠶᠢᠨ ᠪᠦᠲᠦᠬᠡᠨ ᠪᠠᠶᠢᠭᠤᠯᠣᠯᠳᠠ  ᠶᠢ ᠴᠢᠩᠭᠠᠳᠬᠠᠨ᠎ᠠ᠃      4. ᠦᠨᠳᠦᠰᠦᠨ ᠱᠠᠳᠣᠨ  ᠤ ᠲᠦᠷᠬᠡᠨ ᠠᠪᠣᠷᠠᠬᠤ ᠴᠢᠳᠠᠪᠦᠷᠢ  ᠶᠢᠨ ᠪᠠᠶᠢᠭᠤᠯᠣᠯᠳᠠ  ᠶᠢ ᠴᠢᠩᠭᠠᠳᠬᠠᠨ᠎ᠠ᠃ ᠪᠦᠬᠦ ᠬᠤᠳᠠ  ᠶᠢᠨ ᠬᠡᠪᠴᠢᠶᠡᠨ ᠲᠣᠳᠣᠷᠠᠬᠢ ᠡᠷᠡᠭᠦᠯ ᠬᠠᠮᠠᠭᠠᠯᠠᠯ  ᠤᠨ ᠪᠠᠴᠢᠮ ᠪᠠᠶᠢᠳᠠᠯ  ᠢ ᠠᠷᠭᠠᠴᠠᠭᠠᠬᠤ ᠠᠪᠣᠷᠠᠨ ᠲᠣᠰᠠᠯᠠᠯᠳᠠ ᠪᠠ ᠲᠦᠷᠬᠡᠨ ᠠᠪᠣᠷᠠᠯᠳᠠ  ᠶᠢ ᠨᠢᠬᠡᠳᠣᠯᠲᠠᠢ ᠵᠢᠯᠣᠭᠤᠳᠬᠤ ᠪᠠ ᠲᠣᠬᠢᠷᠠᠭᠤᠯᠬᠤ ᠠᠵᠢᠯ  ᠢ ᠴᠢᠩᠭᠠᠳᠬᠠᠵᠣ᠂ 3 ᠵᠢᠯ  ᠤᠨ ᠲᠣᠳᠣᠷ᠎ᠠ᠂ 25 ᠭᠤᠣᠯᠳᠠᠯᠭᠠᠳᠣ ᠡᠷᠡᠭᠦᠯ ᠬᠠᠮᠠᠭᠠᠯᠠᠯ  ᠤᠨ ᠬᠤᠷᠢᠶᠠᠨ  ᠳᠤ ᠲᠣᠰᠪᠣᠷᠢ ᠲᠦᠷᠬᠡᠨ ᠠᠪᠣᠷᠠᠬᠤ ᠦᠷᠳᠡᠭᠡ ᠲᠣᠬᠢᠷᠠᠭᠤᠯᠣᠨ᠎ᠠ᠂ 2012 ᠣᠨ  ᠳᠤ 9 ᠪᠠᠶᠢᠭᠤᠯᠬᠤ ᠡᠭᠦᠷᠬᠡ  ᠶᠢ ᠪᠡᠶᠡᠯᠡᠭᠦᠯᠵᠣ᠂ 2013 ᠪᠠ 2014 ᠣᠨ  ᠳᠤ ᠲᠣᠰᠪᠣᠷᠢ 8 ᠪᠠᠶᠢᠭᠤᠯᠬᠤ ᠡᠭᠦᠷᠬᠡ  ᠶᠢ ᠪᠡᠶᠡᠯᠡᠭᠦᠯᠦᠨ᠎ᠡ᠃ ᠦᠨᠳᠦᠰᠦᠨ ᠱᠠᠳᠣᠨ  ᠤ ᠲᠦᠷᠬᠡᠨ ᠠᠪᠣᠷᠠᠬᠤ ᠦᠷᠳᠡᠭᠡ  ᠶᠢᠨ ᠰᠢᠯᠵᠢᠭᠦᠯᠦᠨ ᠲᠡᠭᠡᠭᠡᠪᠦᠷᠢᠯᠡᠬᠦ ᠴᠢᠳᠠᠪᠦᠷᠢ  ᠶᠢᠨ ᠪᠠᠶᠢᠭᠤᠯᠣᠯᠳᠠ  ᠶᠢ ᠲᠡᠭᠡᠭᠰᠢᠯᠡᠭᠦᠯᠵᠣ᠂ ᠲᠦᠷᠬᠡᠨ ᠡᠮᠨᠡᠬᠦ ᠲᠦᠷᠬᠡᠨ ᠠᠪᠣᠷᠠᠬᠤ ᠬᠢᠷᠢ ᠲᠦᠪᠰᠢᠨ  ᠢ ᠲᠡᠭᠡᠭᠰᠢᠯᠡᠭᠦᠯᠦᠨ᠎ᠡ᠃      ︵ᠬᠤᠶᠠᠷ︶ ᠲᠣᠰᠬᠠᠢ ᠡᠮᠨᠡᠯᠬᠡ  ᠶᠢᠨ ᠬᠤᠷᠢᠶᠠᠨ  ᠤ ᠪᠦᠲᠦᠬᠡᠨ ᠪᠠᠶᠢᠭᠤᠯᠣᠯᠳᠠ  ᠶᠢ ᠴᠢᠩᠭᠠᠳᠬᠠᠨ᠎ᠠ      ᠬᠤᠳᠠ  ᠶᠢᠨ ᠣᠳᠣ ᠪᠠᠶᠢᠭ᠎ᠠ ᠶᠡᠷᠦᠩᠬᠡᠶᠢᠯᠡᠭᠰᠡᠨ ᠡᠮᠨᠡᠯᠬᠡ  ᠶᠢᠨ ᠬᠤᠷᠢᠶᠠᠨ  ᠤ ᠬᠡᠪᠴᠢᠶ᠎ᠡ ᠶᠢ ᠴᠢᠩᠭ᠎ᠠ ᠬᠢᠵᠠᠭᠠᠷᠯᠠᠵᠣ᠂ ᠲᠣᠰᠬᠠᠢ ᠡᠮᠨᠡᠯᠬᠡ  ᠶᠢᠨ ᠬᠤᠷᠢᠶᠠᠨ  ᠤ ᠪᠦᠲᠦᠬᠡᠨ ᠪᠠᠶᠢᠭᠤᠯᠣᠯᠳᠠ ᠶᠢ ᠴᠢᠩᠭᠠᠳᠬᠠᠨ᠎ᠠ᠃ ᠬᠠᠯᠳᠠᠪᠦᠷᠢᠳᠣ ᠡᠪᠡᠳᠴᠢᠨ  ᠤ ᠡᠮᠨᠡᠯᠬᠡ  ᠶᠢᠨ ᠬᠤᠷᠢᠶ᠎ᠠ᠂ ᠣᠶᠣᠨ ᠮᠡᠳᠡᠷᠡᠯ ᠤᠨ ᠡᠷᠡᠭᠦᠯ ᠬᠠᠮᠠᠭᠠᠯᠠᠯ  ᠤᠨ ᠡᠮᠨᠡᠯᠬᠡ ᠎ ᠶᠢᠨ ᠬᠤᠷᠢᠶ᠎ᠠ᠂ ᠡᠮᠡᠭᠳᠡᠶᠢᠴᠣᠳ ᠨᠢᠯᠬᠠᠰ  ᠤᠨ ᠡᠮᠨᠡᠯᠬᠡ  ᠶᠢᠨ ᠬᠤᠷᠢᠶ᠎ᠠ᠂ ᠠᠵᠢᠯ ᠤᠨ ᠨᠦᠯᠦᠬᠡᠨ ᠤ ᠡᠪᠡᠳᠴᠢᠨ ᠢ ᠰᠡᠷᠭᠡᠶᠢᠯᠡᠨ ᠵᠠᠰᠠᠬᠤ ᠬᠤᠷᠢᠶ᠎ᠠ᠂ ᠡᠷᠡᠭᠦᠯᠵᠢᠭᠦᠯᠬᠦ ᠡᠮᠨᠡᠯᠬᠡ  ᠶᠢᠨ ᠬᠤᠷᠢᠶ᠎ᠠ᠂ ᠨᠠᠰᠣᠳᠠᠶᠢᠴᠣᠳ  ᠢ ᠰᠣᠪᠢᠯᠠᠬᠤ ᠲᠦᠪ᠂ ᠴᠢᠰᠣ  ᠶᠢ ᠨᠡᠪᠴᠢᠭᠦᠯᠦᠨ ᠢᠯᠭᠠᠷᠠᠭᠤᠯᠬᠤ ᠡᠮᠴᠢᠯᠡᠬᠦ ᠲᠦᠪ᠂ ᠴᠢᠬᠢ ᠬᠠᠮᠠᠷ ᠬᠤᠭᠤᠯᠠᠢ  ᠶᠢᠨ ᠡᠮᠨᠡᠯᠬᠡ  ᠶᠢᠨ ᠬᠤᠷᠢᠶ᠎ᠠ᠂ ᠬᠠᠪᠣᠳᠠᠷ  ᠤᠨ ᠡᠮᠨᠡᠯᠬᠡ  ᠶᠢᠨ ᠬᠤᠷᠢᠶ᠎ᠠ᠂ ᠨᠢᠳᠣᠨ  ᠤ ᠡᠮᠨᠡᠯᠬᠡ  ᠶᠢᠨ ᠬᠤᠷᠢᠶ᠎ᠠ᠂ ᠵᠢᠷᠦᠬᠡ ᠲᠠᠷᠢᠬᠢᠨ ᠰᠣᠳᠠᠯ  ᠤᠨ ᠡᠪᠡᠳᠴᠢᠨ  ᠤ ᠡᠮᠨᠡᠯᠬᠡ  ᠶᠢᠨ ᠬᠤᠷᠢᠶ᠎ᠠ᠂ ᠰᠢᠬᠢᠷ ᠰᠢᠵᠢᠩ ᠡᠪᠡᠳᠴᠢᠨ  ᠤ ᠡᠮᠨᠡᠯᠬᠡ  ᠶᠢᠨ ᠬᠤᠷᠢᠶ᠎ᠠ᠂ ᠠᠨᠠᠭᠠᠬᠤ ᠣᠬᠠᠭᠠᠨ  ᠤ ᠵᠢᠰᠣ ᠭᠤᠶᠣᠯᠠᠬᠤ ᠡᠮᠨᠡᠯᠬᠡ ᠶᠢᠨ ᠬᠤᠷᠢᠶ᠎ᠠ᠂ ᠰᠣᠪᠢᠯᠠᠯᠳᠠ  ᠶᠢᠨ ᠬᠤᠷᠢᠶ᠎ᠠ᠂ ᠠᠮᠠᠨ ᠬᠦᠨᠳᠡᠢ  ᠶᠢᠨ ᠡᠮᠨᠡᠯᠬᠡ  ᠶᠢᠨ ᠬᠤᠷᠢᠶ᠎ᠠ ᠵᠡᠷᠬᠡ  ᠶᠢ ᠭᠤᠣᠯᠳᠠᠯᠭ᠎ᠠ ᠲᠠᠢ ᠪᠦᠲᠦᠬᠡᠨ ᠪᠠᠶᠢᠭᠤᠯᠣᠨ᠎ᠠ᠃ ᠬᠤᠳᠠ  ᠶᠢᠨ ᠱᠠᠳᠣᠨ  ᠤ ᠬᠢᠨ ᠬᠤᠳᠠ  ᠶᠢᠨ ᠬᠠᠯᠳᠠᠪᠦᠷᠢᠳᠣ ᠡᠪᠡᠳᠴᠢᠨ  ᠤ ᠡᠮᠨᠡᠯᠬᠡ  ᠶᠢᠨ ᠬᠤᠷᠢᠶ᠎ᠠ ︵ᠬᠤᠳᠠ  ᠶᠢᠨ ᠠᠷᠠᠳ ᠎ ᠤᠨ ᠬᠤᠶᠠᠳᠣᠭᠠᠷ ᠡᠮᠨᠡᠯᠬᠡ  ᠶᠢᠨ ᠬᠤᠷᠢᠶ᠎ᠠ︶᠂ ᠬᠤᠳᠠ  ᠶᠢᠨ ᠠᠵᠢᠯ  ᠤᠨ ᠨᠦᠯᠦᠬᠡᠨ  ᠤ ᠡᠪᠡᠳᠴᠢᠨ ︵ᠣᠷᠣᠨ ᠨᠣᠳᠤᠭ  ᠤᠨ ᠡᠪᠡᠳᠴᠢᠨ︶ ᠎ ᠤ ᠡᠮᠨᠡᠯᠬᠡ  ᠶᠢᠨ ᠬᠤᠷᠢᠶ᠎ᠠ᠂ ᠬᠤᠳᠠ  ᠶᠢᠨ ᠣᠶᠣᠨ ᠮᠡᠳᠡᠷᠡᠯ  ᠤᠨ ᠡᠪᠡᠳᠴᠢᠨ  ᠤ ᠡᠮᠨᠡᠯᠬᠡ  ᠶᠢᠨ ᠬᠤᠷᠢᠶ᠎ᠠ ᠵᠡᠷᠬᠡ 3 ᠭᠤᠷᠪᠠᠳᠣᠭᠠᠷ ᠵᠡᠷᠬᠡ ᠶᠢᠨ ᠲᠣᠰᠬᠠᠢ ᠡᠮᠨᠡᠯᠬᠡ  ᠶᠢᠨ ᠬᠤᠷᠢᠶ᠎ᠠ  ᠶᠢ ᠭᠤᠣᠯᠳᠠᠯᠭ᠎ᠠ ᠎ ᠲᠠᠢ ᠪᠠᠶᠢᠭᠤᠯᠣᠨ᠎ᠠ᠃      ︵ᠭᠤᠷᠪᠠ︶ ᠡᠷᠡᠭᠦᠯ ᠮᠡᠨᠳᠣ  ᠶᠢᠨ ᠠᠵᠣ ᠣᠶᠢᠯᠡᠰ  ᠢ ᠶᠡᠬᠡᠪᠡᠷ ᠬᠦᠭᠵᠢᠭᠦᠯᠦᠨ᠎ᠡ      ᠣᠷᠳᠣᠰ  ᠤᠨ ᠣᠯᠠᠨ ᠣᠯᠣᠰ  ᠤᠨ ᠠᠨᠠᠭᠠᠬᠤ ᠣᠬᠠᠭᠠᠨ  ᠤ ᠬᠤᠳᠠ  ᠶᠢ ᠰᠦᠪᠡᠭᠴᠢᠯᠡᠨ ᠪᠦᠲᠦᠬᠡᠨ ᠪᠠᠶᠢᠭᠤᠯᠣᠨ᠎ᠠ᠃ ᠰᠡᠷᠭᠡᠶᠢᠯᠡᠨ ᠡᠷᠡᠭᠦᠯᠵᠢᠭᠦᠯᠬᠦ᠂ ᠡᠮᠨᠡᠯᠬᠡ  ᠶᠢᠨ ᠣᠶᠢᠯᠡᠴᠢᠯᠡᠭᠡ᠂ ᠪᠡᠶ᠎ᠡ ᠰᠣᠪᠢᠯᠠᠨ ᠡᠷᠡᠭᠦᠯᠵᠢᠭᠦᠯᠬᠦ᠂ ᠣᠯᠠᠨ ᠣᠯᠣᠰ  ᠤᠨ ᠡᠮᠨᠡᠯᠬᠡ  ᠶᠢᠨ ᠵᠢᠭᠤᠯᠴᠢᠯᠡᠯ᠂ ᠰᠣᠷᠭᠠᠨ ᠬᠦᠮᠦᠵᠢᠭᠦᠯᠦᠨ ᠰᠣᠳᠣᠯᠣᠨ ᠨᠡᠬᠡᠬᠡᠬᠦ ᠪᠠ ᠬᠤᠳᠠᠯᠳᠣᠭᠠᠨ  ᠤ ᠶᠠᠪᠣᠳᠠᠯ  ᠤᠨ ᠢᠵᠢ ᠪᠦᠷᠢᠳᠦᠭᠦᠯᠬᠦ ᠶᠢ ᠨᠢᠬᠡ ᠴᠣᠭᠴᠠᠵᠢᠭᠤᠯᠣᠭᠰᠠᠨ᠂ ᠣᠯᠣᠰ  ᠤᠨ ᠭᠠᠳᠠᠭᠠᠳᠣ ᠲᠣᠳᠣᠭᠠᠳᠣ  ᠶᠢᠨ ᠵᠠᠬ᠎ᠠ ᠲᠡᠯᠬᠡᠭᠦᠷ  ᠲᠤ ᠬᠠᠨᠳᠣᠭᠤᠯᠣᠭᠰᠠᠨ ᠲᠣᠰᠬᠠᠶᠢᠵᠢᠭᠰᠠᠨ᠂ ᠣᠯᠠᠨ ᠡᠰᠢᠵᠢᠭᠰᠡᠨ ᠡᠷᠡᠭᠦᠯ ᠮᠡᠨᠳᠣ  ᠶᠢᠨ ᠠᠵᠣ ᠣᠶᠢᠯᠡᠰ ᠤᠨ ᠣᠶᠢᠯᠡᠴᠢᠯᠡᠬᠡᠨ ᠤ ᠲᠠᠪᠴᠠᠩ  ᠢ ᠲᠦᠪᠯᠡᠷᠡᠩᠭᠦᠢ  ᠪᠠᠷ ᠬᠦᠭᠵᠢᠭᠦᠯᠦᠨ᠎ᠡ᠃ ᠮᠣᠩᠭᠤᠯ ᠡᠮ ᠡᠮᠨᠡᠯᠬᠡ  ᠶᠢᠨ ᠰᠣᠶᠣᠯ  ᠤᠨ ᠪᠡᠶ᠎ᠡ ᠰᠣᠪᠢᠯᠠᠬᠠᠣ ᠬᠦᠷᠢᠶᠡᠯᠡᠩ  ᠢ ᠠᠭᠠᠵᠢᠮ  ᠢᠶᠠᠷ ᠰᠦᠪᠡᠭᠴᠢᠯᠡᠨ ᠣᠷᠣᠭᠤᠯᠵᠣ ᠲᠣᠬᠢᠷᠠᠭᠤᠯᠣᠨ᠎ᠠ᠃ ᠦᠵᠦᠭᠦᠷ ᠲᠡᠰ  ᠤᠨ ᠮᠣᠩᠭᠤᠯ ᠬᠢᠳᠠᠳ ᠡᠮᠨᠡᠯᠬᠡ  ᠶᠢᠨ ᠣᠨᠴᠠᠯᠢᠭᠳᠣ ᠡᠮᠨᠡᠯᠬᠡ ᠎ ᠶᠢᠨ ᠬᠤᠷᠢᠶ᠎ᠠ᠂ ᠣᠯᠣᠰ  ᠤᠨ ᠡᠮᠨᠡᠯᠬᠡ  ᠶᠢᠨ ᠣᠷᠳᠣᠨ᠂ ᠡᠪᠡᠳᠴᠢᠯᠡᠬᠦ ᠶᠢ ᠰᠡᠷᠭᠡᠶᠢᠯᠡᠬᠦ ᠲᠦᠪ  ᠢ ᠪᠦᠲᠦᠭᠡᠨ ᠪᠠᠶᠢᠭᠤᠯᠵᠣ᠂ ᠣᠷᠳᠣᠰ  ᠤᠨ ᠡᠮᠴᠢᠯᠡᠭᠡ ᠶᠢᠨ ᠲᠦᠪ  ᠢ ᠴᠢᠷᠮᠠᠶᠢᠨ ᠡᠭᠦᠳᠦᠨ ᠪᠠᠶᠢᠭᠤᠯᠣᠨ᠎ᠠ᠃      ︵ᠲᠦᠷᠪᠡ︶ ᠠᠷᠠᠳ  ᠤᠨ  ᠡᠵᠡᠩᠨᠡᠯ  ᠤᠨ ᠡᠮᠨᠡᠯᠬᠡ  ᠶᠢᠨ ᠪᠠᠶᠢᠭᠤᠯᠣᠮᠵᠢ  ᠶᠢ ᠶᠡᠬᠡᠪᠡᠷ ᠬᠦᠭᠵᠢᠭᠦᠯᠦᠨ᠎ᠡ      1. ᠬᠤᠰᠢᠭᠤ ᠲᠣᠭᠤᠷᠢᠭ  ᠤᠨ ᠠᠷᠠᠳ  ᠤᠨ ᠡᠵᠡᠩᠨᠡᠯ  ᠤᠨ ᠡᠮᠨᠡᠯᠬᠡ  ᠶᠢᠨ ᠬᠤᠷᠢᠶᠠᠨ ᠤ ᠬᠦᠭᠵᠢᠯᠳᠡ  ᠶᠢ ᠴᠢᠩᠭᠠᠳᠬᠠᠨ᠎ᠠ᠃ ᠣᠳᠣᠬᠠᠨ  ᠳᠤ ᠡᠯ᠎ᠡ ᠬᠤᠰᠢᠭᠤ ᠲᠣᠭᠤᠷᠢᠭ  ᠤᠨ ᠠᠷᠠᠳ ᠤᠨ ᠡᠵᠡᠩᠨᠡᠯ  ᠤᠨ ᠡᠮᠨᠡᠯᠬᠡ  ᠶᠢᠨ ᠬᠤᠷᠢᠶᠠᠨ  ᠤ ᠬᠦᠭᠵᠢᠯᠳᠡ ᠬᠠᠷᠠᠬᠠᠨ ᠲᠡᠩᠴᠡᠭᠦᠷᠢ ᠦᠬᠡᠢ ᠪᠠᠶᠢᠵᠣ᠂ ᠣᠯᠠᠩᠬᠢ ᠨᠢ ᠭᠤᠣᠯᠳᠠᠯᠭᠠᠳᠣ ᠬᠤᠳᠠ  ᠶᠢᠨ ᠲᠣᠭᠤᠷᠢᠭ  ᠲᠤ ᠲᠦᠪᠯᠡᠷᠡᠵᠣ ᠪᠠᠶᠢᠨ᠎ᠠ᠃ ᠬᠤᠰᠢᠭᠤ ᠲᠣᠭᠤᠷᠢᠭ ᠤᠨ ᠠᠷᠠᠳ ᠤᠨ ᠡᠵᠡᠩᠨᠡᠯ ᠤᠨ ᠡᠮᠨᠡᠯᠬᠡ  ᠶᠢᠨ ᠬᠤᠷᠢᠶᠠᠨ ᠤ ᠲᠣᠬᠢᠷᠠᠭᠤᠯᠣᠯᠳᠠ  ᠶᠢ ᠲᠣᠬᠠᠢ  ᠶᠢᠨ ᠭᠠᠵᠠᠷ  ᠤᠨ ᠣᠵᠢᠭ ᠡᠪᠡᠳᠴᠢᠨ  ᠤ ᠡᠪᠡᠳᠴᠢᠯᠡᠬᠦ ᠨᠣᠷᠮ᠎ᠠ ᠪᠠᠷ ᠦᠨᠳᠦᠷ ᠲᠣᠰᠬᠠᠢ ᠡᠮᠨᠡᠯᠬᠡ  ᠶᠢᠨ ᠡᠪᠡᠳᠴᠢᠨ ᠡᠮᠬᠡᠭ ᠲᠠᠢ ᠭᠤᠣᠳᠠᠯᠭ᠎ᠠ ᠲᠠᠢ ᠣᠶᠠᠯᠳᠣᠭᠤᠯᠣᠨ ᠲᠣᠰᠬᠠᠢ ᠡᠮᠨᠡᠯᠬᠡ ᠎ ᠶᠢᠨ ᠬᠤᠷᠢᠶ᠎ᠠ ᠪᠠ ᠣᠨᠴᠠᠯᠢᠭᠳᠣ ᠡᠮᠨᠡᠯᠬᠡ  ᠶᠢᠨ ᠬᠤᠷᠢᠶ᠎ᠠ ᠪᠠᠶᠢᠭᠤᠯᠣᠨ᠎ᠠ᠃       2. ᠲᠣᠰᠢᠶᠠᠯ  ᠠᠴᠠ  ᠪᠠᠨ ᠰᠠᠯᠣᠭᠰᠠᠨ ᠪᠣᠶᠣ ᠡᠰᠡᠭᠦᠯ᠎ᠡ ᠠᠵᠢᠯ  ᠠᠴᠠ  ᠪᠠᠨ ᠪᠠᠭᠤᠭᠰᠠᠨ ᠡᠮᠴᠢ  ᠶᠢ ᠵᠣᠷᠢᠭᠵᠢᠭᠤᠯᠣᠨ ᠠᠷᠠᠳ  ᠤᠨ ᠡᠵᠡᠩᠨᠡᠯ  ᠤᠨ ᠡᠮᠨᠡᠯᠬᠡ  ᠶᠢᠨ ᠬᠤᠷᠢᠶ᠎ᠠ ᠳᠤ ᠣᠴᠢᠨ ᠬᠠᠮᠢᠶᠠᠷᠣᠯᠳᠠ ᠪᠠ ᠲᠣᠰᠬᠠᠢ ᠮᠡᠷᠭᠡᠵᠢᠯ  ᠤᠨ ᠣᠶᠢᠯᠡᠴᠢᠯᠡᠭᠡ ᠡᠷᠬᠢᠯᠡᠭᠦᠯᠵᠣ᠂ ᠪᠠᠰᠠ ᠴᠣ᠋ ᠬᠤᠪᠢ ᠶᠢᠨ ᠡᠮᠨᠡᠯᠬᠡ  ᠶᠢᠨ ᠭᠠᠵᠠᠷ  ᠢ ᠬᠠᠣᠯᠢ ᠶᠣᠰᠣᠭᠠᠷ ᠡᠷᠬᠢᠯᠡᠵᠣ ᠪᠣᠯᠣᠨ᠎ᠠ᠃      3. ᠨᠡᠶᠢᠬᠡᠮ  ᠤᠨ ᠬᠦᠷᠦᠩᠬᠡ  ᠶᠢ ᠵᠣᠷᠢᠭᠵᠢᠭᠤᠯᠣᠨ ᠲᠣᠰᠬᠠᠢ ᠡᠮᠨᠡᠯᠬᠡ  ᠶᠢᠨ ᠬᠤᠷᠢᠶ᠎ᠠ ᠪᠠᠶᠢᠭᠤᠯᠵᠣ᠂ ᠣᠯᠠᠨ ᠬᠡᠯᠪᠡᠷᠢ ᠮᠠᠶ᠋ᠢᠭ ᠤᠨ ᠡᠮᠨᠡᠯᠬᠡ ᠪᠠᠶᠢᠭᠤᠯᠬᠤ ᠪᠠᠶᠢᠳᠠᠯ  ᠢ ᠪᠦᠷᠢᠯᠳᠦᠭᠦᠯᠦᠨ᠎ᠡ᠃ ᠬᠢᠯᠢ ᠶᠢᠨ ᠭᠠᠳᠠᠨᠠᠬᠢ ᠬᠦᠷᠦᠩᠬᠡ  ᠶᠢ ᠢᠳᠡᠪᠬᠢᠲᠠᠢ ᠵᠣᠷᠢᠭᠵᠢᠭᠤᠯᠣᠨ ᠡᠮᠨᠡᠯᠬᠡ  ᠶᠢᠨ ᠪᠠᠶᠢᠭᠤᠯᠣᠮᠵᠢ ᠪᠠᠶᠢᠭᠤᠯᠬᠤ ᠪᠣᠶᠣ ᠡᠰᠡᠭᠦᠯ᠎ᠡ ᠪᠠᠶᠢᠭᠤᠯᠣᠯᠳᠠ  ᠳᠤ ᠣᠷᠣᠯᠴᠠᠭᠤᠯᠵᠣ᠂ ᠲᠡᠭᠦᠨᠴᠢᠯᠡᠨ ᠣᠯᠣᠰ  ᠤᠨ ᠲᠣᠳᠣᠭᠠᠳᠣ ᠭᠠᠳᠠᠭᠠᠳᠣ  ᠶᠢᠨ ᠬᠤᠯᠪᠣᠭᠠᠯᠠᠭᠰᠠᠨ ᠡᠮᠨᠡᠯᠬᠡ  ᠶᠢᠨ ᠪᠦᠯᠦᠭᠯᠡᠯ  ᠢ ᠵᠣᠬᠢᠶᠠᠨ ᠪᠠᠶᠢᠭᠤᠯᠵᠣ᠂  ᠲᠡᠯᠡᠬᠡᠢ  ᠶᠢᠨ ᠲᠡᠷᠢᠭᠦᠨ  ᠤ ᠬᠠᠮᠢᠶᠠᠷᠣᠯᠳᠠ  ᠶᠢᠨ ᠲᠣᠷᠰᠢᠯᠭ᠎ᠠ᠂ ᠬᠠᠮᠢᠶᠠᠷᠣᠯᠳᠠ ᠪᠠ ᠣᠶᠢᠯᠡᠴᠢᠯᠡᠬᠡᠨ  ᠤ ᠵᠠᠭᠪᠣᠷ  ᠢ ᠬᠠᠩᠭᠠᠨ᠎ᠠ᠃ ᠲᠡᠯᠡᠬᠡᠢ ᠎ ᠶᠢᠨ ᠲᠡᠷᠢᠭᠦᠨ  ᠤ ᠬᠢᠷᠢ ᠲᠦᠪᠰᠢᠨ ᠲᠠᠢ ᠠᠨᠠᠭᠠᠬᠤ ᠣᠬᠠᠭᠠᠨ  ᠤ ᠮᠡᠷᠭᠡᠵᠢᠯ ᠪᠠ ᠲᠣᠨᠤᠭ ᠲᠦᠭᠦᠭᠡᠷᠣᠮᠵᠢ ᠬᠠᠩᠭᠠᠨ᠎ᠠ᠃      4.ᠣᠳᠣ ᠪᠠᠶᠢᠭ᠎ᠠ ᠠᠷᠠᠳ  ᠤᠨ ᠡᠵᠡᠩᠨᠡᠯ  ᠤᠨ ᠡᠮᠨᠡᠯᠬᠡ  ᠶᠢᠨ ᠬᠤᠷᠢᠶ᠎ᠠ  ᠳᠤ ᠪᠦᠲᠦᠴᠡ ᠶᠢᠨ ᠲᠣᠬᠢᠷᠠᠭᠤᠯᠣᠯᠳᠠ ᠬᠢᠵᠣ᠂ ᠠᠭᠠᠵᠢᠮ  ᠢᠶᠠᠷ ᠬᠤᠪᠢᠷᠠᠭᠤᠯᠣᠨ  ᠲᠣᠰᠬᠠᠢ ᠡᠮᠨᠡᠯᠬᠡ  ᠶᠢᠨ ᠣᠨᠴᠠᠯᠢᠭ ᠲᠠᠢ ᠪᠠᠶᠢᠭᠤᠯᠣᠯᠳᠠ ᠬᠠᠩᠭᠠᠬᠤ  ᠪᠠᠷ ᠭᠤᠣᠯᠯᠠᠭᠰᠠᠨ ᠡᠮᠨᠡᠯᠬᠡ  ᠶᠢᠨ ᠣᠶᠢᠯᠡᠴᠢᠯᠡᠭᠡ ᠪᠣᠯᠭᠠᠵᠣ᠂ ᠵᠠᠷᠢᠮ ᠡᠮᠨᠡᠯᠬᠡ  ᠶᠢᠨ ᠣᠶᠢᠯᠡᠴᠢᠯᠡᠭᠡ  ᠪᠠᠷ ᠰᠢᠯᠢᠳᠡᠭ ᠡᠮᠨᠡᠯᠬᠡ  ᠶᠢᠨ ᠬᠤᠷᠢᠶ᠎ᠠ ᠨᠢ ᠪᠠᠰᠠ ᠦᠵᠦᠭᠦᠷ ᠲᠡᠰ  ᠤᠨ ᠣᠶᠢᠯᠡᠴᠢᠯᠡᠭᠡ ᠪᠠ ᠣᠨᠴᠠᠭᠠᠢ ᠬᠡᠷᠡᠭᠴᠡᠬᠡᠳᠣ ᠣᠶᠢᠯᠡᠴᠢᠯᠡᠭᠡ ᠬᠠᠩᠭᠠᠵᠣ ᠪᠣᠯᠣᠨ᠎ᠠ᠂ ᠨᠢᠭᠡ ᠡᠮᠨᠡᠯᠬᠡ  ᠶᠢᠨ ᠬᠤᠷᠢᠶ᠎ᠠ ᠳᠤ ᠬᠤᠶᠠᠷ ᠵᠣᠶᠢᠯ ᠎ ᠤᠨ ᠣᠶᠢᠯᠡᠴᠢᠯᠡᠬᠡᠨ ᠤ ᠵᠠᠭᠪᠣᠷ  ᠢ ᠬᠡᠷᠡᠭᠵᠢᠭᠦᠯᠦᠨ᠎ᠡ᠃      5. ︽ᠠᠷᠪᠠᠨ ᠬᠤᠶᠠᠳᠣᠭᠠᠷ ᠲᠠᠪᠣᠨ ᠵᠢᠯ︾ ᠎ ᠤᠨ ᠬᠤᠭᠤᠴᠠᠭᠠᠨ  ᠳᠤ᠂ ᠪᠦᠬᠦ ᠬᠤᠳᠠ ᠶᠢᠨ ᠰᠢᠨ᠎ᠡ  ᠪᠠᠷ ᠨᠡᠮᠡᠭᠳᠡᠬᠦ ᠡᠮᠨᠡᠯᠬᠡ  ᠶᠢᠨ ᠬᠤᠷᠢᠶ᠎ᠠ 20᠂ ᠡᠭᠦᠳᠡᠨ ᠡᠮᠨᠡᠯᠬᠡ  ᠶᠢᠨ ᠭᠠᠵᠠᠷ 60᠂ ᠬᠤᠪᠢ  ᠶᠢᠨ ᠡᠮᠨᠡᠯᠬᠡ  ᠶᠢᠨ ᠭᠠᠵᠠᠷ 200 ᠪᠣᠯᠣᠨ᠎ᠠ᠃      ︵ᠲᠠᠪᠤ︶ ᠮᠠᠯᠵᠢᠬᠤ ᠲᠠᠷᠢᠶᠠᠯᠠᠬᠤ ᠣᠷᠣᠨ  ᠤ ᠡᠮᠨᠡᠯᠬᠡ  ᠶᠢᠨ ᠪᠠᠶᠢᠭᠤᠯᠣᠮᠵᠢ  ᠶᠢᠨ ᠴᠢᠳᠠᠪᠦᠷᠢ  ᠶᠢᠨ ᠪᠠᠶᠢᠭᠤᠯᠣᠯᠳᠠ  ᠶᠢ ᠴᠢᠩᠭᠠᠳᠬᠠᠨ᠎ᠠ      1. ᠰᠣᠮᠣ ᠰᠢᠶᠠᠩ ᠪᠠᠯᠭᠠᠰᠣᠨ  ᠤ ᠡᠷᠡᠭᠦᠯ ᠬᠠᠮᠠᠭᠠᠯᠠᠯ  ᠤᠨ ᠬᠤᠷᠢᠶᠠᠨ  ᠤ ᠪᠦᠲᠦᠬᠡᠨ ᠪᠠᠶᠢᠭᠤᠯᠣᠯᠳᠠ  ᠶᠢ ᠴᠢᠩᠭᠠᠳᠬᠠᠨ᠎ᠠ᠃ ᠰᠣᠮᠣ ᠰᠢᠶᠠᠩ ᠪᠠᠯᠭᠠᠰᠣ ᠪᠣᠯᠭᠠᠨ ᠵᠠᠷᠴᠢᠮ ᠲᠡᠭᠡᠷ᠎ᠡ  ᠪᠠᠨ ᠵᠠᠰᠠᠭ ᠤᠨ ᠣᠷᠳᠣᠨ  ᠠᠴᠠ ᠡᠷᠬᠢᠯᠡᠭᠰᠡᠨ ᠨᠢᠬᠡ ᠡᠷᠡᠭᠦᠯ ᠬᠠᠮᠠᠭᠠᠯᠠᠯ  ᠤᠨ ᠬᠤᠷᠢᠶ᠎ᠠ ᠪᠠᠶᠢᠭᠤᠯᠣᠨ᠎ᠠ᠃ ᠴᠢᠳᠠᠮᠵᠢ  ᠶᠢᠨ ᠲᠠᠯ᠎ᠠ  ᠪᠠᠷ᠂ ᠭᠤᠣᠯᠳᠠᠯᠭᠠᠳᠣ ᠡᠷᠡᠭᠦᠯ ᠬᠠᠮᠠᠭᠠᠯᠠᠯ  ᠤᠨ ᠬᠤᠷᠢᠶ᠎ᠠ ᠪᠠ ᠡᠩ  ᠤᠨ ᠡᠷᠡᠭᠦᠯ ᠬᠠᠮᠠᠭᠠᠯᠠᠯ  ᠤᠨ ᠬᠤᠷᠢᠶ᠎ᠠ ᠬᠡᠵᠣ ᠬᠤᠶᠠᠷ ᠲᠦᠷᠦᠯ ᠬᠤᠪᠢᠶᠠᠨ᠎ᠠ᠃ ᠪᠦᠬᠦ ᠬᠤᠳᠠ  ᠳᠤ ᠨᠡᠶᠢᠳᠡ  50 ᠭᠤᠣᠯᠳᠠᠯᠭᠠᠳᠣ ᠡᠷᠡᠭᠦᠯ ᠬᠠᠮᠠᠭᠠᠯᠠᠯ  ᠤᠨ ᠬᠤᠷᠢᠶ᠎ᠠ᠂ 55 ᠡᠩ  ᠤᠨ ᠡᠷᠡᠭᠦᠯ ᠬᠠᠮᠠᠭᠠᠯᠠᠯ  ᠤᠨ ᠬᠤᠷᠢᠶ᠎ᠠ ᠪᠠᠶᠢᠭᠤᠯᠣᠨ᠎ᠠ᠃ 2012 ᠎ ᠠᠴᠠ 2015 ᠣᠨ ᠬᠦᠷᠳᠡᠯ᠎ᠡ᠂ 3 ᠵᠢᠯ ᠬᠤᠪᠢᠶᠠᠨ ᠪᠦᠲᠦᠬᠡᠨ ᠪᠠᠶᠢᠭᠤᠯᠬᠤ ᠡᠭᠦᠷᠬᠡ  ᠶᠢ ᠪᠡᠶᠡᠯᠡᠭᠦᠯᠵᠣ᠂ ᠨᠢᠭᠡᠳᠣᠬᠡᠷ ᠲᠦᠷᠦᠯ  ᠤᠨ ᠬᠦᠬᠡ ᠲᠡᠰ ᠎ ᠤᠨ ᠲᠣᠨᠤᠭ ᠲᠦᠭᠡᠷᠣᠮᠵᠢ ᠲᠣᠬᠢᠷᠠᠭᠤᠯᠬᠤ ᠪᠠᠷᠢᠮᠵᠢᠶ᠎ᠠ  ᠳᠤ ᠬᠦᠷᠬᠡᠨ᠎ᠡ᠃ 2012 ᠣᠨ  ᠳᠤ 9 ᠪᠦᠲᠦᠬᠡᠨ ᠪᠠᠶᠢᠭᠤᠯᠵᠣ᠂ 2013 ᠪᠠ 2014 ᠣᠨ  ᠳᠤ ᠲᠣᠰᠪᠣᠷᠢ 8 ᠪᠦᠲᠦᠬᠡᠨ ᠪᠠᠶᠢᠭᠤᠯᠬᠤ ᠡᠭᠦᠷᠬᠡ  ᠶᠢ ᠪᠡᠶᠡᠯᠡᠭᠦᠯᠦᠨ᠎ᠡ᠃      2. ᠪᠠᠷᠢᠮᠵᠢᠶᠠᠴᠢᠯᠠᠭᠰᠠᠨ ᠡᠷᠡᠭᠦᠯ ᠬᠠᠮᠠᠭᠠᠯᠠᠯ  ᠤᠨ ᠲᠠᠰᠤᠭ᠂ ᠨᠡᠭᠦᠳᠡᠯ ᠡᠷᠡᠭᠦᠯ ᠬᠠᠮᠠᠭᠠᠯᠠᠯ ᠤᠨ ᠠᠵᠢᠯ  ᠤᠨ ᠦᠷᠳᠡᠭᠡ  ᠶᠢᠨ ᠪᠦᠲᠦᠭᠡᠨ ᠪᠠᠶᠢᠭᠤᠯᠣᠯᠳᠠ  ᠶᠢ ᠲᠦᠷᠬᠡᠳᠬᠡᠨ᠎ᠡ᠃ ᠨᠢᠭᠡ ᠵᠠᠰᠠᠭ ᠵᠠᠬᠢᠷᠭᠠᠨ  ᠤ ᠭᠠᠴᠠᠭ᠎ᠠ ᠲᠣᠰᠬᠤᠨ ᠎ ᠳᠤ ᠵᠠᠷᠴᠢᠮ ᠲᠡᠭᠡᠷ᠎ᠡ  ᠪᠠᠨ ᠵᠦᠪᠬᠡᠨ  ᠨᠢᠭᠡ ᠡᠷᠡᠭᠦᠯ ᠬᠠᠮᠠᠭᠠᠯᠠᠯ  ᠤᠨ ᠲᠠᠰᠤᠭ ᠲᠣᠬᠢᠷᠠᠭᠤᠯᠣᠨ᠎ᠠ᠃ 2012 — 2015 ᠣᠨ ᠬᠦᠷᠳᠡᠯ᠎ᠡ᠂ ᠵᠢᠯ ᠪᠦᠷᠢ 75 ᠭᠠᠴᠠᠭ᠎ᠠ ᠲᠣᠰᠬᠤᠨ  ᠤ ᠡᠷᠡᠭᠦᠯ ᠬᠠᠮᠠᠭᠠᠯᠠᠯ  ᠤᠨ ᠲᠠᠰᠤᠭ  ᠢ ᠦᠷᠬᠡᠳᠬᠡᠨ ᠪᠠᠶᠢᠭᠤᠯᠵᠣ᠂ ᠨᠡᠶᠢᠳᠡ 300  ᠪᠠᠶᠢᠭᠤᠯᠣᠨ᠎ᠠ᠃ 2012 ᠎ ᠠᠴᠠ 2014 ᠣᠨ ᠬᠦᠷᠳᠡᠯ᠎ᠡ᠂ ᠨᠡᠬᠡᠬᠡᠯᠳᠡ ᠬᠢᠬᠦ ᠶᠢ ᠴᠠᠭᠠᠵᠠᠯᠠᠬᠤ ᠣᠷᠣᠨ ︵344 ᠭᠠᠴᠠᠭ᠎ᠠ ᠲᠣᠰᠬᠤᠨ︶ ᠪᠠ ᠨᠡᠬᠡᠬᠡᠯᠳᠡ ᠬᠢᠬᠦ  ᠶᠢ ᠬᠢᠵᠠᠭᠠᠷᠯᠠᠬᠤ ᠣᠷᠣᠨ ︵243 ᠭᠠᠴᠠᠭ᠎ᠠ ᠲᠣᠰᠬᠤᠨ︶ ᠎ ᠳᠤ 300 ᠨᠡᠭᠦᠳᠡᠯ ᠡᠷᠡᠭᠦᠯ ᠬᠠᠮᠠᠭᠠᠯᠠᠯ  ᠤᠨ ᠲᠠᠰᠤᠭ ᠎ ᠤᠨ ᠪᠦᠲᠦᠬᠡᠨ ᠪᠠᠶᠢᠭᠤᠯᠣᠯᠳᠠ  ᠶᠢᠨ ᠲᠦᠷᠦᠯ ᠵᠣᠶᠢᠯ ᠲᠣᠬᠢᠷᠠᠭᠤᠯᠵᠣ᠂ ᠵᠢᠯ ᠪᠣᠯᠭᠠᠨ 100 ᠪᠠᠶᠢᠭᠤᠯᠬᠤ ᠡᠭᠦᠷᠬᠡ ᠎ ᠶᠢ ᠪᠡᠶᠡᠯᠡᠭᠦᠯᠦᠨ᠎ᠡ᠃     ︵ᠵᠢᠷᠭᠤᠭ᠎ᠠ︶ ᠬᠤᠳᠠ ᠶᠢᠨ ᠲᠣᠭᠤᠷᠢᠭ ᠨᠡᠶᠢᠬᠡᠮ ᠲᠣᠭᠤᠷᠢᠭ  ᠤᠨ ᠡᠷᠡᠭᠦᠯ ᠬᠠᠮᠠᠭᠠᠯᠠᠯ ᠤᠨ ᠣᠶᠢᠯᠡᠴᠢᠯᠡᠬᠡᠨ ᠎ ᠤ ᠪᠠᠶᠢᠭᠤᠯᠣᠮᠵᠢ  ᠶᠢᠨ ᠪᠦᠲᠦᠬᠡᠨ ᠪᠠᠶᠢᠭᠤᠯᠣᠯᠳᠠ  ᠶᠢ ᠴᠢᠩᠭᠠᠳᠬᠠᠨ᠎ᠠ      ᠨᠡᠶᠢᠬᠡᠮ ᠲᠣᠭᠤᠷᠢᠭ  ᠤᠨ ᠡᠷᠡᠭᠦᠯ ᠬᠠᠮᠠᠭᠠᠯᠠᠯ  ᠤᠨ ᠣᠶᠢᠯᠡᠴᠢᠯᠡᠬᠡᠨ  ᠤ ᠲᠦᠪ᠂ ᠨᠡᠶᠢᠬᠡᠮ ᠲᠣᠭᠤᠷᠢᠭ  ᠤᠨ ᠡᠷᠡᠭᠦᠯ ᠬᠠᠮᠠᠭᠠᠯᠠᠯ  ᠤᠨ ᠣᠶᠢᠯᠡᠴᠢᠯᠡᠬᠡᠨ  ᠤ ᠦᠷᠳᠡᠭᠡ ᠨᠢ ᠪᠠᠷᠢᠮᠵᠢᠶᠠᠴᠢᠯᠠᠭᠰᠠᠨ ᠪᠦᠲᠦᠬᠡᠨ ᠪᠠᠶᠢᠭᠤᠯᠣᠯᠳᠠ  ᠶᠢ ᠬᠡᠷᠡᠭᠵᠢᠭᠦᠯᠦᠨ᠎ᠡ᠃ ᠮᠠᠨ ᠤ ᠬᠤᠳᠠ  ᠶᠢᠨ ᠪᠣᠳᠠᠳᠣ ᠪᠠᠶᠢᠳᠠᠯ  ᠢ ᠦᠨᠳᠦᠰᠦᠯᠡᠨ᠂ ᠪᠦᠬᠦ ᠬᠤᠳᠠ ᠵᠠᠷᠴᠢᠮ ᠲᠡᠬᠡᠷ᠎ᠡ ᠎ ᠪᠠᠨ 1.5 — 5 ᠲᠦᠮᠡᠨ ᠬᠦᠮᠦᠨ ᠠᠮᠠ  ᠳᠤ ᠨᠢᠭᠡ ᠨᠡᠶᠢᠬᠡᠮ ᠲᠣᠭᠤᠷᠢᠭ ᠤᠨ ᠡᠷᠡᠭᠦᠯ ᠬᠠᠮᠠᠭᠠᠯᠠᠯ  ᠤᠨ ᠣᠶᠢᠯᠡᠴᠢᠯᠡᠬᠡᠨ  ᠤ ᠲᠦᠪ ᠪᠠ ᠨᠡᠶᠢᠬᠡᠮ ᠲᠣᠭᠤᠷᠢᠭ ᠤᠨ ᠡᠷᠡᠭᠦᠯ ᠬᠠᠮᠠᠭᠠᠯᠠᠯ  ᠤᠨ ᠣᠶᠢᠯᠡᠴᠢᠯᠡᠬᠡᠨ ᠤ ᠦᠷᠳᠡᠭᠡ ᠲᠣᠬᠢᠷᠠᠭᠤᠯᠵᠣ᠂ ᠨᠢᠭᠡ ᠴᠣᠭᠴᠠᠵᠢᠭᠤᠯᠣᠭᠰᠠᠨ ᠬᠠᠮᠢᠶᠠᠷᠣᠯᠳᠠ  ᠶᠢ ᠬᠡᠷᠡᠭᠵᠢᠭᠦᠯᠦᠨ᠎ᠡ᠃ ᠪᠠᠭ᠎ᠠ ᠡᠪᠡᠳᠴᠢᠨ  ᠢ  ᠨᠡᠶᠢᠬᠡᠮ ᠲᠣᠭᠤᠷᠢᠭ  ᠲᠤ ᠪᠠᠶᠢᠯᠭᠠᠵᠣ᠂ ᠶᠡᠭᠡ ᠡᠪᠡᠳᠴᠢᠨ  ᠢ  ᠡᠮᠨᠡᠯᠬᠡ  ᠶᠢᠨ ᠬᠤᠷᠢᠶᠠᠨ  ᠳᠤ ᠣᠴᠢᠵᠣ ᠦᠵᠡᠭᠦᠯᠬᠦ ᠬᠠᠷᠢᠯᠴᠠᠨ ᠰᠢᠯᠵᠢᠭᠦᠯᠦᠨ ᠡᠮᠨᠡᠭᠦᠯᠬᠦ ᠵᠠᠭᠪᠣᠷ ᠢ ᠠᠭᠠᠵᠢᠮ ᠢᠶᠠᠷ ᠪᠡᠶᠡᠯᠡᠭᠦᠯᠦᠨ᠎ᠡ᠃ ᠪᠦᠬᠦ ᠬᠤᠳᠠ ᠳᠤ ᠨᠡᠶᠢᠬᠡᠮ ᠲᠣᠭᠤᠷᠢᠭ  ᠤᠨ ᠡᠷᠡᠭᠦᠯ ᠬᠠᠮᠠᠭᠠᠯᠠᠯ  ᠤᠨ ᠣᠶᠢᠯᠡᠴᠢᠯᠡᠬᠡᠨ  ᠤ ᠲᠦᠪ  ᠢ ᠨᠡᠶᠢᠳᠡ 35᠂ ᠨᠡᠶᠢᠬᠡᠮ ᠲᠣᠭᠤᠷᠢᠭ ᠤᠨ ᠡᠷᠡᠭᠦᠯ ᠬᠠᠮᠠᠭᠠᠯᠠᠯ ᠤᠨ ᠣᠶᠢᠯᠡᠴᠢᠯᠡᠬᠡᠨ  ᠤ ᠦᠷᠳᠡᠭᠡ  ᠶᠢ 80 ᠲᠣᠬᠢᠷᠠᠭᠤᠯᠣᠨ᠎ᠠ᠃      ︵ᠲᠣᠯᠤᠭ᠎ᠠ︶ ᠴᠢᠰᠣ ᠠᠪᠬᠤ ᠴᠢᠰᠣ ᠬᠠᠩᠭᠠᠬᠤ ᠪᠠᠶᠢᠭᠤᠯᠣᠮᠵᠢ  ᠶᠢᠨ ᠲᠣᠬᠢᠷᠠᠭᠤᠯᠣᠯᠳᠠ ᠶᠢ ᠴᠢᠩᠭᠠᠳᠬᠠᠨ᠎ᠠ      ᠪᠦᠬᠦ ᠬᠤᠳᠠ  ᠳᠤ 1 ᠭᠤᠣᠯᠳᠠᠯᠭᠠᠳᠣ ᠴᠢᠰᠣᠨ ᠦᠷᠳᠡᠭᠡ ᠲᠣᠬᠢᠷᠠᠭᠤᠯᠣᠨ᠎ᠠ  ᠂ 3 ᠵᠢᠯ ᠤᠨ ᠲᠣᠳᠣᠷ᠎ᠠ ᠴᠢᠰᠣᠨ  ᠤ ᠬᠤᠪᠢᠶᠠᠷᠢ ᠦᠷᠳᠡᠭᠡ  ᠂ ᠴᠢᠰᠣ ᠬᠠᠳᠠᠭᠠᠯᠠᠬᠤ ᠴᠡᠭ  ᠢ ᠲᠣᠰᠪᠣᠷᠢ ᠰᠢᠨ᠎ᠡ  ᠪᠠᠷ 3 ᠪᠠᠶᠢᠭᠤᠯᠣᠨ᠎ᠠ᠂ ᠵᠢᠯ ᠪᠣᠯᠭᠠᠨ  ᠳᠤ ᠨᠢᠭᠡ ᠴᠢᠰᠣᠨ  ᠤ ᠬᠤᠪᠢᠶᠠᠷᠢ ᠦᠷᠳᠡᠭᠡ ᠪᠠ ᠨᠢᠭᠡ ᠴᠢᠰᠣ ᠬᠠᠳᠠᠭᠠᠯᠠᠬᠤ ᠴᠡᠭ  ᠤᠨ ᠪᠦᠲᠦᠬᠡᠨ ᠪᠠᠶᠢᠭᠤᠯᠣᠯᠳᠠ  ᠶᠢᠨ ᠡᠭᠦᠷᠬᠡ  ᠶᠢ ᠪᠡᠶᠡᠯᠡᠭᠦᠯᠦᠨ᠎ᠡ᠃     ︵ᠨᠠᠶᠢᠮᠠ︶ ᠣᠷᠣᠨ  ᠲᠣᠭᠤᠷᠢᠭ  ᠤᠨ ᠡᠮᠨᠡᠯᠬᠡ  ᠶᠢᠨ ᠴᠢᠮᠡᠭᠡ ᠵᠠᠩᠬᠢᠴᠢᠯᠠᠯᠳᠠ  ᠶᠢ ᠶᠡᠬᠡᠪᠡᠷ ᠬᠦᠭᠵᠢᠭᠦᠯᠦᠨ᠎ᠡ      ᠲᠣᠣᠷ ᠰᠦᠯᠵᠢᠶᠡᠴᠢᠯᠡᠭᠰᠡᠨ ᠬᠠᠮᠢᠶᠠᠷᠣᠯᠳᠠ  ᠪᠠᠷ ᠡᠷᠡᠭᠦᠯ ᠬᠠᠮᠠᠭᠠᠯᠠᠯ  ᠤᠨ ᠣᠶᠢᠯᠡᠴᠢᠯᠡᠬᠡᠨ ᠤ ᠨᠢᠭᠡ ᠴᠣᠭᠴᠠᠵᠢᠯᠳᠠ  ᠶᠢ ᠠᠬᠢᠭᠤᠯᠵᠣ᠂ ᠬᠠᠮᠢᠶᠠᠷᠣᠯᠳᠠ  ᠶᠢᠨ ᠴᠢᠮᠡᠭᠡ ᠵᠠᠩᠬᠢᠴᠢᠯᠠᠯᠳᠠ  ᠪᠠᠷ ᠬᠠᠮᠢᠶᠠᠷᠣᠯᠳᠠ  ᠶᠢᠨ ᠣᠳᠣᠬᠢᠴᠢᠯᠠᠯᠳᠠ  ᠶᠢ ᠠᠬᠢᠭᠤᠯᠣᠨ᠎ᠠ᠃ ︽ᠲᠣᠭᠠᠴᠠᠯᠠᠭᠰᠠᠨ ᠡᠷᠡᠭᠦᠯ ᠬᠠᠮᠠᠭᠠᠯᠠᠯ︾ ᠎ ᠤᠨ ᠢᠨᠵᠧᠨᠧᠷᠢᠩ  ᠢ ᠪᠦᠬᠦ ᠲᠠᠯ᠎ᠠ  ᠪᠠᠷ ᠬᠡᠷᠡᠭᠵᠢᠭᠦᠯᠵᠣ᠂ ᠡᠮ ᠡᠮᠨᠡᠯᠬᠡ ᠡᠷᠡᠭᠦᠯ ᠬᠠᠮᠠᠭᠠᠯᠠᠯ  ᠤᠨ ᠦᠬᠡᠷᠡᠴᠢᠯᠡᠯᠳᠡ  ᠶᠢ ᠬᠦᠨᠵᠡᠭᠡᠶᠢᠷᠡᠭᠦᠯᠬᠦ  ᠳᠤ ᠮᠡᠷᠭᠡᠵᠢᠯ  ᠤᠨ ᠲᠡᠮᠵᠢᠯᠬᠡ ᠬᠠᠩᠭᠠᠨ᠎ᠠ᠃      1. ᠬᠤᠳᠠ  ᠶᠢᠨ ᠱᠠᠳᠣᠨ  ᠤ ᠣᠷᠣᠨ ᠲᠣᠭᠤᠷᠢᠭ  ᠤᠨ ᠡᠷᠡᠭᠦᠯ ᠬᠠᠮᠠᠭᠠᠯᠠᠯ  ᠤᠨ ᠴᠢᠮᠡᠭᠡ ᠵᠠᠩᠬᠢ  ᠶᠢᠨ ᠲᠠᠪᠴᠠᠩ  ᠢ ᠪᠠᠶᠢᠭᠤᠯᠣᠨ᠎ᠠ᠃ ᠣᠷᠣᠨ ᠲᠣᠭᠤᠷᠢᠭ  ᠤᠨ ᠲᠣᠳᠣᠷ᠎ᠠ ᠡᠮ ᠡᠮᠨᠡᠯᠬᠡ ᠡᠷᠡᠭᠦᠯ ᠬᠠᠮᠠᠭᠠᠯᠠᠯ  ᠤᠨ ᠣᠶᠢᠯᠡᠴᠢᠯᠡᠭᠡ  ᠶᠢ ᠬᠠᠮᠳᠣᠪᠠᠷ ᠡᠳ᠋ᠯᠡᠬᠦ᠂ ᠡᠬᠢ ᠪᠠᠶᠠᠯᠢᠭ  ᠢ ᠬᠠᠮᠳᠣᠪᠠᠷ ᠡᠳ᠋ᠯᠡᠬᠦ᠂ ᠴᠢᠮᠡᠭᠡ ᠵᠠᠩᠬᠢ  ᠶᠢ ᠬᠠᠮᠳᠣᠪᠠᠷ ᠡᠳ᠋ᠯᠡᠬᠦ  ᠪᠠᠷ ᠬᠠᠷᠠᠯᠳᠠ ᠪᠣᠯᠭᠠᠨ᠂ ᠣᠷᠣᠨ ᠲᠣᠭᠤᠷᠢᠭ  ᠤᠨ ᠲᠣᠳᠣᠷᠠᠬᠢ ᠡᠯ᠎ᠡ ᠡᠮ ᠡᠮᠨᠡᠯᠬᠡ ᠡᠷᠡᠭᠦᠯ ᠬᠠᠮᠠᠭᠠᠯᠠᠯ ᠎ ᠤᠨ ᠲᠣᠬᠠᠶᠢᠯᠠᠭᠰᠠᠨ ᠠᠵᠢᠯ ᠤᠨ ᠰᠠᠯᠠᠭ᠎ᠠ ᠮᠦᠴᠢᠷ  ᠤᠨ ᠲᠣᠬᠠᠶᠢᠯᠠᠭᠰᠠᠨ ᠠᠵᠢᠯ  ᠤᠨ ᠲᠤᠭ᠎ᠠ ᠪᠠᠷᠢᠮᠳᠠ  ᠶᠢ ᠴᠣᠭᠯᠠᠭᠤᠯᠵᠣ᠂ ᠡᠷᠡᠭᠦᠯ ᠬᠠᠮᠠᠭᠠᠯᠠᠯ  ᠤᠨ ᠠᠵᠢᠯ ᠲᠦᠷᠦᠯ  ᠤᠨ ᠳ᠋ᠠᠶᠢᠲᠨ ᠬᠦᠮᠦᠷᠬᠡ ᠪᠠᠶᠢᠭᠤᠯᠵᠣ᠂ ᠬᠤᠷᠸ᠎ᠠ ᠬᠠᠮᠢᠶᠠᠷᠣᠯᠳᠠ ᠪᠠ ᠰᠢᠢᠳᠪᠦᠷᠢᠳᠣ ᠪᠣᠳᠣᠯᠭ᠎ᠠ ᠲᠣᠭᠳᠠᠭᠠᠬᠤ  ᠳᠤ ᠲᠤᠭ᠎ᠠ ᠪᠠᠷᠢᠮᠳᠠ  ᠶᠢᠨ ᠡᠬᠢ ᠪᠠᠶᠠᠯᠢᠭ ᠬᠠᠩᠭᠠᠵᠣ ᠂ ᠡᠯ᠎ᠡ ᠡᠮ ᠡᠮᠨᠡᠯᠬᠡ ᠡᠷᠡᠭᠦᠯ ᠬᠠᠮᠠᠭᠠᠯᠠᠯ  ᠤᠨ ᠲᠣᠬᠠᠶᠢᠯᠠᠭᠰᠠᠨ ᠠᠵᠢᠯ  ᠤᠨ ᠰᠢᠰᠲ᠋ᠧᠮ  ᠤᠨ ᠴᠢᠯᠣᠬᠡᠲᠠᠢ  ᠪᠠᠷ ᠠᠴᠢᠶᠠᠯᠠᠬᠤ᠂ ᠲᠣᠬᠠᠶᠢᠯᠠᠭᠰᠠᠨ ᠠᠵᠢᠯ  ᠢᠶᠠᠷ ᠬᠠᠮᠵᠢᠯᠴᠠᠬᠤ᠂ ᠴᠢᠮᠡᠭᠡ ᠵᠠᠩᠬᠢ  ᠶᠢ ᠬᠠᠮᠳᠣᠪᠠᠷ ᠡᠳ᠋ᠯᠡᠬᠦ ᠪᠠ ᠲᠤᠭ᠎ᠠ ᠪᠠᠷᠢᠮᠳᠠ  ᠶᠢ ᠰᠣᠯᠢᠯᠴᠠᠬᠤ ᠬᠠᠷᠠᠯᠳᠠ  ᠶᠢ ᠭᠦᠢᠴᠡᠳ ᠪᠡᠶᠡᠯᠡᠭᠦᠯᠦᠨ᠎ᠡ᠃ ᠬᠤᠰᠢᠭᠤ ᠱᠠᠳᠣᠨ ᠤ ᠲᠠᠪᠴᠠᠩ ᠲᠠᠢ ᠬᠤᠰᠢᠭᠤ ᠲᠣᠭᠤᠷᠢᠭ ᠲᠠᠪᠴᠠᠩ ᠢᠶᠠᠨ ᠬᠤᠳᠠ  ᠶᠢᠨ ᠱᠠᠳᠣᠨ  ᠤ ᠲᠠᠪᠴᠠᠩ  ᠳᠤ ᠵᠠᠯᠭᠠᠨ ᠣᠷᠣᠭᠤᠯᠵᠣ᠂ ᠪᠠᠶᠢᠬᠤ ᠦᠬᠡᠢ ᠬᠤᠰᠢᠭᠤ ᠲᠣᠭᠤᠷᠢᠭ  ᠤᠨ ᠡᠯ᠎ᠡ ᠲᠣᠬᠠᠶᠢᠯᠠᠭᠰᠠᠨ ᠠᠵᠢᠯ  ᠤᠨ ᠰᠢᠰᠲ᠋ᠧᠮ  ᠤᠨ ᠬᠢᠨ ᠬᠤᠳᠠ ᠶᠢᠨ ᠱᠠᠳᠣᠨ ᠎ ᠤ ᠲᠠᠪᠴᠠᠩ  ᠳᠤ ᠰᠢᠭᠤᠳ ᠵᠠᠯᠭᠠᠨ ᠣᠷᠣᠭᠤᠯᠵᠣ᠂ ᠬᠤᠳᠠ  ᠶᠢᠨ ᠱᠠᠳᠣᠨ  ᠤ ᠲᠠᠪᠴᠠᠩ  ᠢ ᠦᠪᠡᠷᠳᠡᠬᠡᠨ ᠵᠠᠰᠠᠬᠤ ᠣᠷᠣᠨ  ᠤ ᠲᠠᠪᠴᠠᠩ  ᠳᠤ ᠵᠠᠯᠭᠠᠨ  ᠣᠷᠣᠭᠤᠯᠣᠨ᠎ᠠ᠃      2. ᠨᠡᠶᠢᠳᠡ  ᠶᠢᠨ ᠡᠷᠡᠭᠦᠯ ᠬᠠᠮᠠᠭᠠᠯᠠᠯ᠂ ᠡᠮᠨᠡᠯᠬᠡ  ᠶᠢᠨ ᠣᠶᠢᠯᠡᠴᠢᠯᠡᠭᠡ᠂ ᠲᠣᠰᠬᠤᠨ  ᠤ ᠰᠢᠨ᠎ᠡ ᠬᠡᠯᠪᠡᠷᠢ ᠎ ᠶᠢᠨ  ᠬᠤᠷᠰᠢᠭᠰᠠᠨ ᠡᠮᠨᠡᠯᠬᠡ᠂ ᠡᠮ  ᠤᠨ ᠬᠠᠮᠢᠶᠠᠷᠣᠯᠳᠠ᠂ ᠶᠡᠷᠦᠩᠬᠡᠶᠢᠯᠡᠭᠰᠡᠨ ᠬᠠᠮᠢᠶᠠᠷᠣᠯᠳᠠ ᠵᠡᠷᠬᠡ 5 ᠲᠦᠷᠦᠯ ᠎ ᠤᠨ ᠲᠣᠬᠠᠶᠢᠯᠠᠭᠰᠠᠨ ᠠᠵᠢᠯ  ᠤᠨ ᠬᠡᠷᠡᠭᠯᠡᠬᠡᠨ  ᠤ ᠰᠢᠰᠲ᠋ᠧᠮ ᠢ ᠪᠠᠶᠢᠭᠤᠯᠣᠨ᠎ᠠ᠃ ᠡᠳ᠋  ᠤᠨ ᠶᠠᠪᠣᠳᠠᠯ  ᠢ ᠬᠢᠨᠠᠨ ᠬᠠᠮᠢᠶᠠᠷᠬᠤ᠂ ᠬᠢᠷᠢ ᠪᠦᠲᠦᠮᠵᠢ  ᠶᠢ ᠰᠢᠯᠭᠠᠨ ᠬᠢᠨᠠᠬᠤ᠂ ᠶᠡᠷᠦᠩᠬᠡᠶᠢᠯᠡᠨ ᠪᠦᠷᠢᠳᠬᠡᠬᠦ ᠪᠠ ᠰᠢᠢᠳᠪᠦᠷᠢᠳᠣ ᠪᠣᠳᠣᠯᠭ᠎ᠠ ᠲᠣᠭᠳᠠᠭᠠᠬᠤ  ᠶᠢ ᠲᠡᠮᠵᠢᠬᠦ ᠵᠡᠷᠬᠡ ᠠᠭᠤᠯᠭ᠎ᠠ  ᠶᠢ ᠪᠠᠭᠳᠠᠭᠠᠭᠰᠠᠨ ᠬᠤᠷᠠᠮᠠᠯᠵᠢᠭᠤᠯᠣᠭᠰᠠᠨ᠂ ᠣᠶᠣᠨᠴᠢᠯᠠᠭᠰᠠᠨ ᠡᠷᠡᠭᠦᠯ ᠬᠠᠮᠠᠭᠠᠯᠠᠯ  ᠤᠨ ᠶᠡᠷᠦᠩᠬᠡᠶᠢᠯᠡᠭᠰᠡᠨ ᠬᠠᠮᠢᠶᠠᠷᠣᠯᠳᠠ  ᠶᠢᠨ ᠴᠢᠮᠡᠭᠡ ᠵᠠᠩᠬᠢ  ᠶᠢᠨ ᠰᠢᠰᠲ᠋ᠧᠮ  ᠢ ᠪᠠᠶᠢᠭᠤᠯᠣᠨ ᠪᠦᠷᠢᠯᠳᠦᠭᠦᠯᠦᠨ᠎ᠡ᠃      3. ᠡᠷᠡᠭᠦᠯ ᠮᠡᠨᠳᠣ  ᠶᠢᠨ ᠲᠠᠩᠰᠠ ᠡᠪᠬᠡᠮᠡᠯ᠂ ᠡᠯᠧᠺᠲᠷᠣᠨ ᠡᠪᠡᠳᠴᠢᠨ  ᠤ ᠲᠡᠣᠬᠡ ᠬᠤᠶᠠᠷ ᠲᠣᠮᠣ ᠡᠬᠢ ᠪᠠᠶᠠᠯᠢᠭ  ᠤᠨ ᠳ᠋ᠠᠶᠢᠲᠨ  ᠬᠦᠮᠦᠷᠬᠡ ᠪᠠᠶᠢᠭᠤᠯᠣᠨ᠎ᠠ  ᠃ ᠣᠷᠣᠨ ᠲᠣᠭᠤᠷᠢᠭ ᠤᠨ ᠡᠷᠡᠭᠦᠯ ᠬᠠᠮᠠᠭᠠᠯᠠᠯ  ᠤᠨ ᠴᠢᠮᠡᠭᠡ ᠵᠠᠩᠬᠢ  ᠶᠢᠨ ᠲᠠᠪᠴᠠᠩ  ᠳᠤ ᠲᠦᠰᠢᠭᠯᠡᠨ᠂ ᠣᠯᠣᠰ  ᠤᠨ ᠲᠤᠭ᠎ᠠ ᠪᠠᠷᠢᠮᠳᠠ  ᠶᠢᠨ ᠪᠠᠷᠢᠮᠵᠢᠶ᠎ᠠ ᠪᠠ ᠮᠡᠷᠭᠡᠵᠢᠯ  ᠤᠨ ᠲᠦᠷᠢᠮᠵᠢᠯ  ᠳᠤ ᠨᠡᠶᠢᠴᠡᠬᠦ ᠰᠠᠭᠤᠭᠠᠯᠢ ᠠᠷᠠᠳ  ᠤᠨ ᠡᠯᠧᠺᠲᠷᠣᠨ ᠡᠷᠡᠭᠦᠯ ᠮᠠᠨᠳᠣ  ᠶᠢᠨ ᠲᠠᠩᠰᠠ ᠡᠪᠬᠡᠮᠡᠯ  ᠤᠨ ᠳ᠋ᠠᠶᠢᠲᠨ ᠬᠦᠮᠦᠷᠬᠡ ᠪᠠ ᠡᠯᠧᠺᠲᠷᠣᠨ ᠡᠪᠡᠳᠴᠢᠨ  ᠤ ᠲᠡᠣᠬᠡ  ᠶᠢᠨ ᠳ᠋ᠠᠶᠢᠲᠨ ᠬᠦᠮᠦᠷᠬᠡ ᠪᠠᠶᠢᠭᠤᠯᠣᠨ᠎ᠠ᠃ ᠪᠦᠬᠦ ᠬᠤᠳᠠ ᠶᠢᠨ ᠡᠷᠡᠭᠦᠯ ᠮᠡᠨᠳᠣ  ᠶᠢᠨ ᠲᠠᠩᠰᠠ ᠡᠪᠬᠡᠮᠡᠯ᠂ ᠡᠯᠧᠺᠲᠷᠣᠨ ᠡᠪᠳᠴᠢᠨ  ᠤ ᠲᠡᠣᠬᠡ᠂ ᠨᠡᠶᠢᠳᠡ ᠶᠢᠨ ᠡᠷᠡᠭᠦᠯ ᠬᠠᠮᠠᠭᠠᠯᠠᠯ᠂ ᠡᠮᠨᠡᠯᠬᠡ  ᠶᠢᠨ ᠪᠠᠳᠣᠯᠠᠭ᠎ᠠ ᠵᠢᠴᠢ ᠦᠨᠳᠦᠰᠦᠨ ᠱᠠᠳᠣᠨ  ᠤ ᠡᠷᠡᠭᠦᠯ ᠬᠠᠮᠠᠭᠠᠯᠠᠯ  ᠤᠨ ᠨᠢᠭᠡᠴᠢ ᠬᠤᠭᠤᠷᠣᠨᠳᠣ ᠳᠠᠭᠠᠨ ᠴᠢᠮᠡᠭᠡ ᠵᠠᠩᠬᠢ ᠰᠣᠯᠢᠯᠴᠠᠬᠤ ᠪᠠ ᠬᠠᠮᠳᠣᠪᠠᠷ ᠡᠳ᠋ᠯᠡᠬᠦ  ᠶᠢ ᠪᠡᠶᠡᠯᠡᠭᠦᠯᠦᠨ᠎ᠡ᠃      4. ᠡᠷᠡᠭᠦᠯ ᠬᠠᠮᠠᠭᠠᠯᠠᠯ  ᠤᠨ ᠲᠣᠰᠬᠠᠢ ᠰᠦᠯᠵᠢᠶ᠎ᠡ᠂ ᠰᠠᠭᠤᠭᠠᠯᠢ ᠠᠷᠠᠳ  ᠤᠨ ᠡᠷᠡᠭᠦᠯ ᠮᠡᠨᠳᠣ  ᠶᠢᠨ ᠺᠡᠷᠲ ᠵᠡᠷᠬᠡ ᠰᠠᠭᠤᠷᠢ ᠲᠦᠭᠦᠭᠡᠷᠣᠮᠵᠢ  ᠶᠢ ᠪᠠᠶᠢᠭᠤᠯᠣᠨ᠎ᠠ᠃ ᠪᠦᠬᠦ ᠬᠤᠳᠠ  ᠶᠢᠨ ᠡᠷᠡᠭᠦᠯ ᠬᠠᠮᠠᠭᠠᠯᠠᠯ  ᠤᠨ ᠴᠢᠮᠡᠭᠡ ᠵᠠᠩᠬᠢ ᠎ ᠶᠢᠨ ᠲᠣᠣᠷ ᠰᠦᠯᠵᠢᠶ᠎ᠡ ᠪᠠᠶᠢᠭᠤᠯᠵᠣ᠂ ᠡᠷᠡᠭᠦᠯ ᠬᠠᠮᠠᠭᠠᠯᠠᠯ  ᠤᠨ ᠰᠢᠰᠲ᠋ᠧᠮ  ᠤᠨ ᠣᠯᠠᠨ ᠵᠣᠶᠢᠯ  ᠤᠨ ᠲᠣᠬᠠᠶᠢᠯᠠᠭᠰᠠᠨ ᠠᠵᠢᠯ  ᠢ ᠡᠭᠦᠷᠬᠡᠯᠡᠵᠣ᠂ ᠡᠯ᠎ᠡ ᠵᠣᠶᠢᠯ  ᠤᠨ ᠲᠣᠬᠠᠶᠢᠯᠠᠭᠰᠠᠨ ᠠᠵᠢᠯ  ᠢ ᠬᠠᠷᠢᠯᠴᠠᠨ ᠬᠤᠯᠪᠣᠭᠠᠯᠠᠨ ᠨᠡᠪᠲᠡᠷᠡᠭᠦᠯᠵᠣ᠂ ᠡᠬᠢ ᠪᠠᠶᠠᠯᠢᠭ  ᠢ ᠬᠠᠮᠳᠣᠪᠠᠷ ᠡᠳ᠋ᠯᠡᠬᠦ  ᠶᠢ ᠪᠡᠶᠡᠯᠡᠭᠦᠯᠦᠨ᠎ᠡ᠃ ᠬᠤᠳᠠ  ᠶᠢᠨ ᠠᠷᠠᠳ  ᠤᠨ ᠺᠡᠷᠲ ᠎ ᠤᠨ ᠰᠢᠰᠲ᠋ᠧᠮ  ᠳᠤ ᠲᠦᠰᠢᠭᠯᠡᠨ᠂ ᠣᠷᠣᠨ ᠲᠣᠭᠤᠷᠢᠭ  ᠤᠨ ᠡᠷᠡᠭᠦᠯ ᠬᠠᠮᠠᠭᠠᠯᠠᠯ  ᠤᠨ ᠴᠢᠮᠡᠭᠡ ᠵᠠᠩᠬᠢ ᠶᠢᠨ ᠲᠠᠪᠴᠠᠩ  ᠢᠶᠠᠷ ᠰᠠᠭᠤᠷᠢᠯᠠᠭᠤᠯᠣᠭᠰᠠᠨ  ᠪᠡᠶ᠎ᠡ ᠢᠯᠭᠠᠬᠤ᠂ ᠡᠮ ᠡᠮᠨᠡᠯᠬᠡ ᠡᠷᠡᠭᠦᠯ ᠬᠠᠮᠠᠭᠠᠯᠠᠯ ᠤᠨ ᠣᠶᠢᠯᠡᠴᠢᠯᠡᠭᠡ᠂ ᠡᠮᠨᠡᠯᠬᠡ  ᠶᠢᠨ ᠲᠠᠭᠠᠳᠬᠠᠯ᠂ ᠲᠣᠰᠬᠤᠨ  ᠤ ᠰᠢᠨ᠎ᠡ ᠬᠡᠯᠪᠡᠷᠢ ᠶᠢᠨ ᠬᠤᠷᠰᠢᠭᠰᠠᠨ ᠡᠮᠨᠡᠯᠬᠡ᠂ ᠬᠡᠷᠡᠭᠯᠡᠭᠡ ᠪᠠ ᠦᠭᠬᠦ ᠎ ᠶᠢ ᠨᠢᠭᠡ ᠴᠣᠭᠴᠠᠵᠢᠭᠤᠯᠣᠭᠰᠠᠨ ᠡᠷᠡᠭᠦᠯ ᠮᠡᠨᠳᠣ ᠶᠢᠨ ᠣᠶᠢᠯᠡᠴᠢᠯᠡᠬᠡᠨ  ᠤ ᠨᠢᠭᠡ ᠺᠠᠷᠲ  ᠢᠶᠠᠷ ᠨᠡᠪᠲᠡᠷᠡᠬᠦ ᠰᠢᠰᠲ᠋ᠧᠮ ᠢ ᠪᠠᠶᠢᠭᠤᠯᠣᠨ᠎ᠠ᠃ ᠰᠠᠭᠤᠭᠠᠯᠢ ᠠᠷᠠᠳ  ᠤᠨ ᠡᠷᠡᠭᠦᠯ ᠮᠡᠨᠳᠣ  ᠶᠢᠨ ᠲᠠᠩᠰᠠ ᠡᠪᠬᠡᠮᠡᠯ  ᠤᠨ ᠬᠡᠯᠬᠢᠶᠡᠰᠣ ᠎ ᠪᠠᠷ ᠲᠠᠮᠵᠢᠨ᠂ ᠣᠷᠣᠨ ᠲᠣᠭᠤᠷᠢᠭ ᠤᠨ ᠲᠣᠳᠣᠷᠠᠬᠢ ᠰᠠᠭᠤᠭᠠᠯᠢ ᠠᠷᠠᠳ ᠠᠳᠠᠯᠢ ᠪᠣᠰᠣ ᠡᠮᠨᠡᠯᠬᠡ  ᠶᠢᠨ ᠪᠠᠶᠢᠭᠤᠯᠣᠮᠵᠢ  ᠳᠤ ᠬᠤᠪᠢ ᠬᠦᠮᠦᠨ  ᠤ ᠡᠷᠡᠭᠦᠯ ᠮᠡᠨᠳᠣ  ᠶᠢᠨ ᠴᠢᠮᠡᠭᠡ ᠵᠠᠩᠬᠢ  ᠶᠢ ᠬᠠᠮᠳᠣᠪᠠᠷ ᠡᠳ᠋ᠯᠡᠬᠦ  ᠶᠢ ᠪᠡᠶᠡᠯᠡᠭᠦᠯᠵᠣ᠂ ᠲᠣᠰᠬᠤᠨ  ᠤ ᠰᠢᠨ᠎ᠡ ᠬᠡᠯᠪᠡᠷᠢ  ᠶᠢᠨ  ᠬᠤᠷᠰᠢᠭᠰᠠᠨ ᠡᠮᠨᠡᠯᠬᠡ  ᠶᠢᠨ ᠪᠡᠯᠡ ᠮᠦᠩᠭᠦ ᠪᠠ ᠬᠤᠪᠢ ᠬᠦᠮᠦᠨ  ᠤ ᠪᠠᠩᠬᠢ  ᠶᠢᠨ ᠪᠡᠯᠡ ᠮᠦᠩᠭᠦ  ᠶᠢ ᠴᠠᠭ ᠲᠣᠬᠠᠢ ᠳᠤᠨᠢ ᠦᠭᠴᠣ᠂ ᠡᠬᠢ ᠪᠠᠶᠠᠯᠢᠭ  ᠢ ᠨᠢᠭᠡᠳᠬᠡᠵᠣ᠂ ᠦᠪᠡᠷ  ᠤᠨ ᠦᠷᠳᠡᠭ  ᠢ ᠪᠠᠭᠤᠷᠠᠭᠤᠯᠵᠣ᠂ ᠣᠶᠢᠯᠡᠴᠢᠯᠡᠭᠡ  ᠶᠢ ᠰᠠᠶᠢᠵᠢᠷᠠᠭᠤᠯᠵᠣ᠂ ᠬᠠᠮᠢᠶᠠᠷᠣᠯᠳᠠ  ᠪᠠᠨ ᠲᠡᠭᠡᠭᠰᠢᠯᠡᠭᠦᠯᠬᠦ ᠬᠠᠷᠠᠯᠳᠠ  ᠳᠤ ᠬᠦᠷᠦᠨ᠎ᠡ᠃      ᠲᠠᠪᠤ᠂ ᠪᠠᠳᠣᠯᠠᠭ᠎ᠠ  ᠶᠢᠨ ᠠᠷᠭ᠎ᠠ ᠬᠡᠮᠵᠢᠶ᠎ᠡ     ︵ᠨᠢᠭᠡ︶ ᠵᠣᠬᠢᠶᠠᠨ ᠪᠠᠶᠢᠭᠤᠯᠣᠨ ᠣᠳᠣᠷᠢᠳᠬᠤ  ᠶᠢ ᠴᠢᠩᠭᠠᠳᠬᠠᠨ᠎ᠠ᠃ ᠬᠤᠳᠠ  ᠶᠢᠨ ᠡᠮᠨᠡᠯᠬᠡ ᠶᠢᠨ ᠪᠠᠶᠢᠭᠤᠯᠣᠮᠵᠢ ᠶᠢᠨ ᠲᠣᠬᠢᠷᠠᠭᠤᠯᠣᠯᠳᠠ  ᠶᠢᠨ ᠲᠦᠯᠦᠪᠵᠢᠭᠦᠯᠬᠡ  ᠶᠢᠨ ᠣᠳᠣᠷᠢᠳᠬᠤ ᠲᠣᠭᠤᠶᠢᠯᠠᠩ ︵ᠠᠰ ᠲᠤᠨᠢ ᠮᠡᠳᠡᠭᠳᠡᠨ᠎ᠡ︶ ᠪᠠᠶᠢᠭᠤᠯᠤᠨ᠎ᠠ᠃ ᠣᠳᠣᠷᠢᠳᠬᠤ ᠲᠣᠭᠤᠶᠢᠯᠠᠩ  ᠤᠨ ᠠᠯᠪᠠᠨ ᠬᠡᠷ  ᠢ ᠡᠷᠡᠭᠦᠯ ᠬᠠᠮᠠᠭᠠᠯᠠᠯ  ᠤᠨ ᠲᠣᠪᠴᠢᠶ᠎ᠠ  ᠳᠤ ᠪᠠᠶᠢᠭᠤᠯᠵᠣ᠂ ᠲᠦᠯᠦᠪᠵᠢᠭᠦᠯᠬᠡ  ᠶᠢ ᠬᠡᠷᠡᠭᠵᠢᠭᠦᠯᠬᠦ ᠠᠵᠢᠯ ᠢ ᠬᠠᠷᠢᠭᠤᠴᠠᠨ᠎ᠠ᠃ ᠡᠯ᠎ᠡ ᠬᠤᠰᠢᠭᠤ ᠲᠣᠭᠤᠷᠢᠭ ᠲᠣᠰ ᠲᠦᠯᠦᠪᠵᠢᠭᠦᠯᠬᠡ ᠶᠢ ᠦᠨᠳᠦᠰᠦᠯᠡᠨ᠂ ᠵᠣᠬᠢᠴᠠᠯᠳᠣᠭᠰᠠᠨ ᠬᠡᠷᠡᠭᠵᠢᠭᠦᠯᠬᠦ ᠰᠠᠨᠠᠯ ᠪᠠ ᠢᠵᠢ ᠪᠦᠷᠢᠳᠦᠭᠦᠯᠦᠭᠰᠡᠨ ᠲᠦᠷᠦ ᠶᠢᠨ ᠪᠣᠳᠣᠯᠭ᠎ᠠ ᠲᠣᠭᠳᠠᠭᠠᠵᠣ᠂ ᠲᠡᠭᠦᠨᠴᠢᠯᠡᠨ ᠨᠠᠶᠢᠳᠠᠪᠦᠷᠢᠵᠢᠭᠤᠯᠣᠭᠰᠠᠨ ᠪᠠᠶᠢᠳᠠᠯ  ᠢ ᠬᠤᠰᠢᠭᠤ ᠲᠣᠭᠤᠷᠢᠭ  ᠤᠨ ᠬᠠᠷᠠᠯᠳᠠᠳᠣ ᠰᠢᠯᠭᠠᠨ ᠬᠢᠨᠠᠯᠳᠠ  ᠳᠤ ᠣᠷᠣᠭᠤᠯᠣᠨ᠎ᠠ᠃      ︵ᠬᠤᠶᠠᠷ︶ ᠲᠦᠷᠦ  ᠶᠢᠨ ᠪᠣᠳᠣᠯᠭ᠎ᠠ  ᠶᠢᠨ ᠪᠠᠳᠣᠯᠠᠭ᠎ᠠ  ᠶᠢ ᠨᠠᠶᠢᠳᠠᠪᠦᠷᠢᠵᠢᠭᠤᠯᠣᠨ᠎ᠠ᠃ ᠡᠮᠨᠡᠯᠬᠡ  ᠶᠢᠨ ᠪᠠᠶᠢᠭᠤᠯᠣᠮᠵᠢ  ᠶᠢᠨ ᠪᠦᠲᠦᠬᠡᠨ ᠪᠠᠶᠢᠭᠤᠯᠣᠯᠳᠠ ᠲᠣᠮᠳᠠᠬᠢ ᠲᠦᠯᠦᠪᠵᠢᠬᠦᠯᠬᠡ ᠬᠢᠬᠦ᠂ ᠭᠠᠵᠠᠷ ᠬᠡᠷᠡᠭᠯᠡᠬᠦ᠂ ᠣᠷᠴᠢᠨ ᠲᠣᠭᠤᠷᠢᠨ  ᠤ ᠨᠦᠯᠦᠭᠡᠯᠡᠯ  ᠎ ᠢ ᠦᠨᠡᠯᠡᠬᠦ᠂ ᠲᠠᠭᠠᠭᠠᠴᠢᠯᠠᠯᠳᠠ ᠵᠠᠷᠯᠠᠬᠤ  ᠎ ᠳᠤ ᠵᠣᠬᠢᠴᠠᠯᠳᠣᠭᠰᠠᠨ ᠲᠣᠭᠳᠠᠭᠠᠯ ᠶᠣᠰᠣᠭᠠᠷ ᠠᠵᠢᠯ  ᠢᠶᠠᠨ ᠰᠠᠶᠢᠳᠣᠷ ᠬᠢᠵᠣ᠂ ᠬᠢᠨᠠᠨ ᠵᠦᠪᠰᠢᠶᠡᠷᠡᠬᠦ ᠭᠠᠷ ᠭᠦᠢᠴᠡᠳᠬᠡᠯ ᠢ ᠴᠣᠮᠬᠠᠳᠬᠠᠵᠣ᠂ ᠠᠵᠢᠯ ᠎ ᠤᠨ ᠪᠦᠲᠦᠮᠵᠢ  ᠶᠢ ᠲᠡᠭᠡᠭᠰᠢᠯᠡᠭᠦᠯᠵᠣ᠂ ᠪᠦᠲᠦᠬᠡᠨ ᠪᠠᠶᠢᠭᠤᠯᠬᠤ ᠠᠬᠢᠴᠠ  ᠶᠢ ᠲᠦᠷᠬᠡᠳᠬᠡᠵᠣ᠂ ᠡᠮᠨᠡᠯᠬᠡ  ᠶᠢᠨ ᠬᠤᠷᠢᠶᠠᠨ ᠤ ᠪᠦᠲᠦᠬᠡᠨ ᠪᠠᠶᠢᠭᠤᠯᠣᠯᠳᠠ ᠶᠢᠨ ᠠᠵᠢᠯ  ᠢ ᠣᠷᠣᠭᠰᠢᠲᠠᠢ ᠶᠠᠪᠣᠭᠳᠠᠭᠤᠯᠬᠤ  ᠶᠢ ᠪᠠᠳᠣᠯᠠᠨ᠎ᠠ᠃     ︵ᠭᠤᠷᠪᠠ︶ ᠡᠳ᠋  ᠤᠨ ᠵᠠᠰᠠᠭ  ᠤᠨ ᠣᠷᠣᠭᠤᠯᠣᠯᠳᠠ  ᠶᠢ ᠨᠡᠮᠡᠭᠳᠡᠭᠦᠯᠦᠨ᠎ᠡ᠃ ᠡᠮᠨᠡᠯᠬᠡ ᠶᠢᠨ ᠣᠶᠢᠯᠡᠴᠢᠯᠡᠬᠡᠨ  ᠤ ᠪᠠᠶᠢᠭᠤᠯᠣᠮᠵᠢ  ᠶᠢᠨ ᠪᠦᠲᠦᠬᠡᠨ ᠪᠠᠶᠢᠭᠤᠯᠣᠯᠳᠠ  ᠳᠤ ᠵᠠᠰᠠᠭ  ᠤᠨ ᠣᠷᠳᠣᠨ  ᠢᠶᠠᠷ ᠭᠤᠣᠯᠯᠠᠬᠤ ᠎ ᠶᠢ ᠪᠠᠷᠢᠮᠳᠠᠯᠠᠵᠣ᠂ ᠡᠯ᠎ᠡ ᠱᠠᠳᠣᠨ  ᠤ ᠠᠷᠠᠳ  ᠤᠨ ᠵᠠᠰᠠᠭ  ᠤᠨ ᠣᠷᠳᠣᠨ ᠡᠮ ᠡᠮᠨᠡᠯᠬᠡ ᠡᠷᠡᠭᠦᠯ ᠬᠠᠮᠠᠭᠠᠯᠠᠯ ᠤᠨ ᠵᠠᠷᠣᠳᠠᠯ  ᠤᠨ ᠣᠷᠣᠭᠤᠯᠣᠯᠳᠠ  ᠶᠢ ᠨᠡᠮᠡᠭᠳᠡᠭᠦᠯᠵᠣ᠂ ᠢᠯᠠᠩᠭᠤᠶ᠎ᠠ ᠮᠣᠩᠭᠤᠯ ᠬᠢᠳᠠᠳ ᠡᠮ ᠡᠮᠨᠡᠯᠬᠡ  ᠶᠢᠨ ᠣᠷᠣᠭᠤᠯᠣᠯᠳᠠ  ᠶᠢ ᠨᠡᠮᠡᠭᠳᠡᠭᠦᠯᠦᠨ᠎ᠡ᠃ ᠬᠤᠳᠠ ᠬᠦᠳᠡᠭᠡ  ᠶᠢᠨ ᠰᠠᠭᠤᠭᠠᠯᠢ ᠠᠷᠠᠳ  ᠤᠨ ᠡᠮᠨᠡᠯᠬᠡ  ᠶᠢᠨ ᠣᠶᠢᠯᠡᠴᠢᠯᠡᠬᠡᠨ ᠳᠠᠬᠢ ᠡᠷᠬᠡ ᠲᠡᠭᠰᠢ ᠴᠢᠨᠠᠷ ᠪᠠ ᠬᠦᠷᠴᠣ ᠲᠡᠶᠢᠯᠬᠦ ᠴᠢᠨᠠᠷ  ᠢ ᠪᠠᠳᠣᠯᠠᠨ᠎ᠠ᠃ ᠡᠭᠦᠨ ᠤ ᠵᠡᠷᠬᠡᠪᠡᠷ᠂ ᠲᠣᠭᠳᠠᠩᠭᠤᠢ ᠡᠮᠨᠡᠯᠬᠡ  ᠶᠢᠨ ᠣᠷᠣᠭᠤᠯᠣᠯᠳᠠ  ᠶᠢᠨ ᠲᠦᠷᠦ  ᠶᠢᠨ ᠪᠣᠳᠣᠯᠭ᠎ᠠ  ᠶᠢ ᠲᠣᠭᠳᠠᠭᠠᠨ ᠲᠡᠭᠦᠯᠳᠡᠷᠵᠢᠭᠦᠯᠵᠣ ᠂ ᠵᠠᠰᠠᠭ  ᠤᠨ ᠣᠷᠳᠣᠨ  ᠤ ᠣᠷᠣᠭᠤᠯᠣᠯᠳᠠ  ᠶᠢᠨ ᠪᠦᠲᠦᠮᠵᠢ ᠶᠢ ᠲᠡᠭᠡᠭᠰᠢᠯᠡᠭᠦᠯᠵᠣ᠂ ᠵᠠᠰᠠᠭ ᠤᠨ ᠣᠷᠳᠣᠨ ᠤ ᠡᠳ᠋ ᠎ ᠤᠨ ᠵᠠᠰᠠᠭ ᠤᠨ ᠨᠡᠶᠢᠳᠡ  ᠶᠢᠨ ᠣᠶᠢᠯᠡᠴᠢᠯᠡᠬᠡᠨ ᠤ ᠴᠢᠳᠠᠮᠵᠢ  ᠶᠢ ᠬᠠᠮᠤᠭ  ᠤᠨ ᠶᠡᠭᠡ ᠬᠢᠵᠠᠭᠠᠷ  ᠢᠶᠠᠷ ᠪᠠᠳᠠᠷᠠᠭᠤᠯᠣᠨ᠎ᠠ᠃      ︵ᠲᠦᠷᠪᠡ︶ ᠰᠠᠯᠠᠭ᠎ᠠ ᠮᠦᠴᠢᠷ  ᠤᠨ ᠬᠠᠮᠵᠢᠯᠴᠠᠭ᠎ᠠ  ᠶᠢ ᠴᠢᠩᠭᠠᠳᠬᠠᠨ᠎ᠠ᠃ ᠬᠦᠭᠵᠢᠭᠦᠯᠦᠯᠳᠡ ᠪᠠ ᠦᠬᠡᠷᠡᠴᠢᠯᠡᠯᠳᠡ  ᠶᠢᠨ ᠰᠠᠯᠠᠭ᠎ᠠ ᠮᠦᠴᠢᠷ ᠠᠯᠪᠠᠨ  ᠠᠴᠠ ᠪᠠᠶᠢᠭᠤᠯᠣᠭᠰᠠᠨ ᠡᠮᠨᠡᠯᠬᠡ  ᠶᠢᠨ ᠬᠤᠷᠢᠶᠠᠨ  ᠤ ᠪᠦᠲᠦᠭᠡᠨ ᠪᠠᠶᠢᠭᠤᠯᠣᠯᠳᠠ  ᠶᠢᠨ ᠲᠦᠷᠦᠯ ᠵᠣᠶᠢᠯ  ᠤᠨ ᠦᠨᠳᠦᠰᠦᠨ ᠪᠦᠲᠦᠬᠡᠨ ᠪᠠᠶᠢᠭᠤᠯᠣᠯᠳᠠ  ᠶᠢᠨ ᠲᠡᠰ ᠲᠠᠷᠠᠭᠠᠯᠠᠯ ᠵᠢᠴᠢ ᠪᠡᠯᠡ ᠮᠦᠩᠭᠦᠨ  ᠤ ᠬᠡᠷᠡᠭᠯᠡᠯᠳᠡ  ᠳᠤ ᠬᠢᠨᠠᠯᠲᠠ ᠲᠠᠯᠪᠢᠨ ᠬᠠᠮᠢᠶᠠᠷᠣᠯᠳᠠ ᠬᠢᠬᠦ  ᠶᠢ ᠬᠠᠷᠢᠭᠤᠴᠠᠨ᠎ᠠ︔ ᠡᠳ᠋  ᠤᠨ ᠵᠠᠰᠠᠭ ᠤᠨ ᠰᠠᠯᠠᠭ᠎ᠠ ᠮᠦᠴᠢᠷ ᠦᠨᠳᠦᠰᠦᠨ ᠪᠦᠲᠦᠬᠡᠨ ᠪᠠᠶᠢᠭᠤᠯᠣᠯᠳᠠ  ᠶᠢᠨ ᠲᠣᠨᠤᠭ ᠲᠦᠭᠦᠭᠡᠷᠣᠮᠵᠢ᠂ ᠠᠵᠢᠯᠳᠠᠨ ᠎ ᠢ ᠪᠣᠯᠪᠠᠰᠣᠷᠠᠭᠤᠯᠬᠤ᠂ ᠭᠤᠣᠯᠳᠠᠯᠭ᠎ᠠ ᠲᠠᠢ ᠲᠣᠰᠬᠠᠢ ᠡᠮᠨᠡᠯᠬᠡ  ᠶᠢᠨ ᠪᠦᠲᠦᠬᠡᠨ ᠪᠠᠶᠢᠭᠤᠯᠣᠯᠳᠠ ᠵᠡᠷᠬᠡ ᠪᠡᠯᠡ ᠮᠦᠩᠭᠦ  ᠶᠢ ᠨᠠᠶᠢᠳᠠᠪᠦᠷᠢᠵᠢᠭᠤᠯᠬᠤ  ᠶᠢ ᠬᠠᠷᠢᠭᠤᠴᠠᠵᠣ᠂ ᠲᠡᠭᠦᠨᠴᠢᠯᠡᠨ ᠲᠣᠰᠬᠠᠢ ᠵᠣᠭᠤᠰ ᠢ ᠲᠣᠰᠬᠠᠢ ᠬᠡᠷᠡᠭᠯᠡᠬᠦ  ᠶᠢ ᠪᠡᠶᠡᠯᠡᠭᠦᠯᠦᠨ᠎ᠡ︔ ᠪᠦᠲᠦᠬᠡᠨ ᠪᠠᠶᠢᠭᠤᠯᠣᠯᠳᠠ ᠲᠦᠯᠦᠪᠵᠢᠭᠦᠯᠬᠡ  ᠶᠢᠨ ᠰᠠᠯᠠᠭ᠎ᠠ ᠮᠦᠴᠢᠷ ᠡᠮᠨᠡᠯᠬᠡ  ᠶᠢᠨ ᠪᠦᠲᠦᠬᠡᠨ ᠪᠠᠶᠢᠭᠤᠯᠣᠯᠳᠠ  ᠶᠢᠨ ᠬᠡᠷᠡᠭᠯᠡᠬᠦ ᠭᠠᠵᠠᠷ  ᠢ ᠲᠦᠯᠦᠪᠵᠢᠭᠦᠯᠬᠦ ᠪᠠ ᠬᠢᠨᠠᠨ ᠵᠦᠪᠰᠢᠶᠡᠷᠡᠬᠦ ᠵᠢᠴᠢ ᠬᠡᠷᠡᠭᠯᠡᠯᠳᠡ  ᠳᠤ ᠬᠢᠨᠠᠯᠲᠠ ᠲᠠᠯᠪᠢᠨ ᠬᠠᠮᠢᠶ᠋ᠷᠣᠯᠳᠠ ᠬᠢᠬᠦ  ᠶᠢ ᠬᠠᠷᠢᠭᠤᠴᠠᠨ᠎ᠠ︔ ᠡᠷᠡᠭᠦᠯ ᠬᠠᠮᠠᠭᠠᠯᠠᠯ  ᠤᠨ ᠰᠠᠯᠠᠭ᠎ᠠ ᠮᠦᠴᠢᠷ ᠪᠦᠲᠦᠬᠡᠨ ᠪᠠᠶᠢᠭᠤᠯᠣᠯᠳᠠ  ᠶᠢᠨ ᠲᠦᠷᠦᠯ ᠵᠣᠶᠢᠯ  ᠤᠨ ᠲᠦᠯᠦᠪᠵᠢᠭᠦᠯᠬᠡ ᠵᠢᠴᠢ ᠪᠠᠷᠢᠮᠵᠢᠶ᠎ᠠ  ᠳᠤ ᠬᠢᠨᠠᠯᠲᠠ ᠲᠠᠯᠪᠢᠨ ᠬᠠᠮᠢᠶᠠᠷᠣᠯᠳᠠ ᠬᠢᠬᠦ  ᠶᠢ ᠬᠠᠷᠢᠭᠤᠴᠠᠨ᠎ᠠ︔ ᠬᠢᠨᠠᠨ ᠪᠠᠶᠢᠴᠠᠭᠠᠬᠤ ᠪᠠ ᠬᠢᠨᠠᠨ ᠪᠣᠳᠣᠬᠤ ᠰᠠᠯᠠᠭ᠎ᠠ ᠮᠦᠴᠢᠷ ᠪᠦᠲᠦᠬᠡᠨ ᠪᠠᠶᠢᠭᠤᠯᠣᠯᠳᠠ ᠵᠢᠴᠢ ᠲᠣᠨᠤᠭ ᠲᠦᠭᠦᠭᠡᠷᠣᠮᠵᠢ  ᠶᠢᠨ ᠵᠠᠷᠣᠳᠠᠯ  ᠤᠨ ᠬᠡᠷᠡᠭᠯᠡᠯᠳᠡ ᠵᠡᠷᠬᠡ  ᠳᠤ ᠵᠡᠷᠬᠡᠪᠡᠷ ᠬᠢᠨᠠᠯᠲᠠ ᠲᠠᠯᠪᠢᠨ ᠬᠢᠨᠠᠨ ᠪᠣᠳᠣᠬᠤ  ᠶᠢ ᠬᠠᠷᠢᠭᠤᠴᠠᠨ᠎ᠠ︔ ᠡᠯ᠎ᠡ ᠰᠠᠯᠠᠭ᠎ᠠ ᠮᠦᠴᠢᠷ ᠲᠣᠰ ᠲᠣᠰ  ᠤᠨ ᠡᠭᠦᠷᠬᠡ ᠲᠣᠰᠢᠶᠠᠯ ᠎ ᠢᠶᠠᠨ ᠭᠦᠢᠴᠡᠳᠬᠡᠵᠣ᠂ ᠲᠣᠰ ᠲᠣᠰ  ᠤᠨ ᠬᠠᠷᠢᠭᠤᠴᠠᠯᠭ᠎ᠠ ᠪᠠᠨ ᠬᠠᠷᠢᠭᠤᠴᠠᠵᠣ᠂ ᠰᠠᠯᠠᠭ᠎ᠠ ᠮᠦᠴᠢᠷ ᠤᠨ ᠬᠠᠷᠢᠯᠴᠠᠭ᠎ᠠ ᠪᠠᠨ ᠴᠢᠩᠭᠠᠳᠬᠠᠵᠣ᠂ ᠶᠡᠬᠡᠪᠡᠷ ᠬᠠᠮᠵᠢᠯᠴᠠᠨ ᠲᠦᠯᠦᠪᠵᠢᠭᠦᠯᠬᠡ  ᠶᠢᠨ ᠨᠠᠶᠢᠳᠠᠪᠦᠷᠢᠵᠢᠭᠤᠯᠣᠯᠳᠠ  ᠶᠢ ᠪᠠᠳᠣᠯᠠᠨ᠎ᠠ᠃     ︵ᠲᠠᠪᠤ︶ ᠪᠦᠬᠦ ᠠᠵᠢᠯ ᠲᠦᠷᠦᠯ  ᠤᠨ ᠬᠠᠮᠢᠶᠠᠷᠣᠯᠳᠠ  ᠶᠢ ᠴᠢᠩᠭᠠᠳᠬᠠᠨ᠎ᠠ᠃ ᠪᠠᠶᠢᠭᠤᠯᠣᠮᠵᠢ  ᠶᠢ ᠵᠦᠪᠰᠢᠶᠡᠷᠡᠨ ᠣᠷᠣᠭᠤᠯᠬᠤ  ᠶᠢ ᠴᠢᠩᠭᠠᠷᠠᠭᠤᠯᠣᠨ᠎ᠠ᠃ ᠡᠯ᠎ᠡ ᠱᠠᠳᠣᠨ  ᠤ ᠡᠷᠡᠭᠦᠯ ᠬᠠᠮᠠᠭᠠᠯᠠᠯ  ᠤᠨ ᠵᠠᠰᠠᠭ ᠵᠠᠬᠢᠷᠭᠠᠨ ᠎ ᠤ ᠰᠠᠯᠠᠭ᠎ᠠ ᠮᠦᠴᠢᠷ ᠡᠮᠨᠡᠯᠬᠡ  ᠶᠢᠨ ᠪᠠᠶᠢᠭᠤᠯᠣᠮᠵᠢ ᠳᠤ ᠬᠢᠨᠠᠯᠲᠠ ᠲᠠᠯᠪᠢᠨ ᠬᠠᠮᠢᠶᠠᠷᠣᠯᠳᠠ ᠬᠢᠬᠦ  ᠶᠢ ᠬᠠᠣᠯᠢ ᠶᠣᠰᠣᠭᠠᠷ ᠴᠢᠩᠭᠠᠳᠬᠠᠵᠣ᠂ ᠲᠣᠬᠠᠢ  ᠶᠢᠨ ᠭᠠᠵᠠᠷ  ᠤᠨ ᠪᠣᠳᠠᠳᠣ ᠡᠮ ᠡᠮᠨᠡᠯᠬᠡ ᠡᠷᠡᠭᠦᠯ ᠬᠠᠮᠠᠭᠠᠯᠠᠯ  ᠤᠨ ᠡᠬᠢ ᠪᠠᠶᠠᠯᠢᠭ  ᠢ ᠦᠨᠳᠦᠰᠦᠯᠡᠨ᠂ ᠪᠠᠶᠢᠭᠤᠯᠣᠮᠵᠢ  ᠶᠢᠨ ᠬᠡᠮᠵᠢᠶ᠎ᠡ᠂ ᠣᠷᠣ  ᠶᠢᠨ ᠲᠤᠭ᠎ᠠ᠂ ᠲᠠᠷᠬᠠᠯᠳᠠ  ᠶᠢᠨ ᠣᠷᠣᠨ ᠲᠣᠭᠤᠷᠢᠭ᠂ ᠲᠣᠮᠣ ᠬᠡᠯᠪᠡᠷᠢ ᠶᠢᠨ ᠡᠮᠨᠡᠯᠬᠡ  ᠶᠢᠨ ᠲᠣᠨᠤᠭ ᠲᠦᠭᠦᠭᠡᠷᠣᠮᠵᠢ ᠵᠡᠷᠬᠡ  ᠶᠢ ᠵᠦᠪᠰᠢᠶᠡᠷᠡᠨ ᠣᠷᠣᠭᠤᠯᠬᠤ ᠪᠠᠷᠢᠮᠵᠢᠶ᠎ᠠ  ᠶᠢ ᠴᠢᠩᠭ᠎ᠠ ᠡᠵᠡᠮᠰᠢᠵᠣ᠂ ᠵᠦᠪᠰᠢᠶᠡᠷᠡᠨ ᠣᠷᠣᠭᠤᠯᠬᠤ ᠲᠡᠰ ᠲᠠᠷᠠᠭᠠᠯᠠᠯ ᠢ ᠲᠦᠷᠢᠮᠵᠢᠭᠦᠯᠵᠣ᠂ ᠡᠮᠨᠡᠯᠬᠡ ᠎ ᠶᠢᠨ ᠪᠠᠶᠢᠭᠤᠯᠣᠮᠵᠢ  ᠶᠢᠨ ᠲᠣᠬᠢᠷᠠᠭᠤᠯᠣᠯᠳᠠ  ᠶᠢ ᠬᠢᠨᠠᠨ ᠵᠦᠪᠰᠢᠶᠡᠷᠡᠬᠦ ᠪᠠ ᠠᠵᠢᠯ ᠡᠷᠬᠢᠯᠡᠬᠦ ᠶᠢ ᠲᠠᠩᠰᠠᠯᠠᠬᠤ ᠲᠦᠷᠢᠮ  ᠢ ᠲᠡᠭᠦᠯᠳᠡᠷᠵᠢᠭᠦᠯᠦᠨ᠎ᠡ᠃ ᠣᠳᠣ ᠪᠠᠶᠢᠭ᠎ᠠ ᠡᠮᠨᠡᠯᠬᠡ  ᠶᠢᠨ ᠪᠠᠶᠢᠭᠤᠯᠣᠮᠵᠢ  ᠶᠢ ᠲᠠᠬᠢᠨ ᠮᠠᠭᠠᠳᠯᠠᠨ ᠲᠣᠭᠳᠠᠭᠠᠵᠣ᠂ ᠨᠦᠭᠦᠴᠡᠯ  ᠳᠤ ᠨᠡᠶᠢᠴᠡᠬᠦ ᠦᠬᠡᠢ ᠪᠣᠯ ᠡᠮᠨᠡᠯᠬᠡ  ᠶᠢᠨ ᠪᠠᠶᠢᠭᠤᠯᠣᠮᠵᠢ  ᠶᠢᠨ ᠵᠦᠪᠰᠢᠶᠡᠷᠡᠯ  ᠤᠨ ᠬᠢᠷᠢ ᠬᠡᠮ  ᠢ ᠦᠬᠡᠶᠢᠰᠬᠡᠨ᠎ᠡ᠃ ᠡᠯ᠎ᠡ ᠱᠠᠳᠣᠨ  ᠤ ᠡᠯ᠎ᠡ ᠲᠦᠷᠦᠯ  ᠤᠨ ᠡᠮᠨᠡᠯᠬᠡ  ᠶᠢᠨ ᠪᠠᠶᠢᠭᠤᠯᠣᠮᠵᠢ  ᠶᠢ ᠰᠢᠨ᠎ᠡ ᠎ ᠪᠠᠷ ᠪᠠᠶᠢᠭᠤᠯᠬᠤ᠂ ᠦᠷᠬᠡᠳᠬᠡᠨ ᠪᠠᠶᠢᠭᠤᠯᠬᠤ᠂ ᠦᠬᠡᠷᠡᠴᠢᠯᠡᠨ ᠪᠠᠶᠢᠭᠤᠯᠬᠤ  ᠳᠤ ᠡᠮᠨᠡᠯᠬᠡ ᠶᠢᠨ ᠪᠠᠶᠢᠭᠤᠯᠣᠮᠵᠢ  ᠶᠢᠨ ᠲᠣᠬᠢᠷᠠᠭᠤᠯᠣᠯᠳᠠ  ᠶᠢᠨ ᠲᠦᠯᠦᠪᠵᠢᠭᠦᠯᠬᠡ  ᠶᠢᠨ ᠱᠠᠭᠠᠷᠳᠠᠯᠭ᠎ᠠ  ᠳᠤ ᠨᠡᠶᠢᠴᠡᠭᠦᠯᠵᠣ᠂ ᠲᠡᠰ ᠲᠠᠷᠠᠭᠠᠯᠠᠯ ᠶᠣᠰᠣᠭᠠᠷ ᠡᠷᠡᠭᠦᠯ ᠬᠠᠮᠠᠭᠠᠯᠠᠯ  ᠤᠨ ᠵᠠᠰᠠᠭ ᠵᠠᠬᠢᠷᠭᠠᠨ  ᠤ ᠰᠠᠯᠠᠭ᠎ᠠ ᠮᠦᠴᠢᠷ  ᠢᠶᠠᠷ ᠬᠢᠨᠠᠨ ᠬᠠᠷᠭᠤᠭᠤᠯᠣᠨ ᠵᠦᠪᠰᠢᠶᠡᠷᠡᠭᠦᠯᠦᠭᠰᠡᠨ  ᠤ ᠲᠠᠷᠠᠭ᠎ᠠ ᠰᠠᠶ᠋ᠢ ᠬᠡᠷᠡᠭᠵᠢᠭᠦᠯᠵᠣ ᠪᠣᠯᠣᠨ᠎ᠠ᠃ ᠬᠤᠯᠪᠣᠭᠳᠠᠯ ᠪᠦᠬᠦᠢ ᠬᠢᠨᠠᠨ ᠵᠦᠪᠰᠢᠶᠡᠷᠡᠬᠦ ᠲᠡᠰ ᠲᠠᠷᠠᠭᠠᠯᠠᠯ  ᠢ ᠭᠦᠢᠴᠡᠳᠬᠡᠭᠰᠡᠨ ᠦᠬᠡᠢ ᠪᠣᠯ᠂ ᠡᠷᠡᠭᠦᠯ ᠬᠠᠮᠠᠭᠠᠯᠠᠯ᠂ ᠬᠦᠭᠵᠢᠭᠦᠯᠦᠯᠳᠡ ᠪᠠ ᠦᠬᠡᠷᠡᠴᠢᠯᠡᠯᠳᠡ ᠎ ᠶᠢᠨ ᠰᠠᠯᠠᠭ᠎ᠠ ᠮᠦᠴᠢᠷ ᠲᠦᠷᠦᠯ ᠵᠣᠶᠢᠯ ᠲᠣᠭᠳᠠᠭᠠᠵᠣ ᠪᠣᠯᠬᠤ ᠦᠬᠡᠢ᠃      ︵ᠵᠢᠷᠭᠤᠭ᠎ᠠ︶ ᠠᠷᠠᠳ  ᠤᠨ ᠡᠵᠡᠩᠨᠡᠯ  ᠤᠨ ᠡᠮᠨᠡᠯᠬᠡ  ᠶᠢᠨ ᠬᠤᠷᠢᠶᠠᠨ  ᠤ ᠬᠦᠭᠵᠢᠯᠳᠡ ᠶᠢ ᠠᠬᠢᠭᠤᠯᠣᠨ᠎ᠠ᠃ ᠠᠷᠠᠳ  ᠤᠨ ᠡᠵᠡᠩᠨᠡᠯ  ᠤᠨ ᠡᠮᠨᠡᠯᠬᠡ ᠶᠢᠨ ᠪᠠᠶᠢᠭᠤᠯᠣᠮᠵᠢ  ᠶᠢᠨ ᠬᠦᠭᠵᠢᠯᠳᠡ ᠶᠢ ᠴᠢᠨᠠᠭᠰᠢᠳᠠ ᠠᠬᠢᠭᠤᠯᠬᠤ ᠲᠣᠬᠠᠢ ᠬᠤᠳᠠ ᠶᠢᠨ ᠨᠠᠮ ᠤᠨ ᠬᠤᠷᠢᠶ᠎ᠠ᠂ ᠬᠤᠳᠠ ᠶᠢᠨ ᠠᠷᠠᠳ ᠤᠨ ᠵᠠᠰᠠᠭ ᠤᠨ ᠣᠷᠳᠣᠨ ᠤ ᠬᠡᠷᠡᠭᠵᠢᠭᠦᠯᠬᠦ ᠰᠠᠨᠠᠯ ᠢ ᠨᠠᠷᠢᠨ ᠬᠢᠨᠠᠮᠠᠭᠠᠢ ᠲᠣᠣᠱᠯᠠᠭᠤᠯᠣᠨ ᠨᠠᠶᠢᠳᠠᠪᠦᠷᠢᠵᠢᠭᠤᠯᠵᠣ᠂ ᠵᠠᠬ᠎ᠠ ᠲᠡᠯᠬᠡᠭᠦᠷ  ᠢᠶᠠᠷ ᠲᠣᠬᠢᠷᠠᠭᠤᠯᠬᠤ ᠣᠶᠢᠯᠡᠳᠣᠯ ᠢ ᠭᠦᠢᠴᠡᠳ ᠪᠠᠳᠠᠷᠠᠭᠤᠯᠵᠣ᠂ ᠬᠦᠭᠵᠢᠯᠳᠡ ᠨᠢ ᠣᠯᠠᠨ ᠵᠣᠶᠢᠯ  ᠤᠨ᠂ ᠣᠷᠣᠭᠤᠯᠣᠯᠳᠠ ᠨᠢ ᠣᠯᠠᠨ ᠡᠰᠢᠵᠢᠭᠰᠡᠨ ᠡᠮᠨᠡᠯᠬᠡ ᠪᠠᠶᠢᠭᠤᠯᠬᠤ ᠵᠠᠭᠪᠣᠷ  ᠢ ᠪᠠᠶᠢᠭᠤᠯᠵᠣ᠂ ᠲᠦᠯᠦᠪᠵᠢᠭᠦᠯᠬᠡ  ᠶᠢᠨ ᠬᠠᠷᠠᠯᠳᠠ ᠶᠢᠨ ᠪᠡᠶᠡᠯᠡᠭᠦᠯᠦᠯᠳᠡ ᠶᠢ ᠠᠬᠢᠭᠤᠯᠣᠨ᠎ᠠ᠃ ᠡᠯ᠎ᠡ ᠱᠠᠳᠣᠨ ᠤ ᠠᠷᠠᠳ ᠤᠨ ᠵᠠᠰᠠᠭ ᠤᠨ ᠣᠷᠳᠣᠨ ᠨᠡᠶᠢᠬᠡᠮ ᠤᠨ ᠭᠦᠴᠦᠨ ᠢ ᠢᠳᠡᠪᠬᠢᠲᠠᠢ ᠲᠡᠮᠵᠢᠨ ᠠᠷᠠᠳ  ᠤᠨ ᠡᠵᠡᠩᠨᠡᠯ  ᠤᠨ ᠡᠮᠨᠡᠯᠬᠡ  ᠶᠢᠨ ᠪᠠᠶᠢᠭᠤᠯᠣᠮᠵᠢ ᠪᠠᠶᠢᠭᠤᠯᠵᠣ᠂ ᠠᠷᠠᠳ ᠤᠨ ᠡᠵᠡᠩᠨᠡᠯ  ᠤᠨ ᠡᠮᠨᠡᠯᠬᠡ  ᠶᠢᠨ ᠬᠤᠷᠢᠶ᠎ᠠ  ᠶᠢ ᠲᠦᠷᠦ ᠶᠢᠨ ᠪᠣᠳᠣᠯᠭ᠎ᠠ ᠪᠠ ᠠᠵᠣ ᠠᠬᠤᠢ ᠪᠠᠷ ᠲᠡᠮᠵᠢᠭᠦ ᠭᠦᠴᠦᠯᠡᠴᠡ  ᠶᠢ ᠨᠡᠮᠡᠭᠳᠡᠭᠦᠯᠵᠣ᠂ ᠠᠷᠠᠳ ᠤᠨ ᠡᠵᠡᠩᠨᠡᠯ ᠤᠨ ᠡᠮᠨᠡᠯᠬᠡ ᠶᠢᠨ ᠬᠤᠷᠢᠶ᠎ᠠ ᠶᠢ ᠡᠷᠡᠭᠦᠯ ᠮᠦᠷᠳᠡᠬᠡᠨ ᠡᠮᠬᠢ ᠲᠢᠭᠯᠢᠮ ᠲᠠᠢ ᠪᠠᠷ ᠬᠦᠭᠵᠢᠭᠦᠯᠬᠦ  ᠶᠢ ᠠᠬᠢᠭᠤᠯᠣᠨ᠎ᠠ᠃      ᠲᠣᠰ ᠲᠦᠯᠦᠪᠵᠢᠭᠦᠯᠬᠡ ᠶᠢ ᠨᠡᠶᠢᠳᠡᠯᠡᠭᠰᠡᠨ ᠡᠳᠦᠷ ᠠᠴᠠ ᠡᠬᠢᠯᠡᠨ ᠬᠡᠷᠡᠭᠵᠢᠭᠦᠯᠦᠨ᠎ᠡ  ᠃    
 
ᠢᠷᠡᠯᠲᠡ᠄ ᠤᠷᠳᠤᠰ ᠬᠤᠲᠠ ᠶᠢᠨ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号