ᠤᠷᠳᠤᠰ ᠠᠷᠠᠳ ᠤᠨ ᠳᠠᠭᠤᠤ —— ᠰᠠᠩᠵᠠᠶᠢᠳᠤᠷᠵᠢ
ᠨᠡᠶᠢᠲᠡᠯᠡᠭᠰᠡᠨ ᠴᠠᠭ᠄
2017/11/10
ᠰᠠᠩᠵᠠᠶᠢᠳᠤᠷᠵᠢ ᠭᠡᠮᠡᠭᠳᠡᠬᠦ ᠮᠢᠨᠤ ᠳᠤᠳᠤᠷ᠎ᠠ ᠰᠠᠨᠠᠨ ᠰᠠᠨᠠᠨ ᠪᠤᠳᠤᠬᠤᠯ᠎ᠠ ᠪᠦᠳᠡᠨᠢᠳᠡᠭ ᠶᠤᠮ ᠳ᠋ᠤᠤ᠃       ᠳᠠᠶᠢᠴᠢᠩ ᠬᠦᠷᠦ ᠶᠢᠨ ᠵᠢᠮ᠎ᠡ ᠶᠤᠰᠤ ᠶᠢ ᠳᠠᠭᠠᠭᠰᠠᠨ ᠴᠦ ᠬᠤᠶᠢᠨ᠎ᠠ       ᠲᠠᠰᠢᠶ᠎ᠠ ᠪᠤᠷᠤᠭᠤ ᠪᠤᠯᠤᠨ᠎ᠠ ᠭᠡᠭᠴᠢ ᠬᠠᠮᠢᠭ᠎ᠠ ᠠᠴᠠ ᠪᠠᠶᠢᠬᠤ ᠪᠤᠢ︖ ᠰᠠᠭᠠᠯᠢ ᠶᠢᠨ ᠰᠠᠶᠢᠨ ᠢᠶᠠᠷ ᠰᠦ ᠭᠠᠷᠤᠭᠠᠳ ᠲᠤᠰᠤ ᠪᠤᠯᠳᠠᠭ ᠶᠤᠮ ᠰᠠᠨᠠᠭᠠᠨ ᠤ ᠰᠠᠶᠢᠨ ᠢᠶᠠᠷ ᠦᠷ᠎ᠡ ᠭᠠᠷᠤᠭᠠᠳ ᠲᠤᠰᠠ ᠪᠤᠯᠳᠠᠭ ᠶᠤᠮ᠃       ᠬᠦᠷᠬᠢᠷᠡᠬᠦ ᠯᠤᠤ ᠶᠢᠨ ᠳᠠᠭᠤ ᠰᠤᠨᠤᠷ ᠪᠤᠯᠪᠠᠴᠤ       ᠬᠦᠪᠴᠢᠨ ᠪᠡᠶ᠎ᠡ ᠨᠢ ᠦᠵᠡᠭᠳᠡᠬᠦ ᠮᠠᠰᠢ ᠪᠡᠷᠬᠡ ᠰᠢᠤ᠃ ᠱᠠᠵᠢ ᠶᠢᠨ ᠲᠠᠷᠢᠶ᠎ᠠ ᠰᠢᠷᠠᠯᠠᠪᠠᠯ ᠬᠠᠳᠤᠯᠬᠦᠢ ᠳ᠋ᠤᠤ ᠱᠠᠵᠢᠨ ᠪᠤᠷᠬᠠᠨ ᠳᠡᠯᠭᠡᠷᠡᠪᠡᠯ ᠰᠢᠳᠦᠯᠭᠦᠢ ᠳ᠋ᠤᠤ       ᠬᠡᠤᠬᠡᠨ ᠦᠷ᠎ᠡ ᠭᠠᠷᠤᠭᠰᠠᠨ ᠴᠠᠭ ᠠᠴᠠ ᠬᠦᠮᠦᠨ ᠤ ᠬᠢ ᠪᠤᠯᠪᠠᠴᠤ       ᠬᠦᠷᠭᠡᠭᠡᠳ ᠦᠭᠬᠦ ᠶᠢᠨ ᠦᠶᠡᠰ ᠬᠦᠭᠡᠷᠦᠬᠦᠢ ᠪᠢᠰᠢ ᠦᠦ ᠳ᠋ᠤᠤ᠃ ᠬᠠᠯᠢᠭᠤ ᠪᠤᠯᠠᠭ᠎ᠠ ᠲᠤᠷᠭ᠎ᠠ ᠳᠤᠷᠳᠤᠩ ᠬᠠᠭᠤᠴᠢᠷᠠᠪᠠᠴᠤ ᠬᠠᠰᠢ ᠬᠡᠷᠡᠭ ᠬᠠᠶᠠᠪᠠᠯ ᠪᠤᠶᠠᠰᠤᠯᠬᠦᠢ ᠳ᠋ᠤᠤ᠃       ᠦᠢᠮᠡᠯᠵᠡᠬᠦ ᠡᠭᠦᠯᠡᠨ ᠠᠴᠠ ᠪᠠᠨ ᠦᠰᠭᠡᠨ ᠬᠤᠷ᠎ᠠ ᠪᠠᠶᠢᠨ᠎ᠠ       ᠦᠢᠯᠡᠷ ᠲᠠᠢ ᠪᠠᠨ ᠪᠤᠳᠤᠪᠠᠯ ᠭᠤᠳᠤᠷᠠᠮᠠᠷ ᠪᠠᠶᠢᠨ᠎ᠠ᠃ ᠬᠠᠶᠢᠷᠠᠳᠤ ᠦᠷ᠎ᠡ ᠪᠠᠨ ᠬᠦᠮᠦᠨ ᠤ ᠡᠭᠦᠳᠡᠨ ᠳᠤ ᠬᠦᠷᠭᠡᠭᠡᠳ ᠦᠭᠭᠦᠭᠰᠡᠨ ᠴᠦ ᠬᠠᠯᠠᠮᠵᠢᠯᠠᠬᠤ ᠰᠠᠨᠠᠭ᠎ᠠ ᠰᠡᠳᠬᠢᠯ ᠬᠤᠪᠢᠷᠠᠬᠤ ᠦᠭᠡᠢ ᠪᠠᠶᠢᠳᠠᠭ ᠰᠢᠤ᠃       ᠭᠡᠰᠡᠭ ᠪᠦᠯᠦᠭ ᠡᠭᠦᠯᠡᠨ ᠠᠴᠠ ᠪᠠᠨ ᠴᠠᠭ ᠤᠨ ᠬᠤᠷ᠎ᠠ ᠪᠠᠶᠢᠨ᠎ᠠ       ᠭᠡᠰᠡᠭ ᠦᠶᠡᠰ ᠪᠤᠳᠤᠬᠤᠯ᠎ᠠ ᠭᠡᠷ ᠲᠡᠭᠡᠨ ᠰᠠᠭᠤᠮᠠᠷ ᠪᠠᠶᠢᠨ᠎ᠠ᠃ ᠬᠠᠷᠠᠬᠤ ᠳᠤ ᠪᠠᠰᠠ ᠬᠠᠷᠠᠬᠦᠤ ᠶᠢ ᠬᠠᠩᠬᠢ ᠭᠡᠲᠡᠯ᠎ᠡ ᠬᠠᠪᠢᠷ ᠦᠭᠳᠡᠷ ᠬᠠᠵᠠᠯᠳᠤᠬᠤ ᠨᠢ ᠬᠠᠷᠢᠨ ᠭᠡᠴᠡᠭᠦᠤ ᠪᠠᠶᠢᠨ᠎ᠠ᠃       ᠽᠠᠨ᠎ᠠ᠂ ᠡᠩᠬᠡ᠂ ᠪᠠᠳᠤ᠂ ᠳᠤᠷᠵᠢ᠂ ᠪᠠᠯᠭᠤ᠂ ᠨᠠᠳᠤ ᠲᠠᠨ       ᠼᠠᠪᠠ ᠭᠦᠳᠦᠩ ᠡᠯᠪᠠᠭᠦᠯᠦᠮᠠᠨᠵᠢᠨ ᠪᠠᠰᠠ ᠴᠦ ᠵᠢᠷᠭᠤᠭᠠᠬᠠᠨ᠃ ᠰᠠᠷᠯᠠᠢ ᠪᠠᠰᠠ ᠰᠡᠮᠡᠭᠡᠷ ᠳᠤᠤᠭᠤᠷ ᠬᠠᠳᠬᠤᠰ ᠭᠡᠵᠤ ᠪᠠᠶᠢᠨ᠎ᠠ ᠰᠢᠪᠠᠷ ᠵᠠᠪᠡᠷ ᠬᠡᠯᠡᠯᠴᠡᠬᠦ ᠶᠢ ᠴᠢᠨᠢ ᠪᠠᠰᠠ ᠯᠠ ᠮᠠᠳᠡᠯ᠎ᠠ ᠳ᠋ᠤᠤ᠃       ᠰᠡᠭᠡᠭᠡ ᠦᠭᠡᠢ ᠮᠤᠩᠬᠠᠭ ᠤᠳ ᠢ ᠦᠳᠤᠭᠡᠭᠡᠳ ᠪᠠᠶᠢᠪᠠᠯ       ᠰᠢᠮᠡᠷᠭᠡᠵᠤ ᠬᠡᠷᠡᠭ ᠭᠠᠷᠭᠠᠬᠤ ᠶᠠᠭᠤᠨ ᠤ ᠮᠠᠭᠠᠳ ᠪᠤᠢ᠃ ᠲᠠᠯ᠎ᠠ ᠳᠦᠭᠦᠷᠡᠩ ᠲᠠᠷᠢᠶ᠎ᠠ ᠮᠠᠭᠠᠵᠢ ᠲᠡᠭᠷᠢ ᠶᠢᠨ ᠬᠡᠰᠢᠭ ᠪᠠᠶᠢᠨ᠎ᠠ ᠲᠠᠷᠭᠤᠨ ᠮᠢᠬ᠎ᠠ ᠲᠠᠩᠰᠤᠭ ᠢᠳᠡᠭᠡᠨ ᠠᠮᠠᠨ ᠬᠡᠰᠢᠭ ᠪᠠᠶᠢᠨ᠎ᠠ᠃       ᠬᠤᠷ᠎ᠠ ᠶᠢᠨ ᠰᠠᠶᠢᠨ ᠢᠶᠠᠷ ᠡᠪᠡᠰᠦ ᠤᠰᠤ ᠰᠠᠶᠢᠵᠢᠷᠠᠳᠠᠭ ᠶᠤᠮ       ᠬᠤᠪᠢ ᠶᠢᠨ ᠰᠠᠶᠢᠨ ᠢᠶᠠᠷ ᠬᠡᠰᠢᠭ ᠪᠤᠶᠠᠨ ᠳᠡᠯᠭᠡᠷᠡᠳᠡᠭ ᠶᠤᠮ᠃ ᠲᠠᠷᠨᠢ ᠶᠢᠨ ᠨᠤᠮ ᠤᠨ ᠤᠪᠠᠳᠢᠰ ᠢ ᠪᠢᠰᠢᠯᠭᠠᠭᠰᠠᠨ ᠠᠴᠠ ᠬᠤᠶᠢᠨ᠎ᠠ ᠲᠠᠮᠤ ᠶᠢᠨ ᠤᠷᠤᠨ ᠳᠤ ᠲᠦᠷᠦᠨ᠎ᠠ ᠭᠡᠭᠴᠢ ᠬᠠᠮᠢᠭ᠎ᠠ ᠠᠴᠠ ᠪᠠᠶᠢᠬᠤ ᠪᠤᠢ︖       ᠲᠠᠪᠤᠨ ᠯᠤᠤ ᠪᠠᠷ ᠡᠷᠭᠦᠭᠳᠡᠭᠰᠡᠨ ᠤᠩᠭᠤᠨ ᠰᠢᠯᠢ ᠰᠢᠤ       ᠲᠠᠩᠰᠤᠭ ᠰᠠᠶᠢᠬᠠᠨ ᠰᠠᠭᠤᠯᠳᠠᠢ ᠲᠤᠯᠢ ᠶᠢᠨ ᠴᠠᠶᠢᠳᠠᠮ ᠰᠢᠤ᠃ ᠲᠦᠷᠦ ᠶᠢᠨ ᠳᠡᠭᠡᠳᠤ ᠲᠦᠰᠢᠮᠡᠳ ᠮᠢᠨᠢ ᠳᠡᠭᠰᠢ ᠬᠤᠪᠢ ᠲᠠᠢ ᠲᠦᠮᠡᠨ ᠤᠯᠠᠨ ᠪᠢᠳᠠᠨ ᠳᠠᠶᠠᠭᠠᠷ ᠳᠡᠭᠰᠢ ᠬᠤᠪᠢ ᠲᠠᠢ᠃       ᠰᠢᠷ᠎ᠠ ᠦᠨᠳᠤᠷ ᠬᠠᠯᠵᠠᠨ ᠮᠠᠩᠬ᠎ᠠ ᠨᠠᠮᠰᠠᠷᠠᠢ ᠶᠢᠨ ᠰᠢᠨᠵᠢ ᠲᠠᠢ       ᠴᠢᠨᠳᠠᠮᠦᠨᠢ ᠶᠢᠨ ᠡᠷᠳᠡᠨᠢᠰ ᠨᠢ ᠽᠠᠨᠳᠠᠨ ᠰᠠᠩ ᠳᠠᠭᠠᠨ ᠪᠠᠶᠢᠨ᠎ᠠ᠃ ᠰᠠᠯᠠᠭ᠎ᠠ ᠨᠢ ᠦᠨᠳᠤᠷ ᠦᠵᠡᠭᠳᠡᠭᠴᠢ ᠪᠠᠭᠰᠠᠢ ᠮᠤᠳᠤ ᠰᠢᠤ ᠰᠠᠷᠠᠭᠤᠯ ᠰᠠᠶᠢᠬᠠᠨ ᠰᠠᠭᠤᠯᠲᠠᠢ ᠨᠤᠳᠤᠭ ᠲᠤᠯᠢ ᠶᠢᠨ ᠴᠠᠶᠢᠳᠠᠮ ᠰᠢᠤ᠃       ᠰᠡᠭᠦᠳᠡᠷᠯᠠᠵᠤ ᠬᠠᠷᠠᠭᠳᠠᠬᠤ ᠰᠡᠭᠦᠵᠢ ᠶᠢᠨ ᠰᠢᠯᠢ ᠪᠠᠶᠢᠨ᠎ᠠ       ᠰᠦᠰᠦᠭᠯᠡᠵᠤ ᠮᠦᠷᠬᠦᠬᠦ ᠰᠢᠨ᠎ᠡ ᠰᠦᠮ᠎ᠡ ᠪᠠᠶᠢᠨ᠎ᠠ᠃ ᠬᠦᠷᠢᠶ᠎ᠡ ᠬᠠᠰᠢᠶ᠎ᠠ ᠦᠨᠳᠦᠷ ᠭᠡᠮᠡᠨ ᠨᠠᠷᠠ ᠶᠢ ᠬᠠᠭᠠᠳᠠᠭ ᠶᠤᠮ ᠤᠤ ᠬᠦᠮᠦᠨ ᠠᠮᠢᠳᠠᠨ ᠤᠯᠠᠨ ᠭᠡᠮᠡᠨ ᠮᠠᠨ ᠢ ᠪᠠᠨ ᠬᠠᠭᠠᠳᠠᠭ ᠶᠤᠮ ᠤᠤ︖      ᠳᠡᠭᠰᠢ ᠲᠠᠯ᠎ᠠ ᠭᠠᠵᠠᠷ ᠲᠤ ᠶᠠᠪᠤᠭᠰᠠᠨ ᠠᠴᠠ ᠬᠤᠶᠢᠨ᠎ᠠ      ᠲᠠᠮᠳᠤᠴᠢᠵᠤ ᠤᠨᠠᠬᠤ ᠭᠡᠭᠴᠢ ᠬᠠᠮᠢᠭ᠎ᠠ ᠠᠴᠠ ᠪᠤᠢ︖ ᠰᠤᠬᠠᠢ ᠮᠤᠳᠤ ᠬᠠᠳᠠᠭᠤ ᠭᠡᠮᠡᠨ ᠵᠤᠷᠤᠬᠤ ᠪᠠᠨ ᠪᠠᠶᠢᠨ᠎ᠠ ᠤᠤ ᠰᠤᠷᠤᠭᠰᠠᠨ ᠵᠠᠩ ᠢᠶᠠᠨ ᠮᠠᠭᠤᠬᠠᠢ ᠭᠡᠮᠡᠨ ᠬᠠᠶᠠᠬᠤ ᠪᠠᠨ ᠪᠠᠶᠢᠨ᠎ᠠ ᠤᠤ ᠳ᠋ᠤᠤ᠃       ᠰᠢᠮ᠎ᠡ ᠶᠢᠨ ᠰᠠᠶᠢᠨ ᠢᠶᠠᠷ ᠰᠦ ᠭᠠᠷᠤᠭᠠᠳ ᠰᠠᠭᠠᠯᠢ ᠪᠤᠯᠳᠠᠭ ᠶᠤᠮ       ᠰᠢᠨᠵᠢ ᠰᠠᠶᠢᠨ ᠢᠶᠠᠷ ᠨᠤᠳᠤᠭᠯᠠᠪᠠᠯ ᠪᠠᠶᠠᠨ ᠪᠤᠯᠳᠠᠭ ᠶᠤᠮ ᠳ᠋ᠤᠤ᠃ ᠤᠯᠠᠨ ᠰᠠᠶᠢᠬᠠᠨ ᠰᠦᠷᠦᠭ ᠮᠠᠯ ᠤᠨ ᠠᠷᠪᠢᠨ ᠵᠤᠵᠠᠭᠠᠨ ᠤᠷᠤᠨ ᠭᠠᠵᠠᠷ ᠪᠡᠯᠴᠢᠭᠡᠷ ᠳᠦᠭᠦᠷᠡᠩ ᠠᠯᠠᠭᠰᠢᠳᠠᠭ ᠰᠢᠤ᠃       ᠤᠳᠤ ᠬᠠᠷᠢᠨ ᠦᠵᠡᠭᠰᠡᠭᠡᠷ ᠡᠶᠢᠮᠤ ᠪᠤᠯᠬᠤᠯ᠎ᠠ       ᠤᠷᠴᠢᠯᠠᠩ ᠤᠨ ᠦᠢᠯᠡ ᠶᠠᠪᠤᠳᠠᠯ ᠶᠠᠭᠤᠳᠠᠢ ᠭᠡᠴᠡᠭᠦᠦ ᠪᠤᠢ︕ ᠬᠦᠰᠡᠯᠡᠩᠳᠤ ᠰᠠᠶᠢᠬᠠᠨ ᠴᠠᠭ ᠬᠦᠷᠴᠤ ᠢᠷᠡᠭᠰᠡᠨ ᠬᠤᠶᠢᠨ᠎ᠠ ᠬᠦᠬᠡ ᠤᠭᠲᠠᠷᠭᠤᠢ ᠠᠴᠠ ᠷᠠᠰᠢᠶᠠᠨ ᠬᠤᠷ᠎ᠠ ᠪᠠᠭᠤᠨ᠎ᠠ ᠰᠢᠤ       ᠬᠦᠰᠡᠷ ᠳᠡᠯᠡᠬᠡᠢ ᠶᠢᠨ ᠲᠦᠮᠡᠨ ᠪᠤᠳᠠᠰ ᠬᠦᠭᠵᠢᠨ ᠮᠠᠨᠳᠤᠭᠠᠳ       ᠬᠦᠪᠴᠢᠨ ᠤᠯᠤᠰ ᠪᠦᠭᠦᠳᠡᠭᠡᠷ ᠬᠦᠤᠷᠨᠢᠨ ᠵᠢᠷᠭᠠᠨ᠎ᠠ ᠰᠢᠤ᠃ ᠬᠤᠷ᠎ᠠ ᠤᠰᠤ ᠴᠠᠭ ᠲᠠᠭᠠᠨ ᠪᠠᠭᠤᠵᠤ ᠡᠯᠪᠡᠭᠰᠢᠪᠠᠯ ᠬᠤᠬᠢᠷ ᠵᠤᠳ ᠤᠨ ᠬᠤᠤᠷᠯᠠᠯ ᠰᠢᠯᠡᠭᠡ ᠠᠷᠢᠯᠤᠨ᠎ᠠ ᠰᠢᠤ᠃       ᠬᠤᠨᠢ ᠮᠤᠷᠢ ᠦᠬᠡᠷ ᠤᠨ ᠬᠤᠭ ᠨᠢ ᠪᠠᠶᠢᠭᠰᠠᠨ ᠬᠤᠶᠢᠨ᠎ᠠ       ᠬᠤᠷᠳᠤᠨ ᠦᠰᠦᠭᠡᠳ ᠵᠤᠵᠠᠭᠠᠨ ᠪᠤᠯᠬᠤ ᠶᠠᠭᠤᠨ ᠤᠳᠠᠬᠤ ᠪᠤᠢ ᠤᠨ ᠵᠢᠯ ᠤᠨ ᠦᠩᠭᠡ ᠪᠠᠶᠢᠳᠠᠯ ᠨᠠᠭᠠᠰᠢ ᠲᠠᠢ ᠪᠤᠯᠪᠠᠯ ᠤᠯᠠᠷᠢᠬᠤ ᠴᠠᠭ ᠤᠨ ᠦᠩᠰᠢᠭ ᠮᠠᠯ ᠤᠳ ᠤᠯᠠᠮ ᠦᠰᠦᠨ᠎ᠠ ᠰᠢᠤ       ᠤᠯᠢᠭ ᠦᠭᠡᠢ ᠮᠠᠭᠤ ᠬᠦᠮᠦᠰ ᠬᠤᠭᠵᠢᠷᠠᠪᠠᠯ       ᠤᠯᠠᠨ ᠳᠠᠶᠠᠭᠠᠷ ᠠᠮᠦᠷ ᠲᠠᠶᠢᠪᠤᠩ ᠵᠢᠷᠭᠠᠨ ᠰᠠᠭᠤᠨ᠎ᠠ ᠰᠢᠤ᠃ ᠵᠡᠭᠦᠯᠳᠠ      ᠲᠤᠰ ᠲᠠᠭᠤᠤ ᠶᠢ ᠰᠠᠩᠵᠠᠶᠢᠳᠤᠷᠵᠢ ᠵᠤᠬᠢᠶᠠᠪᠠ᠃ ᠴᠢᠩ ᠤᠯᠤᠰ ᠤᠨ ᠲᠦᠷᠦ ᠭᠡᠷᠡᠯᠳᠤ ᠶᠢᠨ ᠵᠢᠷᠭᠤᠳᠤᠭᠠᠷ ᠤᠨ ᠠᠴᠠ ᠪᠠᠳᠠᠷᠠᠭᠤᠯᠳᠤ ᠲᠦᠷᠦ ᠶᠢᠨ ᠬᠤᠷᠢᠨ ᠶᠢᠰᠦᠳᠦᠭᠡᠷ ᠤᠨ ︵1826 — 1903 ᠤᠨ︶᠎ ᠤ ᠬᠤᠭᠤᠷᠤᠨᠳᠤ ᠠᠮᠢᠳᠤᠷᠠᠵᠤ ᠪᠠᠶᠢᠭᠰᠠᠨ ᠪᠦᠭᠡᠳ ᠴᠢᠩ ᠤᠨ ᠳᠤᠷᠪᠡᠨ ᠬᠠᠭᠠᠨ ᠤ ᠦᠩᠭᠡ ᠶᠢ ᠦᠡᠭᠭᠡᠷᠡᠭᠡᠭᠰᠡᠨ ᠴᠠᠬᠠᠷ ᠬᠠᠷᠢᠶᠠᠨ ᠤ ᠡᠷᠬᠡᠭᠦᠳ ᠤᠪᠤᠭᠳᠠᠨ ᠶᠤᠮ᠃ ᠦᠤᠰᠢᠨ ᠬᠤᠰᠢᠭᠤᠨ ᠤ ᠲᠤᠭᠤᠭᠠᠳᠤ ᠶᠢᠨ ᠴᠠᠶᠢᠳᠠᠮ ᠳᠤ ᠨᠤᠳᠤᠭᠯᠠᠨ ᠰᠠᠭᠤᠵᠤ ᠪᠠᠶᠢᠵᠠᠢ᠃ ᠲᠤᠰ ᠳᠠᠭᠤᠤ ᠨᠢ ᠰᠠᠩᠵᠠᠶᠢᠳᠤᠷᠵᠢ ᠦᠪᠡᠷ ᠤᠨ ᠪᠡᠶ᠎ᠡ ᠪᠠᠷ ᠰᠡᠳᠤᠪ ᠪᠤᠯᠭᠠᠨ ᠳᠠᠭᠤᠯᠬᠤ ᠪᠠᠷ ᠳᠠᠮᠵᠢᠭᠤᠯᠵᠤ ᠴᠠᠭ ᠲᠦᠷᠤ ᠶᠢᠨ ᠪᠠᠶᠢᠳᠠᠯ ᠢ ᠲᠤᠰᠬᠠᠭᠰᠠᠨ ᠠᠷᠠᠳ ᠎ ᠤᠨ ᠳᠠᠭᠤᠤ ᠶᠤᠮ᠃ ᠵᠤᠬᠢᠶᠠᠭᠴᠢ ᠨᠢᠭᠡᠨ ᠠᠶᠢᠯ ᠤᠨ ᠬᠡᠤᠬᠡᠨ ᠲᠠᠯ᠎ᠠ ᠶᠢᠨ ᠬᠤᠷᠢᠮ ᠳᠡᠭᠡᠷ᠎ᠡ ᠲᠦᠷᠦᠭᠦᠦ ᠬᠤᠳᠠ ᠪᠤᠯᠵᠤ ᠰᠠᠭᠠᠳᠠᠵᠤ ᠪᠠᠶᠢᠭᠰᠠᠨ ᠳᠤ᠂ ᠬᠤᠶᠠᠷ ᠲᠠᠯ᠎ᠠ ᠶᠢᠨ ᠲᠦᠷᠦᠯ ᠬᠤᠭᠤᠷᠤᠨᠳᠤ ᠪᠠᠨ ᠮᠦᠷᠭᠦᠯᠳᠦᠭᠡᠨ ᠪᠤᠯᠵᠤ᠂ ᠲᠤᠰ ᠳᠠᠭᠤᠤ ᠶᠢ ᠵᠤᠬᠢᠶᠠᠵᠤ᠂ ᠤᠶᠠᠷᠠᠯᠳᠠᠢ ᠠᠶᠠᠯᠭᠤ ᠪᠠᠷ ᠮᠦᠷᠭᠦᠯᠳᠦᠭᠡᠨ ᠢ ᠨᠠᠮᠬᠠᠳᠬᠠᠪᠠ᠃
ᠢᠷᠡᠯᠲᠡ᠄ ᠲᠣᠰ ᠰᠥᠯᠵᠢᠶ᠎ᠠ