ᠦᠯᠵᠡᠶᠢᠵᠢᠷᠭᠠᠯ ᠲᠤᠸᠠᠨᠵᠠᠩ ᠤᠨ | ᠤᠳᠤᠷᠢᠳᠤᠭᠰᠠᠨ ᠬᠤᠪᠢᠰᠬᠠᠯ ᠨᠢ | ᠤᠷᠳᠤᠰ ᠨᠤᠲᠤᠭ ᠤᠨ ᠳᠡᠨᠵᠢᠨ ᠳᠡᠭᠡᠷ᠎ᠡ | ᠤᠯᠠᠭᠠᠨ ᠲᠤᠭ ᠢᠶᠠᠨ ᠮᠠᠨᠳᠤᠭᠤᠯᠵᠠᠢ᠃ | ᠤᠯᠠᠭᠠᠨ ᠴᠡᠷᠢᠭ ᠤᠨ ᠪᠠᠶᠢᠯᠳᠤᠭᠴᠢ | ᠤᠷᠳᠤᠰ ᠮᠤᠩᠭᠤᠯ ᠤᠨ ᠮᠠᠯᠴᠢᠨ ᠬᠦᠤ | ᠤᠷᠢᠳᠤ ᠵᠦᠭ ᠤᠨ ᠵᠢᠩ ᠵᠢᠢ ᠶᠢ | ᠡᠤ ᠳ᠋ᠢᠩ ᠾᠧ ᠪᠠᠷ ᠬᠦᠭᠡᠭᠡᠯ᠎ᠡ᠃ | ᠤᠯᠠᠭᠠᠨᠲᠤᠯᠤᠭᠠᠢ ᠪᠠᠷ ᠡᠷᠭᠢᠭᠦᠯᠦᠭᠡᠳ | ᠤᠷᠤᠭᠤ ᠬᠠᠨᠳᠤᠭᠤᠯᠵᠤ ᠭᠦᠭᠡᠭᠡᠭᠡᠳ | ᠤᠷᠢᠳᠤ ᠵᠦᠭ ᠤᠨ ᠳᠠᠶᠢᠰᠤᠨ ᠢ | ᠤᠷᠤ ᠮᠦᠷ ᠦᠭᠡᠢ ᠪᠤᠯᠭᠠᠯ᠎ᠠ᠃ | ᠬᠤᠷᠢᠶ᠎ᠠ ᠪᠠᠲ᠋ᠠᠯᠢᠶᠤᠨ ᠢ ᠪᠠᠶᠢᠭᠤᠯᠵᠤ | ᠬᠤᠨᠢᠴᠢᠨ ᠠᠷᠠᠳ ᠢᠶᠠᠨ ᠳᠠᠶᠢᠴᠢᠯᠠᠭᠠᠳ | ᠬᠤᠷᠴᠠ ᠵᠡᠪᠰᠡᠭ ᠤᠨ ᠬᠦᠴᠦᠨ ᠢᠶᠠᠷ | ᠬᠤᠤᠷᠳᠠᠨ ᠳᠠᠶᠢᠰᠤᠨ ᠢ ᠳᠠᠷᠤᠯ᠎ᠠ᠃ | ᠰᠠᠯᠪᠤᠷᠢ ᠳᠤᠭᠤᠶᠢᠯᠠᠩ ᠪᠠᠶᠢᠭᠤᠯᠵᠤ | ᠰᠠᠬᠢᠯᠭ᠎ᠠ ᠪᠠᠳᠤ ᠪᠠᠨ ᠳᠤᠭᠳᠠᠭᠠᠭᠠᠳ | ᠰᠠᠨᠠᠭ᠎ᠠ ᠰᠡᠳᠭᠢᠯ ᠢᠶᠠᠨ ᠨᠢᠭᠡᠳᠭᠡᠵᠤ | ᠰᠠᠮᠠᠭᠤᠨ ᠳᠠᠶᠢᠰᠦᠨ ᠢ ᠳᠠᠷᠤᠯ᠎ᠠ᠃ | ᠮᠤᠩᠭᠤᠯ ᠤᠨ ᠬᠡᠢ ᠮᠤᠷᠢ ᠶᠢ ᠮᠠᠨᠳᠤᠭᠤᠯᠵᠤ | ᠮᠠᠭᠤ ᠬᠤᠯᠠᠭᠠᠢ ᠶᠢ ᠰᠦᠨᠦᠭᠡᠯᠡ | ᠮᠤᠩᠬᠠᠭ ᠬᠤᠯᠠᠭᠠᠢ ᠵᠢᠩ ᠲᠦᠩ ᠯᠢᠩ | ᠮᠠᠭᠤ ᠳᠠᠭᠤ ᠪᠠᠷ ᠳᠤᠳᠠᠭᠠᠯ᠎ᠠ᠃ | ᠵᠢᠩ ᠤᠨ ᠴᠡᠷᠢᠭ ᠭᠠᠯᠵᠠᠭᠤᠷᠠᠵᠤ | ᠵᠡᠷᠭᠡ ᠪᠠᠷ ᠮᠤᠷᠳᠠᠭᠠᠳ ᠢᠷᠡᠭᠰᠡᠨ ᠴᠦ | ᠵᠢᠩᠭᠢᠷ ᠭᠠᠩᠭᠠᠷ ᠰᠤᠮᠦ ᠪᠠᠷ ᠢᠶᠠᠨ | ᠵᠢᠯᠪᠢ ᠶᠢ ᠨᠢ ᠳᠠᠷᠤᠭᠠᠳ ᠡᠷᠭᠢᠭᠦᠯᠦᠯ᠎ᠡ᠃ | ᠵᠢᠩ ᠤᠨ ᠴᠡᠷᠢᠭ ᠴᠢ ᠪᠢᠩ ᠲᠤᠸᠠᠨ | ᠵᠡᠷᠭᠡ ᠪᠠᠷ ᠳᠠᠷᠤᠭᠠᠳ ᠢᠷᠡᠭᠰᠡᠨ ᠴᠦ | ᠵᠢᠩ ᠭᠠᠩ ᠰᠤᠮᠤ ᠶᠢ ᠬᠦᠷᠳᠡᠭᠦᠯᠦᠭᠡᠳ | ᠵᠢᠯᠪᠢ ᠶᠢ ᠨᠢ ᠳᠠᠷᠤᠭᠠᠳ ᠮᠤᠷᠳᠠᠭᠤᠯᠤᠯᠠ᠃ | ᠵᠢᠷᠤᠭ᠎ᠠ ᠵᠢᠷᠤᠭ᠎ᠠ ᠮᠤᠷᠢ ᠶᠢ ᠪᠠᠨ | ᠵᠢᠯᠤᠭᠤ ᠶᠢ ᠨᠢ ᠰᠤᠶᠢᠭᠠᠳ ᠮᠤᠷᠳᠠᠶ᠎ᠠ ᠳ᠋ᠤᠤ | ᠵᠢᠪᠬᠤᠯᠠᠩᠳᠤ ᠲᠦᠷᠤ ᠶᠢᠨ ᠡᠵᠡᠨ ᠪᠢᠳᠠ | ᠵᠤᠷᠢᠭᠰᠠᠨ ᠭᠠᠵᠠᠷ ᠲᠠᠭᠠᠨ ᠬᠦᠷᠴᠢᠭᠡᠶᠡ ᠳ᠋ᠤᠤ᠃ | ᠰᠢᠨᠠᠯᠠᠮ᠎ᠠ ᠶᠢᠨ ᠴᠡᠷᠢᠭ ᠤᠳ ᠨᠢ | ᠰᠢᠯᠢᠭᠰᠡᠨ ᠬᠤᠷᠴᠠ ᠴᠡᠷᠢᠭ ᠰᠢᠤ | ᠰᠢᠨᠵᠢ ᠮᠠᠭᠤᠲᠠᠢ ᠵᠢᠩ ᠵᠢᠢ ᠶᠢᠨ | ᠰᠢᠯᠪᠢ ᠶᠢ ᠤᠭᠳᠤᠯᠤᠭᠠᠳ ᠬᠦᠭᠡᠭᠡᠯ᠎ᠡ᠃ | ᠰᠢᠪᠠᠷ ᠳᠡᠷᠡᠰᠥᠨ ᠴᠠᠶᠢᠳᠠᠮ ᠳᠤ | ᠰᠢᠯᠢᠨ ᠡ᠊ᠡᠭᠨᠡᠵᠤ ᠰᠠᠭᠤᠵᠤ ᠪᠠᠶᠢᠨ᠎ᠠ | ᠰᠢᠷᠭᠤᠨ ᠢᠷᠡᠭᠰᠡᠨ ᠳᠠᠶᠢᠰᠤᠨ ᠢ | ᠰᠢᠯᠢ ᠶᠢ ᠨᠢ ᠳᠠᠰᠢᠭᠠᠳ ᠬᠦᠭᠡᠭᠡᠯ᠎ᠡ᠃ | ᠰᠢᠨᠡᠯᠠᠮ᠎ᠠ ᠶᠢᠨ ᠠᠨᠳᠠ ᠪᠢᠳᠡ | ᠰᠢᠯᠢᠳᠡᠭ ᠴᠢᠩᠭ᠎ᠠ ᠪᠠᠶᠢᠯᠭᠦᠢ ᠳ᠋ᠤᠤ | ᠰᠢᠨᠵᠢ ᠮᠠᠭᠤᠲᠠᠢ ᠬᠠᠷᠬᠢᠰᠴᠤᠳ ᠢ | ᠰᠦᠨᠡᠰᠦ ᠶᠢ ᠨᠢ ᠠᠪᠦᠭᠠᠳ ᠳᠠᠷᠤᠯ᠎ᠠ᠃ | ᠰᠢᠨᠡᠯᠠᠮ᠎ᠠ ᠪᠠᠨᠳᠢᠳᠠ ᠲᠠᠢ ᠪᠠᠨ | ᠵᠠᠩᠵᠦᠨ ᠪᠤᠯᠵᠤ ᠢᠷᠡᠭᠡᠳ | ᠵᠠᠩ ᠵᠢᠶᠠ ᠺᠸᠦ ᠠᠴᠠ ᠴᠡᠷᠢᠭ ᠠᠪᠦᠭᠠᠳ | ᠳᠠᠭᠠᠭᠤᠯᠤᠭᠠᠳ ᠢᠷᠡᠯ᠎ᠡ ᠳ᠋ᠤᠤ᠃ | ᠰᠢᠨᠡᠯᠡᠮᠠ ᠶᠢᠨ ᠠᠬ᠎ᠠ ᠳᠡᠭᠦᠦ ᠪᠢᠳᠠ | ᠰᠢᠯᠭᠠᠷᠠᠵᠤ ᠪᠠᠶᠢᠨ᠎ᠠ ᠰᠢᠤ ᠳ᠋ᠤᠤ | ᠰᠢᠨ᠎ᠠ ᠴᠠᠭ ᠤᠨ ᠵᠢᠷᠤᠮ ᠶᠤᠰᠤ ᠶᠢ | ᠳᠠᠭᠠᠵᠠᠭᠠᠶᠠ ᠳ᠋ᠤᠤ᠃ | ᠬᠠᠷᠭᠢᠰ ᠳᠠᠶᠢᠰᠦᠨ ᠨᠤᠭᠤᠳ ᠬᠠᠪᠰᠤᠷᠤᠯᠴᠠᠭᠠᠳ | ᠬᠠᠩᠬᠢᠨ ᠴᠡᠷᠢᠭ ᠲᠠᠢ ᠨᠡᠶᠢᠯᠡᠯᠴᠡᠭᠡᠳ | ᠬᠠᠷ᠎ᠠ ᠬᠢᠳᠠᠳ ᠵᠢᠩ ᠵᠢᠢ ᠲᠠᠢ | ᠬᠠᠮᠵᠢᠪᠠᠴᠤ ᠶᠠᠭᠠᠬᠢᠭᠰᠠᠨ ᠦᠭᠡᠢ᠃ | ᠰᠧ ᠳ᠋ᠠᠢ ᠰᠤᠮᠤ ᠪᠠᠨ ᠪᠦᠰᠡᠯᠡᠭᠡᠳ | ᠰᠧᠯᠡᠶᠢᠳᠠᠢ ᠫᠤᠤ ᠪᠠᠨ ᠡᠬᠦᠷᠤᠭᠡᠳ | ᠰᠢ ᠪᠸᠢ ᠵᠠᠰᠠᠭ ᠵᠢᠩ ᠵᠢᠢ ᠶᠢ | ᠰᠧᠯᠢᠨ ᠲᠠᠪᠠᠭᠠᠨ ᠳᠤ ᠮᠤᠷᠳᠠᠭᠤᠯᠤᠯᠠ᠃ | ᠰᠠᠯᠠᠭᠠᠨ ᠲᠠᠷᠤᠭ᠎ᠠ ᠯᠢᠶᠠᠨᠵᠠᠩ ᠤᠨ | ᠰᠠᠯᠪᠤᠷᠢ ᠠᠩᠭᠢ ᠶᠢᠨ ᠳ᠋ᠢ ᠰᠢᠶᠦ᠋ᠡᠭ ᠤᠳ | ᠰᠠᠨᠠᠭ᠎ᠠ ᠵᠤᠷᠢᠭ ᠢᠶᠠᠨ ᠨᠢᠭᠡᠳᠭᠡᠭᠡᠳ | ᠰᠠᠮᠠᠭᠤᠨ ᠲᠠᠶᠢᠰᠤᠨ ᠢ ᠲᠠᠷᠤᠵᠠᠭᠠᠶᠠ ᠳ᠋ᠤᠤ᠃ | ᠠᠷᠪᠠ ᠶᠢᠨ ᠲᠠᠷᠤᠭ᠎ᠠ ᠱᠢ ᠵᠠᠩ ᠤᠳ | ᠠᠬ᠎ᠠ ᠲᠡᠬᠦᠤ ᠳ᠋ᠢ ᠰᠢᠶᠦ᠋ᠡᠭ ᠤᠳ | ᠠᠶᠤᠯᠳᠤ ᠲᠠᠶᠢᠰᠤᠨ ᠢ ᠲᠠᠷᠤᠴᠢᠬᠠᠭᠠᠳ | ᠠᠮᠤᠷ ᠲᠠᠶᠢᠪᠤᠡᠭ ᠵᠢᠷᠭᠠᠵᠠᠭᠠᠶ᠎ᠠ ᠳ᠋ᠤᠤ᠃ | ᠲᠠᠪᠤ ᠶᠢᠨ ᠲᠠᠷᠤᠭ᠎ᠠ ᠦ᠋ ᠵᠠᠩ ᠤᠳ | ᠲᠠᠩᠭᠠᠷᠢᠭ ᠰᠠᠶᠢᠳᠤ ᠳ᠋ᠢ ᠰᠢᠶᠦ᠋ᠡᠭ ᠤᠳ | ᠲᠡᠮᠢᠷ ᠮᠠᠭᠤᠳᠤ ᠵᠢᠩ ᠵᠢᠢ ᠶᠢ | ᠲᠠᠮᠤ ᠶᠢᠨ ᠤᠷᠤᠨ ᠳᠤ ᠵᠤᠯᠢᠶ᠎ᠠ᠃ | ᠮᠠᠨ ᠤ ᠴᠡᠷᠢᠭ ᠤᠨ ᠲᠤᠸᠠᠨᠵᠠᠩ ᠨᠢ | ᠮᠠᠯᠴᠢᠨ ᠠᠷᠠᠳ ᠤᠨ ᠮᠠᠩᠯᠠᠢ ᠬᠦᠤ᠂ | ᠮᠤᠩᠭᠤᠯ ᠠᠷᠠᠳ ᠤᠯᠠᠨ ᠳᠠᠭᠠᠨ | ᠮᠠᠰᠢ ᠬᠠᠯᠠᠭᠤᠨ ᠰᠡᠳᠬᠢᠯ ᠲᠠᠢ᠃ | ᠦᠨᠳᠤᠷ ᠴᠠᠭᠠᠨ ᠮᠠᠩᠬ᠎ᠠ ᠨᠢ | ᠡᠳᠤᠷ ᠤᠨ ᠭᠠᠵᠠᠷ ᠠᠴᠠ ᠬᠠᠷᠠᠬᠳᠠᠨ᠎ᠠ᠂ | ᠦᠯᠵᠡᠶᠢᠵᠢᠷᠭᠠᠯ ᠤᠨ ᠠᠨᠳᠠ ᠪᠢᠳᠡ | ᠦᠭᠡᠳᠡᠯᠡᠨ ᠮᠠᠨᠳᠤᠵᠤ ᠲᠠᠪᠰᠢᠨ᠎ᠠ᠃ | ᠠᠪᠤ ᠡᠵᠢ ᠶᠢᠨ ᠠᠰᠠᠷᠠᠯ ᠬᠠᠶᠢᠷ᠎ᠠ | ᠠᠷᠪᠢᠨ ᠢᠯᠡᠬᠦᠤ ᠪᠠᠶᠢᠨ᠎ᠠ᠂ | ᠠᠴᠢ ᠦᠷ᠎ᠡ ᠪᠢᠳᠡ ᠨᠠᠷ | ᠠᠴᠢᠯᠠᠨ ᠬᠠᠷᠢᠭᠤᠯᠤᠶ᠎ᠠ᠃ | ᠠᠮᠢᠳᠠᠨ ᠤ ᠡᠷᠬᠢᠮ ᠮᠠᠩᠯᠠᠢ | ᠪᠤᠯᠤᠬᠰᠠᠨ ︵ᠴᠦ︶ ᠬᠤᠶᠢᠨ᠎ᠠ | ᠠᠴᠢ ᠦᠷ᠎ᠡ ᠭᠡᠤᠭᠡᠳ ᠪᠢᠳᠡᠨ | ᠬᠦᠭᠵᠢᠬᠦᠯᠵᠤ ᠮᠠᠨᠳᠤᠭᠤᠯᠤᠶ᠎ᠠ᠃ | | | ᠵᠡᠬᠦᠯᠳᠡ | ᠤᠷᠳᠤᠰ ᠲᠤᠯᠤᠭᠠᠨ ᠬᠤᠰᠢᠭᠤ ᠶᠢ ᠲᠤᠬᠳᠤᠯᠭᠠᠬᠰᠠᠨ ᠦᠨᠳᠤᠰᠤᠳᠠᠨ ᠤ ᠪᠠᠭᠠᠳᠤᠷ ᠬᠤᠪᠢᠰᠬᠠᠯᠴᠢ ᠰᠢᠨᠡᠯᠠᠮ᠎ᠠ ᠶᠢᠨ ᠲᠤᠬᠠᠢ ᠨᠡᠯᠢᠶᠡᠳ ᠭᠡᠳᠤᠨ ᠲᠠᠭᠤᠤ | ᠪᠠᠶᠢᠳᠠᠭ ᠪᠤᠯᠪᠠᠴᠤ ᠪᠠᠶ᠎ᠠ ᠪᠠᠨ ᠲᠠᠭᠠᠬᠰᠠᠨ ᠲᠤᠰᠬᠠᠢ ᠠᠶᠠᠯᠭᠤ ᠭᠡᠵᠤ ᠪᠠᠶᠢᠳᠠᠭ ᠦᠭᠡᠢ ᠳᠡᠭᠡᠨ ᠪᠦᠷ ᠴᠦ ᠠᠷᠠᠳ ᠤᠨ ᠲᠠᠭᠤᠤ ᠶᠢᠨ ᠠᠶᠠᠯᠭᠤ ᠲᠡᠭᠡᠷ᠎ᠡ ᠦᠭᠡ | ᠲᠠᠭᠠᠷᠠᠭᠤᠯᠤᠬᠰᠠᠨ ᠪᠠᠶᠢᠳᠠᠭ᠃ ᠰᠢᠨᠡᠯᠠᠮ᠎ᠠ ᠶᠢᠨ ᠲᠠᠭᠤᠤ ᠭᠡᠳᠡᠭ ᠨᠢ ᠰᠢᠨᠡᠯᠠᠮ᠎ᠠ ᠦᠪᠡᠷ ᠢᠶᠠᠨ ᠵᠤᠬᠢᠶᠠᠬᠰᠠᠨ ᠪᠢᠰᠢ᠂ ᠠᠷᠠᠳ ᠲᠦᠮᠡᠨ ᠤ ᠵᠤᠬᠢᠶᠠᠯ ᠪᠤᠯᠬᠤ ᠪᠦᠭᠡᠳ | ᠰᠢᠨᠡᠯᠠᠮ᠎ᠠ ᠶᠢᠨ ᠲᠤᠰ ᠪᠠᠶ᠎ᠠ ᠵᠢᠴᠢ ᠲᠡᠬᠦᠨ ᠤ ᠤᠳᠤᠷᠢᠳᠤᠬᠰᠠᠨ ᠠᠷᠠᠳᠴᠢᠯᠠᠬᠰᠠᠨ ᠬᠤᠪᠢᠰᠬᠠᠯ ᠤᠨ ᠦᠢᠯᠡ ᠶᠠᠪᠤᠳᠠᠯ ᠢ ᠮᠠᠬᠳᠠᠨ ᠲᠠᠭᠤᠯᠠᠬᠰᠠᠨ ᠶᠤᠮ᠃ | | | | |