ᠤᠷᠳᠤᠰ ᠠᠷᠠᠳ ᠤᠨ ᠳᠠᠭᠤᠤ —— ᠠᠯᠳᠠᠨ ᠬᠠᠷ᠎ᠠ ᠭᠡᠵᠢᠭᠡ
ᠨᠡᠶᠢᠲᠡᠯᠡᠭᠰᠡᠨ ᠴᠠᠭ᠄
2017/11/12
ᠠᠯᠳᠠᠨ ᠬᠠᠷ᠎ᠠ ᠭᠡᠵᠢᠭᠡ ᠴᠢᠨᠢ ᠠᠷᠤ ᠶᠢᠨ ᠢᠶᠠᠨ ᠭᠤᠤᠯ ᠢᠶᠠᠷ ᠨᠤᠷᠬᠢᠰ ᠭᠡᠨ᠎ᠠ ᠠᠪᠦ ᠶᠢᠨ ᠦᠷ᠎ᠡ ᠳᠦᠨᠵᠢᠳ ᠮᠢᠨᠢ ᠠᠪᠤ ᠶᠢ ᠪᠠᠨ ᠲᠠᠨᠢᠬᠤ ᠦᠭᠡᠢ ᠶᠠᠭᠠᠬᠢᠬᠤ ᠪᠤᠢ       ᠴᠠᠭᠠᠨ ᠪᠤᠭᠤᠷᠤᠯ ᠮᠤᠷᠢ ᠮᠢᠨᠢ       ᠭᠠᠳᠠᠰᠤᠨ ᠳᠡᠭᠡᠷ᠎ᠡ ᠪᠠᠨ ᠬᠠᠭᠰᠠᠭ᠎ᠠ ᠲᠠᠢ       ᠴᠠᠭᠠᠨ ᠪᠤᠭᠤᠷᠤᠯ ᠠᠪᠤ ᠴᠢᠨᠢ       ᠬᠠᠴᠠᠪᠴᠢᠨ ᠳᠡᠭᠡᠷ᠎ᠡ ᠪᠠᠨ ᠬᠠᠭᠰᠠᠭ᠎ᠠ ᠲᠠᠢ ᠬᠠᠷ᠎ᠠ ᠪᠤᠭᠤᠷᠤᠯ ᠮᠤᠷᠢ ᠮᠢᠨᠢ ᠭᠠᠳᠠᠰᠤᠨ ᠳᠡᠭᠡᠷ᠎ᠡ ᠪᠠᠨ ᠬᠠᠭᠰᠠᠭ᠎ᠠ ᠲᠠᠢ ᠭᠠᠭᠴᠠ ᠪᠤᠭᠤᠷᠤᠯ ᠠᠪᠤ ᠴᠢᠨᠢ ᠬᠠᠴᠠᠪᠴᠢᠨ ᠳᠡᠭᠡᠷ᠎ᠡ ᠪᠠᠨ ᠬᠠᠭᠰᠠᠭ᠎ᠠ ᠲᠠᠢ       ᠴᠢᠮᠡᠬᠦ ᠪᠠᠷ ᠢᠶᠠᠨ ᠴᠢᠮᠡᠯ᠎ᠡ       ᠴᠡᠷᠢᠭ ᠢᠶᠠᠷ ᠢᠶᠠᠨ ᠬᠦᠷᠭᠡᠯ᠎ᠡ       ᠠᠪᠤ ᠶᠢᠨ ᠦᠷ᠎ᠡ ᠳᠦᠨᠵᠢᠳ ᠮᠢᠨᠢ       ᠠᠪᠤ ᠶᠢ ᠪᠠᠨ ᠶᠠᠭᠠᠬᠢᠭᠠᠳ ᠮᠠᠷᠳᠠᠪᠠ ᠳ᠋ᠠ ᠨᠤᠭᠤᠯ ᠬᠠᠷ᠎ᠠ ᠭᠡᠵᠢᠭᠡ ᠴᠢᠨᠢ ᠨᠢᠷᠤᠭᠤᠨ ᠤ ᠭᠤᠤᠯ ᠢᠶᠠᠷ  ᠨᠤᠷᠬᠢᠰ ᠭᠡᠨ᠎ᠠ ᠨᠠᠰᠤᠲᠠᠢ ᠪᠤᠭᠤᠷᠤᠯ ᠡᠵᠢ ᠶᠢ ᠪᠠᠨ ᠨᠢᠯᠪᠤᠰᠤ ᠲᠠᠢ ᠴᠤ ᠤᠷᠬᠢᠯ᠎ᠠ       ᠪᠤᠭᠤᠳᠠᠢ ᠪᠤᠷᠤ ᠮᠤᠷᠢ ᠮᠢᠨᠢ       ᠪᠠᠭᠠᠨ᠎ᠠ ᠳᠡᠭᠡᠷ᠎ᠡ ᠪᠠᠨ ᠬᠠᠭᠰᠠᠭ᠎ᠠ ᠲᠠᠢ       ᠪᠤᠭᠤᠷᠤᠯ ᠪᠤᠯᠤᠭᠰᠠᠨ ᠠᠪᠤ ᠴᠢᠨᠢ       ᠪᠤᠱᠤᠭᠠᠨ ᠳᠡᠭᠡᠷ᠎ᠡ ᠪᠠᠨ ᠬᠠᠭᠰᠠᠭ᠎ᠠ ᠲᠠᠢ ᠬᠠᠯᠢᠭᠤᠨ ᠪᠤᠭᠤᠷᠤᠯ ᠮᠤᠷᠢ ᠮᠢᠨᠢ ᠭᠠᠳᠠᠰᠤᠨ ᠳᠡᠭᠡᠷ᠎ᠡ ᠪᠠᠨ ᠬᠠᠭᠰᠠᠭ᠎ᠠ ᠲᠠᠢ ᠬᠠᠶᠢᠷᠠᠳᠤ ᠪᠤᠭᠤᠷᠤᠯ ᠠᠪᠤ ᠴᠢᠨᠢ ᠬᠠᠴᠠᠪᠴᠢᠨ ᠳᠡᠭᠡᠷ᠎ᠡ ᠪᠠᠨ ᠬᠠᠭᠰᠠᠭ᠎ᠠ ᠲᠠᠢ       ᠵᠠᠰᠠᠬᠤ ᠪᠠᠷ ᠢᠶᠠᠨ ᠵᠠᠰᠠᠯ᠎ᠠ       ᠵᠠᠰᠠᠭ ᠢᠶᠠᠷ ᠢᠶᠠᠨ ᠬᠦᠷᠭᠡᠯ᠎ᠡ       ᠵᠢᠭᠠᠬᠠᠨ ᠦᠷ᠎ᠡ ᠳᠦᠨᠵᠢᠳ ᠮᠢᠨᠢ       ᠠᠪᠤ ᠶᠢ ᠪᠠᠨ ᠶᠠᠭᠠᠬᠢᠭᠠᠳ ᠮᠠᠷᠳᠠᠪᠠ ᠳ᠋ᠠ ᠠᠪᠳᠠᠷ᠎ᠠ ᠱᠦᠭᠦᠢ ᠨᠠᠢᠮᠠᠨ ᠳ᠋ᠦᠢ ᠠᠶᠠᠭ᠎ᠠ ᠫᠢᠯᠠ ᠨᠠᠶᠠᠨ ᠳ᠋ᠦᠢ ᠠᠪᠤ ᠶᠢᠨ ᠦᠷ᠎ᠡ ᠳᠦᠨᠵᠢᠳ ᠮᠢᠨᠢ ᠠᠪᠤ ᠶᠢ ᠪᠠᠨ ᠶᠠᠭᠠᠬᠢᠭᠠᠳ ᠮᠠᠷᠳᠠᠪᠠ ᠳ᠋ᠠ       ᠨᠠᠷᠠ ᠭᠠᠷᠬᠤ ᠳᠤ ᠢᠷᠡᠯ᠎ᠡ       ᠨᠠᠮᠠᠢᠢ ᠶᠠᠭᠠᠬᠢᠭᠠᠳ ᠮᠠᠷᠳᠠᠪᠠ ᠳ᠋ᠠ       ᠰᠠᠷᠠ ᠭᠠᠷᠬᠤ ᠳᠤ ᠶᠠᠪᠤᠯ᠎ᠠ       ᠰᠠᠨᠠᠭ᠎ᠠ ᠴᠢᠨᠢ ᠶᠠᠭᠠᠬᠢᠭᠠᠳ ᠬᠤᠪᠢᠷᠠᠪᠠ ᠳ᠋ᠠ ᠠᠷᠪᠢᠨ ᠰᠢᠷᠭ᠎ᠠ ᠮᠤᠷᠢ ᠶᠢ ᠪᠠᠨ ᠠᠯᠢ ᠶᠢ ᠨᠢ ᠤᠨᠤᠶ᠎ᠠ ᠵᠢᠷᠤᠭ᠎ᠠ ᠪᠤᠢ ᠠᠪᠤ ᠶᠢᠨ ᠦᠷ᠎ᠡ ᠳᠦᠨᠵᠢᠳ ᠮᠢᠨᠢ ᠠᠪᠤ ᠪᠠᠨ ᠲᠠᠨᠢᠬᠤ ᠦᠭᠡᠢ ᠶᠠᠭᠠᠬᠢᠬᠤ ᠪᠤᠢ       ᠮᠦᠰᠦᠨ ᠳᠡᠭᠡᠭᠦᠷ ᠭᠦᠶᠦᠳᠡᠯ ᠲᠠᠢ       ᠮᠦᠩᠭᠦᠨ ᠴᠠᠭᠠᠨ ᠮᠤᠷᠢ ᠮᠢᠨᠢ       ᠮᠦᠩᠬᠦ ᠱᠢᠷᠦ ᠪᠠᠷ ᠴᠢᠮᠡᠭᠰᠡᠨ       ᠬᠡᠤᠬᠡᠨ ᠦᠷ᠎ᠡ ᠬᠦᠮᠦᠨ ᠤ ᠳᠤ ᠰᠤᠭᠤᠯ ᠳᠡᠭᠡᠭᠦᠷ ᠬᠦᠶᠦᠳᠡᠯ ᠲᠠᠢ ᠰᠤᠬᠠᠢ ᠵᠡᠭᠡᠷᠳᠡ ᠮᠤᠷᠢ ᠮᠢᠨᠢ ᠰᠤᠪᠤᠳ ᠱᠢᠷᠦ ᠪᠠᠷ ᠴᠢᠮᠡᠭᠰᠡᠨ ᠬᠡᠤᠬᠡᠨ ᠦᠷ᠎ᠡ ᠬᠦᠮᠦᠨ ᠤ ᠳᠤ       ᠮᠠᠩᠬᠠᠨ ᠳᠡᠭᠡᠭᠦᠷ ᠭᠦᠶᠦᠳᠡᠯ ᠲᠠᠢ       ᠮᠠᠩᠨᠠᠢ ᠬᠠᠯᠵᠠᠨ ᠮᠤᠷᠢ ᠮᠢᠨᠢ       ᠮᠠᠩᠨᠤᠭ ᠲᠤᠷᠭ᠎ᠠ ᠪᠠᠷ ᠴᠢᠮᠡᠭᠰᠡᠨ       ᠬᠡᠤᠬᠡᠨ ᠦᠷ᠎ᠡ ᠬᠦᠮᠦᠨ ᠤ ᠳᠤ ᠬᠠᠳᠠᠨ ᠳᠡᠭᠡᠭᠦᠷ ᠭᠦᠶᠦᠳᠡᠯ ᠲᠠᠢ ᠬᠠᠯᠠᠭᠤᠨ ᠴᠠᠭᠠᠨ ᠮᠤᠷᠢ ᠮᠢᠨᠢ ᠬᠠᠯᠠ ᠲᠤᠷᠭ᠎ᠠ ᠪᠠᠷ ᠴᠢᠮᠡᠭᠰᠡᠨ ᠬᠡᠤᠬᠡᠨ ᠦᠷ᠎ᠡ ᠬᠦᠮᠦᠨ ᠤ ᠳᠤ       ᠤᠳᠤᠨ ᠴᠤᠬᠤᠷ ᠮᠤᠷᠢ ᠮᠢᠨᠢ       ᠤᠷᠤᠭ᠎ᠠ ᠭᠠᠯᠵᠠᠭᠤ ᠭᠦᠶᠦᠳᠠᠯ ᠲᠠᠢ       ᠤᠭ᠍ᠶᠤ ᠱᠢᠷᠤ ᠪᠠᠷ ᠴᠢᠮᠡᠭᠰᠡᠨ       ᠬᠡᠤᠬᠡᠨ ᠦᠷ᠎ᠡ ᠬᠦᠮᠦᠨ ᠤ ᠳᠤ ᠤᠤᠵᠢ ᠬᠦᠯᠮᠢᠭ ᠴᠢᠨᠢ ᠤᠷᠳᠤ ᠪᠤᠢ ᠬᠢᠰᠬᠢᠭᠳᠡᠬᠦ ᠶᠢ ᠪᠠᠨ ᠬᠢᠴᠢᠶᠡ ᠳ᠋ᠠ ᠤᠯᠠᠨ ᠤ ᠦᠭᠡ ᠬᠤᠷᠴᠠ ᠪᠤᠢ ᠬᠡᠯᠡᠭᠳᠡᠬᠦ ᠶᠢ ᠪᠠᠨ ᠬᠢᠴᠢᠶᠡ ᠳ᠋ᠠ       ᠪᠦᠳᠦᠨ ᠡᠳᠦᠷ ᠢᠶᠠᠷ ᠬᠦᠯᠢᠶᠡᠯ᠎ᠡ       ᠪᠦᠷᠦᠢ ᠪᠤᠯᠬᠤ ᠳᠤ ᠶᠠᠪᠤᠯ᠎ᠠ       ᠪᠤᠭᠤᠷᠤᠯ ᠪᠤᠯᠤᠭᠰᠠᠨ ᠠᠪᠤ ᠴᠢᠨᠢ       ᠨᠢᠯᠪᠤᠰᠤ ᠪᠠᠨ ᠤᠨᠠᠭᠠᠭᠠᠳ ᠮᠤᠷᠳᠠᠯ᠎ᠠ᠃ ᠠᠯᠳᠠ ᠲᠤᠷᠭᠠᠨ ᠬᠠᠳᠠᠭ ᠢᠶᠠᠷ ᠢᠶᠠᠨ ᠠᠪᠤ ᠶᠢᠨ ᠢᠶᠠᠨ ᠠᠮᠤᠷ ᠢ ᠡᠷᠢᠶ᠎ᠡ ᠠᠪᠤ ᠶᠢᠨ ᠦᠷ᠎ᠡ ᠳᠦᠨᠵᠢᠳ ᠨᠢ ᠠᠪᠤ ᠪᠠᠨ ᠶᠠᠭᠠᠬᠢᠭᠰᠠᠨ ᠴᠦ ᠮᠠᠷᠳᠠᠭᠰᠠᠨ ᠦᠭᠡᠢ       ᠡ᠊ᠡᠭᠳᠤ ᠲᠤᠷᠭᠠᠨ ᠬᠠᠳᠠᠭ ᠢᠶᠠᠷ ᠢᠶᠠᠨ       ᠡᠵᠢ ᠶᠢᠨ ᠢᠶᠠᠨ ᠠᠮᠤᠷ ᠢ ᠡᠷᠢᠶ᠎ᠡ       ᠡᠵᠢ ᠶᠢᠨ ᠦᠷ᠎ᠡ ᠳᠦᠨᠵᠢᠳ ᠨᠢ       ᠡᠵᠢ ᠪᠠᠨ ᠶᠠᠭᠠᠬᠢᠭᠰᠠᠨ ᠴᠦ ᠮᠠᠷᠳᠠᠭᠰᠠᠨ ᠦᠭᠡᠢ᠃ ᠵᠡᠭᠦᠯᠳᠠ       ᠲᠤᠰ ᠠᠷᠠᠳ ᠤᠨ ᠳᠠᠭᠤᠤ ᠳᠤ ᠭᠠᠷᠳᠠᠭ ᠳᠦᠨᠵᠢᠳ ᠤᠨ ᠪᠦᠬᠦᠯᠢ ᠨᠡᠷ᠎ᠡ ᠶᠢ ᠳᠦᠨᠵᠢᠳᠮ᠎ᠠ   ᠭᠡᠳᠡᠭ᠃ ᠳᠦᠨᠵᠢᠳᠮ᠎ᠠ ᠪᠤᠯ 1800 — 1850  ᠤᠨ ᠤ ᠬᠤᠭᠤᠷᠤᠨᠳᠤ ᠤᠷᠳᠤᠰ ᠤᠨ ᠪᠠᠷᠠᠭᠤᠨ ᠭᠠᠷ ᠤᠨ ᠡᠮᠦᠨᠡᠳᠤ ᠬᠤᠰᠢᠭᠤᠨ ︵ᠦᠤᠰᠢᠨ︶᠎ ᠳᠤ ᠠᠮᠢᠳᠤᠷᠠᠵᠤ ᠪᠠᠶᠢᠵᠠᠢ᠃       ᠳᠦᠨᠵᠢᠳᠮ᠎ᠠ ᠶᠢᠨ ᠡᠴᠢᠭᠡ ᠨᠢ ᠳᠤᠬᠠᠢ ᠶᠢᠨ ᠦᠶ᠎ᠡ ᠳᠤ ᠰᠠᠶᠢᠨᠳᠤᠷ᠎ᠠ ᠳᠤ ᠰᠠᠭᠤᠭ᠎ᠠ ᠴᠢᠩ ᠤᠯᠤᠰ ᠤᠨ ᠭᠠᠳᠠᠭᠠᠳᠤ ᠮᠤᠩᠭᠤᠯ ᠤᠨ ᠳᠠᠶᠢᠯᠠᠯᠳᠤᠨ ᠪᠠᠶᠢᠯᠳᠤᠬᠤ ᠰᠠᠶᠢᠳ ᠤᠨ ᠲᠤᠰᠢᠶᠠᠯ ᠢ ᠬᠠᠷᠢᠭᠤᠴᠠᠵᠤ ᠪᠠᠶᠢᠬᠤ ᠬᠤᠭᠤᠴᠠᠭᠠᠨ ᠳᠠᠭᠠᠨ ᠠᠯᠠᠭ ᠦᠷ᠎ᠡ ᠲᠦᠨᠵᠢᠳᠮ᠎ᠠ ᠪᠠᠨ ᠨᠢᠭᠡᠨ ᠪᠠᠶᠠᠨ ᠠᠶᠢᠯ ᠤᠨ ᠡᠭᠦᠳᠡᠨ ᠳᠤ ᠬᠦᠷᠭᠡᠪᠡ᠃ ᠬᠤᠵᠢᠮ ᠨᠢ᠂ ᠡᠴᠢᠭᠡ ᠨᠢ ᠲᠤᠰᠢᠶᠠᠯ ᠠᠴᠠ ᠪᠠᠭᠤᠵᠤ ᠴᠡᠷᠢᠭ ᠤᠨ ᠠᠯᠪᠠᠨ ᠠᠴᠠ ᠬᠠᠯᠠᠭᠳᠠᠵᠤ ᠬᠠᠷᠠᠴᠤ ᠠᠷᠠᠳ ᠪᠤᠯᠤᠭᠰᠠᠨ ᠶᠤᠮ᠃ ᠳᠤᠬᠠᠢ ᠶᠢᠨ ᠦᠶ᠎ᠡ ᠳᠤ ᠡᠴᠢᠭᠡ ᠨᠢ ᠬᠡᠤᠬᠡᠨ ᠢᠶᠠᠨ ᠬᠠᠷᠭᠢᠰ ᠳᠤᠭᠰᠢᠨ ᠬᠠᠨ ᠢᠵᠠᠭᠤᠷᠳᠤ ᠶᠢᠨ ᠪᠠᠭ᠎ᠠ ᠡᠬᠡᠨᠡᠷ ᠪᠤᠯᠭᠠᠪᠠ᠃ ᠳᠦᠨᠵᠢᠳᠮ᠎ᠠ ᠰᠤᠨᠤᠰᠴᠤ ᠮᠡᠳᠡᠭᠡᠳ ᠡᠴᠢᠭᠡ ᠶᠢᠨ ᠎ ᠢᠶᠠᠨ ᠭᠡᠷ ᠤᠨ ᠡᠭᠦᠳᠠᠨ ᠡᠮᠦᠨ᠎ᠠ ᠴᠢᠰᠤᠨ ᠨᠢᠯᠪᠤᠰᠤ ᠮᠡᠯᠮᠡᠷᠡᠵᠤ᠂ ᠶᠠᠰᠤ ᠭᠠᠷᠳᠠᠯ᠎ᠠ ᠰᠦᠭᠦᠳᠦᠭᠰᠡᠨ ᠪᠤᠯᠪᠠᠴᠤ᠂ ᠡᠴᠢᠭᠡ ᠨᠢ ᠠᠯᠠᠭ ᠦᠷ᠎ᠡ ᠪᠠᠨ ᠠᠯᠪᠠᠳᠠᠨ ᠬᠦᠴᠦᠯᠠᠵᠤ ᠠᠶᠢᠯ ᠤᠨ ᠡᠭᠦᠳᠡᠨ ᠳᠤ ᠭᠦᠷᠭᠡᠪᠡ᠃      ᠠᠶᠢᠯ ᠳᠤ ᠮᠤᠷᠳᠠᠭᠠᠳ ᠬᠠᠳᠠᠮ ᠤᠨ ᠬᠠᠯᠠ᠂ ᠠᠮᠢᠳᠤᠷᠠᠯ ᠤᠨ ᠬᠦᠴᠢᠷ ᠢ ᠲᠤᠭᠤᠯᠠᠭᠰᠠᠨ ᠳᠦᠨᠵᠢᠳᠮ᠎ᠠ᠂ ᠤᠯᠠᠨ ᠵᠢᠯ ᠤᠨ ᠳᠠᠷᠠᠭ᠎ᠠ ᠡᠴᠢᠭᠡ ᠲᠠᠢ ᠪᠠᠨ ᠲᠠᠬᠢᠨ ᠵᠤᠯᠭᠠᠭᠰᠠᠨ ᠳᠤ᠂ ᠡᠴᠢᠭᠡ ᠪᠠᠨ ᠨᠢᠭᠡ ᠬᠠᠷᠠᠭᠠᠳ ᠲᠠᠬᠢᠵᠤ ᠬᠠᠷᠠᠭᠰᠠᠨ ᠦᠭᠡᠢ᠂ ᠦᠭᠡ ᠴᠦ ᠬᠡᠯᠡᠭᠰᠡᠨ ᠦᠭᠡᠢ ᠪᠠᠷ ᠭᠡᠷ ᠲᠡᠭᠡᠨ ᠤᠷᠤᠭᠤᠯᠤᠭᠰᠠᠨ ᠦᠭᠡᠢ ᠶᠠᠪᠤᠭᠤᠯᠤᠭᠰᠠᠨ ᠭᠡᠨ᠎ᠠ᠃       ᠡᠨᠡ ᠳᠠᠭᠤᠤ ᠳᠤᠬᠠᠢ ᠶᠢᠨ ᠦᠶ᠎ᠡ ᠳᠤ ᠠᠷᠠᠳ ᠤᠨ ᠳᠤᠮᠳᠠ ᠨᠦᠯᠦᠭᠡ ᠪᠠᠷ ᠶᠡᠬᠡᠲᠠᠢ᠂ ᠡᠴᠢᠭᠡ ᠡᠬᠡ ᠪᠠᠨ ᠡᠨᠡᠷᠢᠨ ᠬᠦᠨᠳᠦᠯᠡᠵᠤ ᠠᠰᠠᠷᠠᠨ ᠬᠠᠷᠠᠭᠠᠯᠵᠠᠵᠤ ᠤᠭ ᠢᠶᠠᠨ ᠪᠤᠤ ᠮᠠᠷᠳᠠ ᠭᠡᠵᠤ ᠦᠷ᠎ᠡ ᠬᠡᠤᠬᠡᠳ ᠢᠶᠠᠨ ᠰᠤᠷᠭᠠᠭᠰᠠᠨ ᠳᠠᠭᠤᠤ ᠪᠤᠯᠤᠨ᠎ᠠ᠃
ᠢᠷᠡᠯᠲᠡ᠄ ᠲᠣᠰ ᠰᠥᠯᠵᠢᠶ᠎ᠠ