ᠤᠷᠳᠤᠰ ᠠᠷᠠᠳ ᠤᠨ ᠳᠠᠭᠤᠤ —— ᠠᠬᠢᠳᠤ ᠲᠤᠯᠤᠭᠠᠢ
ᠨᠡᠶᠢᠲᠡᠯᠡᠭᠰᠡᠨ ᠴᠠᠭ᠄
2017/11/2
ᠠᠬᠢᠳᠤ ᠲᠤᠯᠤᠭᠠᠢ ᠠᠷᠴᠠᠳᠤ ᠪᠤᠯᠠᠭ ᠠᠳᠤᠭᠤ ᠮᠠᠯ ᠤᠨ ᠪᠡᠯᠴᠢᠭᠡᠷ ᠰᠢᠤ ᠠᠪᠤ ᠡᠵᠢ ᠬᠤᠶᠠᠷ ᠮᠢᠨᠢ ᠠᠮᠢᠳᠤ ᠪᠤᠷᠬᠠᠨ ᠰᠢᠤ᠃       ᠡᠷᠬᠢᠨ ᠤ ᠳᠡᠭᠡᠭᠦᠷ ᠡᠷᠬᠢᠯᠡᠳᠠᠯ᠎ᠡ ᠵᠢᠷᠦᠭᠠᠯᠠᠳᠠᠭ       ᠡᠷᠪᠡᠬᠡᠢ ᠴᠤᠬᠤᠷ ᠮᠢᠨᠢ       ᠡᠯᠢᠭᠡ ᠵᠢᠷᠦᠬᠡᠨ ᠠᠴᠠ ᠰᠢᠮᠰᠢᠷᠡᠨ ᠪᠤᠳᠤᠭᠳᠠᠳᠠᠭ       ᠡᠵᠢ ᠠᠪᠤ ᠬᠤᠶᠠᠷ ᠮᠢᠨᠢ ᠰᠢᠤ ᠬᠠᠳᠠᠨ ᠤ ᠳᠡᠭᠡᠭᠦᠷ ᠬᠠᠷᠬᠢᠯᠠᠳᠠᠯ᠎ᠠ ᠵᠢᠷᠤᠭᠠᠯᠠᠳᠠᠭ ᠬᠠᠯᠢᠭᠤᠨ ᠴᠤᠬᠤᠷ ᠮᠢᠨᠢ ᠬᠠᠮᠤᠭ ᠠᠴᠠ ᠤᠷᠢᠳ ᠪᠤᠳᠤᠭᠳᠠᠭᠠᠳ ᠪᠠᠶᠢᠳᠠᠭ ᠡᠵᠢ ᠠᠪᠤ ᠬᠤᠶᠠᠷ ᠰᠢᠤ᠃       ᠰᠢᠯᠢ ᠶᠢᠨ ᠦᠨᠳᠦᠷ ᠳᠡᠭᠡᠷ᠎ᠡ ᠭᠠᠷᠤᠨ ᠰᠠᠭᠤᠪᠠᠯ       ᠰᠡᠷᠢᠭᠦᠬᠡᠨ ᠰᠠᠯᠬᠢᠨ ᠪᠠᠶᠢᠨ᠎ᠠ       ᠰᠡᠳᠬᠢᠯ ᠢᠶᠠᠷ ᠳᠦᠭᠦᠷᠡᠩ ᠦᠭᠡ ᠪᠠᠨ ᠬᠡᠯᠡᠪᠡᠯ       ᠤᠶᠢᠳᠬᠠᠷ ᠮᠢᠨᠢ ᠭᠠᠷᠳᠠᠭ ᠶᠤᠮ ᠰᠠᠮᠠᠵᠠᠨ ᠴᠠᠭᠠᠨ ᠡᠭᠦᠯᠡ ᠭᠠᠷᠪᠠᠯ ᠪᠤᠷᠤᠭᠠᠨ ᠤᠷᠤᠯᠬᠦᠢ ᠳ᠋ᠤᠤ ᠰᠡᠳᠬᠢᠯ ᠢᠶᠠᠷ ᠳᠦᠭᠦᠷᠡᠩ ᠦᠭᠡ ᠪᠠᠨ ᠬᠡᠯᠡᠪᠡᠯ ᠤᠶᠢᠳᠬᠠᠷ ᠮᠢᠨᠢ ᠭᠠᠷᠳᠠᠭ ᠶᠤᠮ       ᠰᠢᠯᠢ ᠭᠠᠵᠠᠷ ᠤᠨ ᠢᠷᠭᠤᠢ ᠪᠠᠶᠢᠪᠠᠯ       ᠤᠷᠭᠤᠬᠤ ᠪᠠᠶᠢᠯᠭᠤᠢ ᠳ᠋ᠤᠤ       ᠰᠢᠨ᠎ᠠ ᠨᠤᠶᠠᠨ ᠤ ᠵᠠᠬᠢᠶ᠎ᠠ  ᠪᠠᠶᠢᠪᠠᠯ       ᠳᠠᠭᠠᠬᠤ ᠪᠠᠶᠢᠯᠭᠦᠢ ᠳ᠋ᠤᠤ ᠰᠤᠭᠤᠯ ᠭᠠᠵᠠᠷ ᠤᠨ ᠰᠤᠬᠠᠢ  ᠪᠠᠶᠢᠪᠠᠯ ᠤᠷᠭᠤᠯᠭᠦᠢ ᠳ᠋ᠤᠤ ᠰᠤᠷᠠᠯᠴᠠᠭᠰᠠᠨ ᠬᠦᠮᠦᠨ  ᠪᠠᠶᠢᠪᠠᠯ ᠵᠤᠯᠭᠠᠯᠭᠦᠢ ᠳ᠋ᠤᠤ       ᠬᠠᠷᠠᠬᠤ ᠵᠠᠮᠵᠢᠬᠤ ᠲᠤᠬᠢᠶ᠎ᠠ ᠲᠡᠮᠲᠡᠭ ᠴᠢᠨᠢ       ᠬᠦᠮᠦᠰᠭᠡᠨ ᠤ ᠵᠠᠪᠰᠠᠷ ᠲᠤ       ᠬᠠᠨᠢᠯᠠᠨ ᠶᠠᠪᠤᠬᠤ ᠨᠦᠬᠦᠷ ᠮᠢᠨᠢ       ᠰᠡᠳᠬᠢᠯ ᠤᠨ ᠵᠠᠪᠰᠠᠷ ᠲᠤ ᠪᠡᠬᠡᠨ ᠬᠠᠷ᠎ᠠ ᠬᠦᠮᠦᠰᠭᠡ ᠶᠢ ᠴᠢᠨᠢ ᠰᠢᠨᠵᠢᠨ ᠬᠠᠷᠠᠬᠤᠯ᠎ᠠ ᠰᠢᠨ᠎ᠠ ᠵᠢᠯ ᠤᠨ ᠰᠢᠨ᠎ᠠ ᠶᠢᠨ ᠬᠤᠶᠠᠷ ᠤᠨ ᠰᠠᠷᠠ ᠲᠠᠢ ᠠᠳᠠᠯᠢᠬᠠᠨ       ᠲᠠᠯ᠎ᠠ ᠶᠢᠨ ᠴᠡᠴᠡᠭ ᠵᠤᠵᠠᠭᠠᠨ ᠭᠡᠮᠡᠨᠵᠢᠨ       ᠲᠠᠯ᠎ᠠ ᠪᠠᠨ ᠬᠠᠭᠠᠬᠤ ᠦᠭᠡᠢ ᠶᠠ       ᠲᠠᠯ᠎ᠠ ᠰᠠᠨᠠᠭ᠎ᠠ ᠪᠠᠨ ᠲᠠᠯᠪᠢᠭᠰᠠᠨ ᠬᠤᠶᠢᠨ᠎ᠠ       ᠵᠦᠭᠡᠷ ᠬᠠᠶᠠᠬᠤ ᠦᠭᠡᠢ ᠳ᠋ᠤᠤ ᠵᠦᠯᠭᠡᠨ ᠴᠡᠴᠡᠭ ᠵᠤᠵᠠᠭᠠᠨ ᠭᠡᠮᠡᠨᠵᠢᠨ ᠵᠦᠯᠭᠡ ᠪᠠᠨ ᠬᠠᠭᠠᠬᠤ ᠦᠭᠡᠢ ᠶᠠ ᠵᠢᠷᠦᠬᠡ ᠰᠠᠨᠠᠭ᠎ᠠ ᠪᠠᠨ ᠲᠠᠯᠪᠢᠭᠰᠠᠨ ᠬᠤᠶᠢᠨ᠎ᠠ ᠵᠦᠭᠡᠷ ᠬᠠᠶᠠᠬᠤ ᠦᠭᠡᠢ       ᠡᠷᠭᠢᠨ ᠳᠡᠭᠡᠭᠦᠷ ᠡᠷᠭᠢᠯᠳᠦᠭᠡᠳ ᠪᠠᠶᠢᠳᠠᠭ       ᠡᠷᠪᠡᠬᠡᠢ ᠴᠤᠬᠤᠷ ᠮᠢᠨᠢ       ᠡᠯᠢᠭᠡ ᠵᠢᠷᠦᠬᠡ ᠶᠢ ᠮᠢᠨᠢ ᠡᠩᠰᠡᠯᠭᠡᠭᠡᠳ ᠪᠠᠶᠢᠳᠠᠭ       ᠡᠵᠢ ᠠᠪᠦ ᠬᠤᠶᠠᠷ ᠰᠢᠤ ᠬᠠᠳᠠᠨ ᠤ ᠪᠠᠨ ᠳᠡᠭᠡᠭᠦᠷ ᠬᠠᠷᠬᠢᠯᠠᠭᠠᠭᠠᠳ ᠪᠠᠶᠢᠳᠠᠭ ᠬᠠᠷᠴᠠᠭᠠᠢ ᠴᠤᠬᠤᠷ ᠮᠢᠨᠢ ᠬᠠᠮᠤᠭ ᠠᠴᠠ ᠢᠯᠡᠭᠦᠦ ᠪᠤᠳᠤᠭᠳᠠᠭᠠᠳ ᠪᠠᠶᠢᠳᠠᠭ ᠡᠵᠢ ᠠᠪᠤ ᠬᠤᠶᠠᠷ ᠰᠢᠤ       ᠬᠠᠳᠠᠨ ᠤ ᠪᠠᠨ ᠳᠡᠭᠡᠭᠦᠷ ᠬᠠᠷᠬᠢᠯᠠᠭᠠᠭᠠᠳ ᠪᠠᠶᠢᠳᠠᠭ       ᠬᠠᠯᠢᠭᠤᠬᠠᠢ ᠴᠤᠬᠤᠷ ᠮᠢᠨᠢ       ᠬᠠᠮᠤᠭ ᠠᠴᠠ ᠤᠷᠢᠳ ᠪᠤᠳᠤᠭᠳᠠᠭᠠᠳ ᠪᠠᠶᠢᠳᠠᠭ       ᠬᠠᠶᠢᠷᠠᠳᠤ ᠡᠵᠢ ᠠᠪᠤ ᠰᠢᠤ ᠮᠠᠩᠬᠠᠨ ᠤ ᠪᠠᠨ ᠳᠡᠭᠡᠭᠦᠷ ᠮᠠᠨᠠᠷᠠᠳᠠᠯ᠎ᠠ ᠵᠢᠷᠤᠭᠠᠯᠠᠳᠠᠭ ᠮᠠᠩᠨᠠᠢ ᠬᠠᠯᠵᠠᠨ ᠮᠤᠷᠢ ᠰᠢᠤ ᠮᠠᠨ ᠤ ᠳᠤᠳᠤᠷ᠎ᠠ ᠪᠤᠳᠤᠭᠳᠠᠭᠠᠳ ᠪᠠᠶᠢᠳᠠᠭ ᠡᠵᠢ ᠠᠪᠤ ᠬᠤᠶᠠᠷ ᠰᠢᠤ       ᠡᠩᠭᠡᠷ ᠤᠨ ᠬᠠᠪᠳᠠᠭ᠎ᠠ ᠬᠦᠬᠦᠤᠷ ᠳᠠᠯᠢᠩ       ᠭᠠᠷ ᠤᠨ ᠮᠢᠨᠢ ᠪᠡᠯᠡᠭ ᠰᠢᠤ       ᠡᠷᠬᠢᠬᠡᠳ ᠤᠷᠪᠠᠭᠠᠳ ᠢᠷᠡᠳᠡᠭ ᠨᠢ       ᠡᠵᠢ ᠠᠪᠤ ᠬᠤᠶᠠᠷ ᠰᠢᠤ ᠬᠤᠭᠤᠯᠠᠢ ᠪᠠᠨ ᠳᠠᠭᠠᠭᠠᠳ ᠪᠦᠮᠪᠦᠷᠢᠭᠦᠯᠦᠭᠡᠳ ᠢᠷᠡᠳᠡᠭ ᠬᠤᠨᠢᠨ ᠤ ᠮᠢᠨᠢ ᠰᠦᠷᠦᠭ ᠰᠢᠤ ᠬᠤᠯᠠ ᠵᠠᠮ ᠠᠴᠠ ᠬᠤᠩᠬᠢᠰ ᠭᠡᠳ ᠢᠷᠡᠳᠡᠭ ᠬᠤᠩᠭᠤᠷ ᠴᠢ ᠮᠢᠨᠢ ᠴᠢᠮᠡᠭ ᠰᠢᠣ       ᠬᠠᠷ᠎ᠠ ᠰᠢᠬᠢᠷ ᠬᠠᠶᠢᠷᠴᠠᠭ ᠪᠤᠭᠤᠷᠰᠤᠭ       ᠬᠠᠨᠴᠤᠢ ᠶᠢᠨ ᠢᠶᠠᠨ ᠦᠵᠦᠭᠦᠷ ᠲᠤ       ᠬᠠᠷᠠᠵᠤ ᠵᠠᠮᠵᠢᠵᠤ ᠵᠢᠷᠮᠡᠰᠬᠢᠬᠡᠳ ᠠᠪᠳᠠᠭ       ᠬᠦᠮᠦᠰᠭᠡᠨ ᠤ ᠵᠠᠪᠰᠠᠷ ᠲᠤ ᠠᠭᠳᠠ ᠪᠠᠨ ᠲᠠᠯᠪᠢᠭᠠᠳ ᠦᠵᠦᠭ ᠢᠶᠠᠨ ᠪᠠᠷᠢᠭᠠᠳ ᠰᠢᠤᠰᠠ ᠪᠠᠨ ᠪᠢᠴᠢᠯᠭᠦᠢ ᠳ᠋ᠤᠤ ᠠᠯᠢ ᠰᠠᠷ᠎ᠠ ᠶᠢᠨ ᠬᠡᠵᠢᠶ᠎ᠡ ᠪᠠᠷ ᠢᠷᠡᠬᠦ ᠪᠠᠨ ᠳᠡᠭᠡᠷ᠎ᠡ ᠨᠢ ᠪᠢᠴᠢᠯᠭᠦᠢ ᠳ᠋ᠤᠤ       ᠤᠷᠤᠭᠰᠢ ᠪᠠᠨ ᠬᠠᠨᠳᠤᠭᠠᠳ ᠤᠷᠤᠰᠤᠭᠠᠳ ᠪᠠᠶᠢᠳᠠᠭ       ᠤᠷᠳᠤ ᠭᠤᠤᠯ ᠤᠨ ᠤᠰᠤ ᠰᠢᠤ       ᠤᠭ ᠰᠠᠨᠠᠭᠠᠨ ᠠᠴᠠ ᠪᠠᠨ ᠰᠠᠨᠠᠭᠳᠠᠭᠠᠳ ᠪᠠᠶᠢᠳᠠᠭ       ᠲᠡᠷᠡ ᠴᠦ ᠭᠡᠴᠡᠭᠦᠤ ᠰᠢᠤ ᠵᠡᠭᠦᠨᠰᠢ ᠪᠠᠨ ᠬᠠᠨᠳᠤᠭᠠᠳ ᠤᠷᠤᠰᠤᠭᠠᠳ ᠪᠠᠶᠢᠳᠠᠭ ᠵᠡᠭᠦᠨ ᠭᠤᠤᠯ ᠤᠨ ᠤᠰᠤ ᠰᠢᠤ ᠵᠢᠷᠦᠬᠡᠨ ᠳᠤᠳᠤᠷ᠎ᠠ ᠪᠠᠨ ᠪᠤᠳᠤᠭᠳᠠᠭᠠᠳ ᠪᠠᠶᠢᠳᠠᠭ ᠲᠡᠷᠡ ᠴᠦ ᠬᠡᠴᠡᠭᠦᠦ ᠰᠢᠤ       ᠬᠠᠷ᠎ᠠ ᠴᠤᠬᠤᠷ ᠮᠤᠷᠢ ᠮᠢᠨᠢ       ᠬᠠᠳᠠᠨ ᠳᠡᠭᠡᠭᠦᠷ ᠬᠠᠳᠠᠷᠢᠯ᠎ᠠ       ᠬᠠᠶᠢᠷᠠᠳᠤ ᠨᠦᠬᠦᠷ ᠤᠨ ᠬᠤᠨᠢᠨ ᠪᠡᠯᠴᠢᠭᠡᠷ ᠢ       ᠡᠷᠬᠢᠬᠦ ᠪᠠᠷ ᠶᠠᠪᠤᠶ᠎ᠠ ᠳ᠋ᠤᠤ ᠬᠦᠷᠡᠩ ᠨᠤᠬᠠᠢ ᠵᠠᠭᠤᠳᠠᠭ ᠪᠤᠯᠪᠠᠴᠤ ᠬᠦᠷᠡᠯ ᠲᠡᠮᠦᠷ ᠤᠨ ᠬᠢᠨᠵᠢᠨ ᠳᠤ ᠬᠦᠮᠦᠨ ᠤ ᠦᠷ᠎ᠡ ᠭᠠᠩᠭᠤᠨ ᠪᠤᠯᠪᠠᠴᠤ ᠬᠤᠶᠠᠷ ᠰᠠᠷ᠎ᠠ ᠶᠢᠨ ᠢᠶᠠᠨ ᠰᠠᠭᠤᠳᠠᠯ ᠳᠤ       ᠠᠯᠠᠭ ᠨᠤᠬᠠᠢ ᠵᠠᠭᠤᠳᠠᠭ ᠪᠤᠯᠪᠠᠴᠤ       ᠠᠯᠠᠭ ᠲᠡᠮᠦᠷ ᠤᠨ ᠭᠢᠨᠵᠢᠨ ᠳᠤ       ᠠᠯᠠᠭ ᠨᠦᠬᠦᠷ ᠭᠠᠩᠭᠤᠨ ᠪᠤᠯᠪᠠᠴᠤ       ᠠᠷᠠᠯ ᠤᠨ ᠴᠧᠩ ᠳᠡᠭᠡᠷ᠎ᠡ ᠰᠠᠭᠤᠳᠠᠯ ᠲᠠᠢ ᠭᠠᠯᠵᠠᠭᠤ ᠰᠢᠷᠭ᠎ᠠ ᠮᠤᠷᠢ ᠴᠢᠨᠢ ᠭᠠᠵᠠᠷ ᠢ ᠶᠡᠭᠦᠯᠡᠳᠡᠭ ᠶᠤᠮ ᠭᠠᠩᠭᠤᠨ ᠬᠠᠶᠢᠷᠠᠳᠤ ᠨᠦᠬᠦᠷ ᠮᠢᠨᠢ ᠰᠡᠳᠬᠢᠯ ᠢ ᠶᠡᠭᠦᠯᠡᠳᠡᠭ ᠶᠤᠮ       ᠴᠡᠩᠬᠡᠷ ᠬᠦᠬᠡ ᠴᠠᠮᠴᠠ ᠴᠢᠨᠢ       ᠲᠡᠭᠷᠢ ᠶᠢᠨ ᠦᠩᠭᠡ ᠲᠠᠢ       ᠴᠡᠭᠡᠵᠢ ᠲᠦᠭᠦᠷᠡᠩ ᠦᠭᠡ ᠪᠠᠶᠢᠪᠠᠴᠤ       ᠬᠡᠨ ᠳᠡᠭᠡᠨ ᠬᠡᠯᠡᠬᠦ ᠶᠤᠮ ᠳ᠋ᠠ ᠠᠯᠳᠠ ᠬᠠᠳᠠᠭ ᠠᠮᠤᠭᠤᠯᠠᠩ ᠰᠢᠤᠰᠠ ᠠᠪᠦ ᠶᠢᠨ ᠮᠢᠨᠢ ᠪᠡᠯᠡᠭ ᠰᠢᠤ ᠠᠷᠳᠠᠢ ᠲᠤᠷᠭ᠎ᠠ ᠬᠦᠬᠦᠤᠷ ᠤᠨ ᠳᠡᠯᠢᠩ ᠠᠪᠦ ᠶᠢᠨ ᠦᠭᠬᠦᠭᠰᠡᠨ ᠱᠠᠩᠨᠠᠯ ᠰᠢᠤ       ᠠᠯᠠᠭ ᠮᠤᠷᠢᠨ ᠳᠠᠭᠠᠨ ᠡᠮᠡᠭᠡᠯ ᠢᠶᠠᠨ ᠳᠤᠬᠤᠭᠠᠳ       ᠠᠯᠤᠰ ᠬᠤᠯᠠ ᠳᠠᠭᠠᠨ ᠮᠤᠷᠳᠠᠶ᠎ᠠ ᠳ᠋ᠤᠤ       ᠠᠪᠤᠭᠰᠠᠨ ᠡᠮ᠎ᠡ ᠮᠢᠨᠢ ᠠᠰᠠᠭᠤᠭᠠᠳ ᠢᠷᠡᠪᠡᠯ       ᠠᠪᠤ ᠡᠵᠢ ᠳᠡᠭᠡᠨ ᠵᠤᠯᠭᠠᠶ᠎ᠠ ᠭᠡᠶ᠎ᠠ ᠳ᠋ᠤᠤ ᠬᠡᠬᠡᠷ ᠮᠤᠷᠢᠨ ᠳᠠᠭᠠᠨ ᠡᠮᠡᠭᠡᠯ ᠢᠶᠠᠨ ᠳᠤᠬᠤᠭᠠᠳ ᠬᠠᠮᠢᠭᠠᠰᠢ ᠪᠠᠨ ᠶᠠᠪᠤᠬᠤ ᠶᠤᠮ ᠳ᠋ᠤᠤ ᠬᠤᠶᠢᠳᠤ ᠲᠤᠯᠤᠭᠠᠢ ᠶᠢᠨ ᠬᠤᠨᠢᠨ ᠪᠠᠯᠴᠢᠭᠡᠷ ᠢᠶᠠᠨ ᠡᠷᠬᠢᠬᠦ ᠪᠠᠷ ᠶᠠᠪᠤᠶ᠎ᠠ ᠳ᠋ᠤᠤ       ᠳᠠᠭᠠᠨᠠᠳᠤ ᠲᠤᠯᠤᠭᠠᠢ ᠲᠠᠩᠰᠤᠭ ᠪᠤᠯᠠᠭ       ᠲᠠᠭᠠᠲᠠᠢ ᠪᠡᠯᠴᠢᠭᠡᠷ ᠰᠢᠤ       ᠲᠠᠪᠠ ᠲᠤᠷ᠎ᠠ ᠪᠠᠷ ᠰᠠᠭᠠᠳᠠᠭᠤᠯᠤᠭᠰᠠᠨ       ᠡᠵᠢ ᠠᠪᠤ ᠬᠤᠶᠠᠷ ᠰᠢᠤ᠃ ᠵᠡᠭᠦᠯᠳᠠ       ᠭᠡᠰᠢᠭᠳᠡᠯᠠᠢ ᠪᠤᠯ ᠦᠤᠰᠢᠨ ᠬᠤᠰᠢᠭᠤᠨ ᠤ ᠪᠢᠯᠵᠤᠤᠷ ᠭᠦᠩ ᠨᠤᠶᠠᠨ ᠤ ᠬᠤᠶᠠᠳᠤᠭᠠᠷ ᠳᠡᠬᠦᠤ᠃ ᠲᠡᠷᠡ ᠮᠠᠨᠵᠤ ᠴᠢᠩ ᠤᠨ ᠪᠦᠷᠢᠨᠳᠤ ᠵᠠᠰᠠᠭᠴᠢ ᠶᠢᠨ ᠦᠶ᠎ᠡ ᠳᠤ ᠲᠤᠰ ᠳᠠᠭᠤᠤ ᠶᠢ ᠵᠤᠬᠢᠶᠠᠪᠠ᠃ ᠡᠨᠡ ᠳᠠᠭᠤᠤ  ᠎ ᠶᠢ ᠤᠷᠳᠤᠰ ᠬᠦᠮᠦᠰ ᠤᠨ ᠠᠪᠤ ᠡᠵᠢ᠂  ᠠᠬᠠᠰᠢᠷᠠᠭ᠎ᠠ ᠨᠠᠰᠤᠳᠠᠳ ᠢᠶᠠᠨ ᠮᠦᠷᠦᠭᠡᠳᠦᠨ ᠰᠠᠨᠠᠭᠠᠯᠵᠠᠬᠤ᠂ ᠮᠠᠭᠳᠠᠨ ᠪᠢᠰᠢᠷᠡᠬᠦ᠂ ᠰᠦᠰᠦᠭᠯᠡᠨ ᠬᠦᠨᠳᠦᠳᠭᠡᠬᠦ ᠰᠡᠳᠬᠢᠯᠬᠡ ᠶᠢ ᠢᠯᠡᠳᠭᠡᠬᠦ ᠳᠤ ᠳᠠᠭᠤᠯᠠᠳᠠᠭ ᠵᠠᠩᠰᠢᠯ ᠲᠠᠢ᠃
ᠢᠷᠡᠯᠲᠡ᠄ ᠲᠣᠰ ᠰᠥᠯᠵᠢᠶ᠎ᠠ