ᠦᠭᠡᠷ ᠬᠤᠨᠢᠨ ᠤ ᠸᠢᠲ᠋ᠠᠮᠢᠨ A ᠲᠤᠳᠠᠭᠳᠠᠬᠤ ᠭᠡᠮ ᠢ ᠤᠨᠤᠰᠢᠯᠠᠨ ᠡᠮᠴᠢᠯᠡᠬᠦ
ᠨᠡᠶᠢᠲᠡᠯᠡᠭᠰᠡᠨ ᠴᠠᠭ᠄
2017/11/4
     ᠲᠤᠰ ᠡᠪᠡᠳᠴᠢᠨ ᠪᠤᠯ ᠮᠠᠯ ᠤᠨ ᠪᠠᠶ᠎ᠠ ᠲᠤᠳᠤᠷ᠎ᠠ ᠸᠢᠲ᠋ᠠᠮᠢᠨ A ᠪᠤᠶᠤ ᠸᠢᠲ᠋ᠠᠮᠢᠨ A᠎ ᠶᠢᠨ ᠡᠬᠢ ᠬᠦᠢᠴᠡᠳ ᠦᠭᠡᠢ ᠠᠴᠠ ᠪᠤᠯᠤᠭᠰᠠᠨ ᠨᠢᠭᠡ ᠵᠦᠢᠯ ᠤᠨ ᠪᠤᠳᠠᠰ ᠤᠨ ᠰᠤᠯᠢᠯᠴᠠᠭᠠᠨ ᠤ ᠡᠪᠡᠳᠴᠢᠨ ᠮᠦᠨ᠃ ᠡᠬᠦᠨ ᠳᠤ ᠦᠭᠡᠷ᠂ ᠤᠨᠴᠠᠭᠠᠢᠢᠯᠠᠨ ᠲᠤᠭᠤᠯ ᠳᠤ ᠤᠯᠠᠨᠳᠠ ᠲᠤᠬᠢᠶᠠᠯᠳᠤᠨ᠎ᠠ᠃      ᠨᠢᠭᠡ᠂ ᠡᠪᠡᠳᠴᠢᠨ ᠤ ᠰᠢᠯᠳᠠᠭᠠᠨ ᠭᠤᠤᠯᠳᠠᠭᠤ ᠸᠢᠲ᠋ᠠᠮᠢᠨ A ᠪᠤᠶᠤ ᠸᠢᠲ᠋ᠠᠮᠢᠨ A᠎ ᠶᠢᠨ ᠡᠬᠢ᠂ ᠬᠤᠯᠤᠤᠪᠠᠨᠭ᠌ ᠂ ᠡᠷᠳᠡᠨᠢ ᠰᠢᠰᠢ᠂ ᠯᠠᠩᠭᠤᠸᠠ᠂ ᠬᠦᠭᠡ ᠪᠤᠷᠳᠤᠭ᠎ᠠ ᠬᠦᠢᠴᠡᠳ ᠦᠭᠡᠢ ᠠᠴᠠ ᠪᠤᠯᠵᠠᠢ᠃      ᠬᠤᠶᠠᠷ᠂ ᠰᠢᠨᠵᠢ ᠲᠡᠮᠳᠡᠭ ᠡᠪᠡᠳᠴᠢᠨ ᠲᠠᠢ ᠦᠭᠡᠷ ᠦᠷᠬᠦᠯᠵᠢ ᠨᠢᠰᠤ ᠨᠢᠯᠪᠤᠰᠤ ᠭᠤᠭᠤᠵᠢᠭᠤᠯᠵᠤ᠂ ᠬᠠᠨᠢᠶᠠᠵᠤ᠂ ᠴᠢᠴᠠᠭ᠎ᠠ ᠠᠯᠳᠠᠨ᠂ ᠦᠰᠤᠯᠳᠡ ᠪᠤᠶᠢᠵᠢᠯᠳᠠ ᠨᠢ ᠤᠳᠠᠭᠠᠰᠢᠷᠠᠨ᠎ᠠ᠃ ᠤᠯᠠᠩᠭᠢ ᠨᠢ ᠲᠠᠬᠢᠶ᠎ᠠ ᠬᠠᠷᠠᠩ ᠪᠤᠯᠵᠤ᠂ ᠦᠷᠯᠦᠭᠡ ᠦᠳᠡᠰᠢ ᠡᠰᠡᠬᠦᠯ᠎ᠠ ᠰᠠᠷᠠᠨ ᠤ ᠭᠡᠷᠡᠯ ᠲᠤᠤᠷ᠎ᠠ ᠵᠤᠷᠢᠯᠭ᠎ᠠ ᠦᠭᠡᠢ ᠬᠦᠳᠡᠯᠭᠡᠭᠡᠨ ᠬᠢᠬᠦ ᠪᠤᠶᠤ ᠴᠢᠨᠠᠭᠰᠢᠯᠠᠪᠠᠯ ᠰᠠᠭᠠᠳ ᠪᠤᠳᠠᠰ ᠲᠠᠢ ᠮᠦᠷᠬᠦᠬᠦ ᠢᠯᠡᠷᠡᠯ ᠡᠬᠦᠰᠤᠨ᠎ᠡ᠃ ᠦᠰᠤ ᠨᠢ ᠪᠤᠷᠵᠠᠶᠢᠵᠤ᠂ ᠠᠷᠠᠰᠤ ᠨᠢ ᠪᠤᠭᠤᠳᠠᠢ ᠶᠢᠨ ᠠᠭ᠎ᠠ ᠰᠢᠬ ᠬᠤᠭᠵᠢᠷᠠᠤ ᠡᠬᠦᠰᠴᠤ᠂ ᠨᠢᠳᠤᠨ ᠤ ᠡᠪᠡᠷᠯᠢᠭ ᠪᠦᠷᠬᠦᠬᠦᠯ ᠨᠢ ᠪᠤᠯᠠᠩᠭᠢᠷᠳᠤᠨ᠎ᠠ᠃ ᠭᠡᠭᠡᠯ ᠎ ᠲᠠᠢ ᠦᠨᠢᠶ᠎ᠠ ᠦᠷᠬᠦᠯᠵᠢ ᠭᠡᠭᠡᠯ ᠬᠠᠶᠠᠬᠤ ᠪᠤᠶᠤ ᠬᠠᠭ ᠰᠠᠭᠠᠳᠠᠨ᠎ᠠ᠃ ᠲᠤᠭᠤᠯᠯᠠᠭᠰᠠᠨ ᠲᠤᠭᠤᠯ ᠤᠨ ᠵᠠᠷᠢᠮ ᠨᠢ ᠦᠬᠦᠵᠤ ᠮᠡᠳᠡᠨ᠎ᠠ᠃ ᠤᠯᠠᠩᠭᠢ ᠨᠢ ᠲᠤᠷᠤᠢ ᠲᠤᠭᠤᠯ ᠪᠤᠯᠵᠤ᠂ ᠨᠢᠳᠤᠨ ᠬᠠᠷᠠᠭ᠎ᠠ ᠨᠢ ᠮᠠᠭᠤᠳᠠᠬᠤ ᠪᠤᠶᠤ ᠨᠢᠳᠤ ᠨᠢ ᠰᠤᠬᠤᠷᠠᠨ᠎ᠠ᠃ ᠬᠠᠶᠠ ᠵᠠᠷᠢᠮ ᠨᠢ ᠪᠠᠰᠠ ᠠᠭᠠᠵᠢᠮ ᠢᠶᠠᠷ ᠲᠠᠬᠢᠶ᠎ᠠ ᠬᠠᠷᠠᠩ ᠪᠤᠯᠬᠤ ᠪᠦᠭᠡᠳ ᠬᠦᠰᠢᠯᠳᠡ ᠶᠢᠨ ᠴᠢᠨᠠᠷᠳᠠᠢ ᠲᠠᠳᠠᠩᠨᠠᠯ ᠪᠤᠯᠳᠠᠭ᠃ ᠪᠤᠬ᠎ᠠ ᠶᠢᠨ ᠦᠷ᠎ᠠ ᠶᠢᠨ ᠠᠮᠢᠵᠢᠷᠠᠯ ᠤᠨ ᠬᠦᠴᠤᠨ ᠎ ᠨᠢ ᠲᠤᠷᠤᠭᠰᠢᠯᠠᠬᠤ ᠪᠦᠭᠡᠳ ᠲᠦᠮᠤᠰᠤ ᠨᠢ ᠬᠠᠳᠠᠩᠬᠢᠷᠠᠨ᠎ᠠ᠃      ᠭᠤᠷᠪᠠ᠂ ᠤᠨᠤᠰᠢᠯᠠᠬᠤ ᠭᠤᠤᠯᠳᠠᠭᠤ ᠰᠢᠨᠵᠢ ᠲᠡᠮᠳᠡᠭ ᠪᠠ ᠡᠪᠡᠳᠴᠢᠨ ᠤ ᠲᠡᠤᠭᠡ ᠶᠢ ᠦᠨᠳᠤᠰᠤᠯᠠᠨ ᠤᠨᠤᠰᠢᠯᠠᠨ᠎ᠠ᠃ ᠴᠢᠬᠤᠯᠠ ᠲᠠᠢ ᠦᠶᠡᠰ ᠲᠡᠵᠢᠭᠡᠯ ᠪᠤᠷᠳᠤᠭᠠᠨ ᠤ ᠪᠦᠷᠢᠯᠳᠤᠬᠦᠨ ᠢ ᠪᠠᠶᠢᠴᠠᠭᠠᠵᠤ ᠪᠤᠯᠤᠨ᠎ᠠ᠃      ᠲᠦᠷᠪᠡ᠂ ᠡᠮᠴᠢᠯᠡᠭᠡ      1᠂ ᠸᠢᠲ᠋ᠠᠮᠢᠨ A᠎ ᠶᠢᠨ ᠲᠠᠷᠢᠯᠭ᠎ᠠ ᠶᠢᠨ ᠠᠭᠤᠰᠤᠮᠠᠯ ᠢ ᠪᠦᠳᠤᠬᠦᠨ ᠦᠭᠡᠷ ᠲᠤ 5 10 ml᠂ ᠲᠤᠭᠤᠯ ᠪᠠ ᠬᠤᠨᠢ ᠢᠮᠠᠭ᠎ᠠ ᠳᠤ 2 3 ml ᠪᠤᠯᠴᠢᠩ ᠳᠤ ᠨᠢ ᠲᠠᠷᠢᠨ᠎ᠠ᠃ ᠭᠡᠬᠦ ᠳᠤ ᠡᠳᠤᠷ ᠪᠦᠷᠢ 1 2 ᠤᠳᠠᠭ᠎ᠠ᠂ ᠲᠠᠷᠠᠭᠠᠯᠠᠨ ᠭᠡᠳᠤᠨ ᠡᠳᠤᠷ ᠲᠠᠷᠢᠨ᠎ᠠ᠃ ᠡᠬᠦᠨ ᠤ ᠬᠠᠮᠳᠤ ᠸᠢᠲ᠋ᠠᠮᠢᠨ A᠎ ᠶᠢ ᠡᠯᠪᠡᠭ ᠠᠭᠤᠯᠤᠭᠰᠠᠨ ᠲᠡᠵᠢᠭᠡᠯ ᠲᠤᠬᠠᠢᠢᠯᠠᠪᠠᠯ ᠬᠤᠯᠤᠤᠪᠠᠨᠭ᠌᠂ ᠡᠷᠳᠡᠨᠢ ᠰᠢᠰᠢ᠂ ᠯᠠᠩᠭᠤᠸᠠ᠂ ᠬᠦᠭᠡ ᠪᠤᠷᠳᠤᠭ᠎ᠠ ᠵᠡᠷᠭᠡ ᠶᠢ ᠬᠦᠢᠴᠡᠳ ᠬᠠᠨᠭ᠍ᠭᠠᠨ᠎ᠠ᠃       2᠂ 30 ᠬᠤᠪᠢ ᠯᠠᠩᠭᠤᠸᠠ᠂ 20 ᠬᠤᠪᠢ ᠬᠤᠯᠤᠤᠪᠠᠨᠭ᠌᠂ 1 ᠬᠤᠪᠢ ᠴᠠᠢ ᠠᠪᠴᠤ ᠨᠦᠳᠤᠵᠤ ᠨᠢᠴᠠᠯᠤᠭᠠᠳ ᠤᠳᠠᠭ᠎ᠠ ᠪᠦᠷᠢ ᠪᠦᠳᠤᠬᠦᠨ ᠦᠭᠡᠷ ᠲᠤ 500 1000 ᠭᠷᠡᠮ᠂ ᠲᠤᠭᠤᠯ ᠪᠠ ᠬᠤᠨᠢ ᠢᠮᠠᠭ᠎ᠠ ᠳᠤ 200 300 ᠭᠷᠡᠮ ᠢ ᠲᠡᠵᠢᠭᠡᠯ ᠳᠤ ᠨᠢ ᠬᠤᠯᠢᠵᠤ ᠢᠳᠡᠬᠦᠯᠦᠨ᠎ᠠ᠃       3᠂ 150 ᠭᠷᠡᠮ ᠬᠤᠯᠤᠤᠪᠠᠨᠭ᠌᠂ 120 ᠭᠷᠡᠮ ᠭᠤᠭᠤᠳ ᠢ ᠲᠤᠭᠤᠯ ᠪᠠ ᠬᠤᠨᠢ ᠢᠮᠠᠭ᠎ᠠ ᠳᠤ 1 ᠤᠳᠠᠭ᠎ᠠ ᠎ ᠳᠤ ᠲᠡᠵᠢᠭᠡᠯ ᠳᠤ ᠨᠢ ᠬᠤᠯᠢᠵᠤ ᠢᠳᠡᠬᠦᠯᠤᠨ᠎ᠠ᠂ ᠦᠭᠡᠷ ᠲᠤ 5 ᠲᠠᠬᠢᠨ ᠢᠶᠠᠷ ᠤᠯᠭᠤᠨ᠎ᠠ᠃       4᠂ 1 2 ᠯᠠᠩ ᠠᠮᠢᠳᠠᠨ ᠤ ᠡᠯᠢᠭᠡ ︵ᠬᠤᠨᠢ᠂ ᠢᠮᠠᠭ᠎ᠠ᠂ ᠲᠠᠬᠢᠶ᠎ᠠ᠂ ᠲᠠᠤᠯᠠᠢ᠂ ᠭᠠᠭ᠋ᠠᠢ ᠶᠢᠨ ᠬᠢ ᠪᠤᠯ ᠰᠠᠶᠢᠨ︶᠂ 1 2 ᠲᠠᠬᠢᠶᠠᠨ ᠦᠨᠳᠡᠭᠡ ᠶᠢ ᠨᠦᠳᠤᠵᠤ ᠨᠢᠴᠠᠯᠤᠭᠠᠳ ᠲᠤᠭᠤᠯ ᠪᠠ ᠬᠤᠨᠢ ᠢᠮᠠᠭ᠎ᠠ ᠳᠤ 1 ᠤᠳᠠᠭ᠎ᠠ ᠎ ᠳᠤ ᠲᠡᠵᠢᠭᠡᠯ ᠳᠤ ᠨᠢ ᠬᠤᠯᠢᠵᠤ ᠢᠳᠡᠬᠦᠯᠤᠨ᠎ᠠ᠂ ᠦᠭᠡᠷ ᠲᠤ 5 7 ᠲᠠᠬᠢᠨ ᠢᠶᠠᠷ ᠤᠯᠭᠤᠨ᠎ᠠ᠃
 
ᠢᠷᠡᠯᠲᠡ᠄ ᠤᠷᠳᠤᠰ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号