ᠤᠷᠳᠤᠰ ᠠᠷᠠᠳ ᠤᠨ ᠳᠠᠭᠤᠤ —— ᠡᠭᠦᠯᠡᠨᠬᠤᠸᠠᠷ
ᠨᠡᠶᠢᠲᠡᠯᠡᠭᠰᠡᠨ ᠴᠠᠭ᠄
2017/11/4
ᠡᠭᠦᠯᠡᠨ ᠦᠭᠡᠢ ᠰᠠᠷᠠ ᠨᠢ ᠡᠳᠤᠷ ᠠᠴᠠ ᠪᠠᠨ ᠲᠤᠩᠭᠠᠯᠠᠭ ᠡᠭᠦᠯᠡᠨᠬᠤᠸᠠᠷ ᠤᠨ ᠤᠬᠠᠭ᠎ᠠ ᠨᠢ ᠤᠰᠤᠨ ᠠᠴᠠ ᠪᠠᠨ ᠲᠤᠩᠭᠠᠯᠠᠭ       ᠵᠠᠩᠭᠤᠳᠤ ᠨᠠᠭᠤᠷ ᠤᠨ ᠬᠤᠯᠤᠰᠤ ᠶᠢ       ᠲᠠᠷᠢᠭᠰᠠᠨ ᠪᠢᠰᠢ ᠤᠷᠭᠤᠭᠰᠠᠨ ᠶᠤᠮ       ᠵᠢᠭᠠᠬᠠᠨ ᠪᠠᠭ᠎ᠠ ᠶᠢᠨ ᠡᠭᠦᠯᠡᠨᠬᠤᠸᠠᠷ       ᠵᠢᠷᠤᠭᠰᠠᠨ ᠪᠢᠰᠢ ᠲᠦᠷᠦᠭᠰᠡᠨ ᠶᠤᠮ᠃ ᠮᠠᠩᠬᠠᠨ ᠠᠷᠤ ᠶᠢᠨ ᠬᠤᠯᠤᠰᠤ ᠶᠢ ᠲᠠᠷᠢᠭᠰᠠᠨ ᠪᠢᠰᠢ ᠤᠷᠭᠤᠭᠰᠠᠨ ᠶᠤᠮ ᠮᠠᠨ ᠤ ᠡᠨᠡ ᠡᠭᠦᠯᠡᠨᠬᠤᠸᠠᠷ ᠢ ᠵᠢᠷᠤᠭᠰᠠᠨ ᠪᠢᠰᠢ ᠲᠦᠷᠦᠭᠰᠠᠨ ᠶᠤᠮ       ᠠᠷᠪᠠᠨ ᠲᠡᠪᠤᠳ ‍ᠣᠨ‌‍ᠰᠠᠷᠠ ᠨᠢ       ᠠᠰᠤᠷᠢ ᠲᠡᠭᠷᠢ ᠳᠤ  ᠳ᠋ᠧᠩᠯᠤᠬᠠᠢ       ᠠᠷᠪᠠᠨ ᠲᠤᠯᠤᠭᠠᠲᠠᠢ ᠡᠭᠦᠯᠡᠨᠬᠤᠸᠠᠷ       ᠰᠠᠶᠢᠳ ᠨᠤᠶᠠᠳ ᠲᠠᠭᠠᠨ ᠳ᠋ᠧᠩᠯᠤᠬᠠᠢ᠃ ᠠᠷᠪᠠᠨ ᠲᠠᠪᠤᠨ ᠤ ᠰᠠᠷᠠ ᠨᠢ ᠠᠭᠠᠷ ᠲᠡᠭᠷᠢ ᠳᠡᠭᠡᠨ ᠳ᠋ᠧᠩᠯᠤ ᠰᠢᠤ ᠠᠷᠪᠠᠨ ᠨᠠᠢᠮᠠᠲᠠᠢ ᠡᠭᠦᠯᠡᠨᠬᠤᠸᠠᠷ ᠠᠶᠢᠮᠠᠭ ᠳᠤᠮᠳᠠ ᠪᠠᠨ ᠳ᠋ᠧᠩᠯᠤ ᠰᠢᠤ᠃       ᠬᠤᠷᠢᠨ ᠲᠠᠪᠤᠳ ᠤᠨ ᠰᠠᠷᠠ ᠨᠢ       ᠬᠤᠷᠮᠤᠰᠳᠠ ᠲᠡᠭᠷᠢ ᠳ᠋ᠡᠭᠡᠨ‌‍ᠳ᠋ᠧᠩᠯᠤᠬᠠᠢ᠂       ᠬᠤᠷᠢᠨ ᠳᠤᠯᠤᠭᠠᠲᠠᠢ ᠡᠭᠦᠯᠡᠨᠬᠤᠸᠠᠷ       ᠰᠠᠶᠢᠳ ᠨᠤᠶᠠᠳ ᠲᠠᠭᠠᠨ‌‍ᠳ᠋ᠧᠩᠯᠤᠬᠠᠢ᠃ ᠠᠷᠢᠭᠤᠨ ᠲᠡᠭᠷᠢ ᠶᠢᠨ ᠤᠳᠤᠨ ᠨᠢ ᠠᠭᠠᠷ ᠲᠡᠭᠷᠢ ᠳᠡᠭᠡᠨ ᠳ᠋ᠧᠩᠯᠤ ᠰᠢᠤ ᠠᠷᠪᠠᠨ ᠨᠠᠢᠮᠠᠲᠠᠢ ᠡᠭᠦᠯᠡᠨᠬᠤᠸᠠᠷ ᠠᠪᠤ ᠡᠵᠢ ᠳᠡᠭᠡᠨ ᠳ᠋ᠧᠩᠯᠤ ᠰᠢᠤ᠃       ᠤᠷᠳᠤ ᠭᠠᠳᠠᠰᠤᠨ ᠳᠡᠭᠡᠷ᠎ᠡ ᠤᠶᠠᠭᠰᠠᠨ       ᠤᠶᠠᠬᠠᠨ ᠰᠢᠷᠭ᠎ᠠ ᠬᠡᠨ ᠤ ᠪᠤᠢ︖       ᠤᠷᠳᠤ ᠲᠠᠯ᠎ᠠ ᠪᠠᠷ ᠰᠠᠭᠤᠭᠰᠠᠨ       ᠦᠩᠭᠡᠲᠠᠢ ᠪᠦᠰᠡᠭᠦᠢ ᠲᠡᠷᠠ ᠬᠡᠨ ᠪᠤᠢ︖ ᠪᠠᠷᠠᠭᠤᠨ ᠤᠶᠠᠭᠠᠨ ᠳᠡᠭᠡᠷ᠎ᠡ ᠤᠶᠠᠭᠰᠠᠨ ᠪᠠᠳᠠᠭᠠᠷ ᠬᠡᠬᠡᠷ ᠬᠡᠨ ᠤ ᠪᠤᠢ︖ ᠪᠠᠷᠠᠭᠤᠨ ᠲᠠᠯ᠎ᠠ ᠪᠠᠷ ᠰᠠᠭᠤᠭᠰᠠᠨ ᠪᠠᠭ᠎ᠠ ᠰᠢᠭ᠋ ᠬᠠᠷ᠎ᠠ ᠬᠦᠮᠦᠨ ᠲᠡᠷᠡ ᠬᠡᠨ ᠪᠤᠢ︖       ᠬᠤᠶᠢᠳᠤ ᠤᠶᠠᠭᠠᠨ ᠳᠡᠭᠡᠷ᠎ᠡ ᠤᠶᠠᠭᠰᠠᠨ       ᠬᠤᠸᠠ ᠰᠢᠷᠭ᠎ᠠ ᠬᠡᠨ ᠤ ᠪᠤᠢ︖       ᠬᠤᠶᠢᠳᠤ ᠲᠠᠯ᠎ᠠ ᠪᠠᠷ ᠰᠠᠭᠤᠭᠰᠠᠨ       ᠬᠤᠩᠬᠢᠯᠳᠠᠭ ᠬᠠᠷ᠎ᠠ ᠬᠦᠮᠦᠨ ᠲᠡᠷᠡ ᠬᠡᠨ ᠪᠤᠢ︖ ᠵᠡᠭᠦᠨ ᠭᠠᠳᠠᠰᠤᠨ ᠳᠡᠭᠡᠷ᠎ᠡ ᠤᠶᠠᠭᠰᠠᠨ ᠵᠢᠰᠤᠨ ᠵᠡᠭᠡᠷᠳᠡ ︵ᠯᠠ︶ ᠬᠡᠨ ᠤ ᠪᠤᠢ︖ ᠵᠡᠭᠦᠨ ᠬᠤᠶᠢᠮᠤᠷ ᠨᠢ ᠰᠠᠭᠤᠭᠰᠠᠨ ᠵᠢᠰᠦᠷᠬᠡᠭ ᠪᠦᠰᠡᠭᠦᠢ ᠲᠡᠷᠡ ᠬᠡᠨ ᠪᠤᠢ︖       ᠬᠠᠨᠴᠤᠢ ᠶᠢᠨ ᠦᠵᠦᠭᠦᠷ ᠬᠤᠷᠭᠤᠢ ᠬᠤᠸᠠᠷ       ᠬᠠᠷᠠᠬᠤ ᠨᠢᠳᠤ ᠨᠢ ᠯᠤᠨᠳᠤᠨ ᠬᠤᠸᠠᠷ       ᠬᠠᠷᠢ ᠶᠢᠨ ᠪᠠᠭ᠎ᠠ ᠶᠢᠨ ᠡᠭᠦᠯᠡᠨᠬᠤᠸᠠᠷ       ᠬᠤᠶᠢᠨ᠎ᠠ ᠠᠴᠠ ᠤᠷᠤᠭᠰᠢ ᠪᠠᠨ ᠭᠠᠷᠤᠯ᠎ᠠ᠃ ᠬᠤᠶᠢᠳᠤ ᠬᠤᠷᠮᠤᠢ ᠨᠢ ᠬᠤᠷᠭᠤᠢ ᠬᠤᠸᠠᠷ ᠬᠤᠶᠠᠷ ᠨᠢᠳᠤ ᠨᠢ ᠯᠤᠨᠳᠤᠨ ᠬᠤᠸᠠᠷ ᠬᠤᠷᠢᠨ ᠲᠠᠪᠤᠲᠠᠢ ᠡᠭᠦᠯᠡᠨᠬᠤᠸᠠᠷ ᠬᠤᠶᠢᠨ᠎ᠠ ᠠᠴᠠ ᠤᠷᠤᠭᠰᠢ ᠪᠠᠨ ᠦᠩᠭᠡᠷᠡᠯ᠎ᠡ᠃       ᠬᠤᠭᠤᠯᠠᠢ ᠴᠠᠶᠢᠳᠠᠮ ᠤᠨ ᠬᠤᠩᠬᠢᠰ ᠰᠠᠯᠬᠢᠨ       ᠬᠤᠨᠢᠨ ᠤ ᠬᠤᠶᠢᠨ᠎ᠠ ᠠᠴᠠ ᠵᠢᠩᠬᠢᠰ ᠭᠡᠨ᠎ᠡ       ᠬᠤᠷᠢᠨ ᠲᠠᠪᠤᠲᠠᠢ ᠡᠭᠦᠯᠡᠨᠬᠤᠸᠠᠷ       ᠬᠤᠶᠢᠨ᠎ᠠ ᠠᠴᠠ ᠤᠷᠤᠭᠰᠢ ᠪᠠᠨ ᠭᠠᠷᠤᠯ᠎ᠠ᠃ ᠨᠠᠷᠠ ᠭᠡᠭᠴᠢ ᠲᠦᠭᠦᠷᠢᠭ ᠶᠤᠮ ᠨᠠᠢᠮᠠᠨ ᠲᠢᠪ ᠲᠡᠭᠡᠨ ᠳ᠋ᠧᠩᠯᠤ ᠰᠢᠤ ᠨᠠᠰᠤ ᠪᠠᠭ᠎ᠠ ᠶᠢᠨ ᠡᠭᠦᠯᠡᠨᠬᠤᠸᠠᠷ ᠨᠠᠢᠮᠠᠨ ᠬᠤᠰᠢᠭᠤᠨ ᠳᠠᠭᠠᠨ ᠳ᠋ᠧᠩᠯᠤ ᠰᠢᠤ᠃       ᠰᠠᠷᠠ ᠭᠡᠭᠴᠢ ᠲᠦᠭᠦᠷᠢᠭ ᠶᠤᠮ       ᠽᠠᠮᠪᠤᠲ᠋ᠢᠪ ᠤᠨ ᠳ᠋ᠧᠩᠯᠤ ᠰᠢᠤ       ᠰᠠᠷᠠᠭᠤᠯᠬᠠᠨ ᠲᠦᠷᠦᠭᠰᠡᠨ ᠡᠭᠦᠯᠡᠨᠬᠤᠸᠠᠷ       ᠰᠠᠳᠤᠨ ᠲᠦᠷᠦᠯ ᠳᠡᠭᠡᠨ ᠳ᠋ᠧᠩᠯᠤ ᠰᠢᠤ᠃ ᠰᠠᠷᠠ ᠶᠢ ᠲᠤᠭᠤᠷᠢᠭᠰᠠᠨ ᠤᠳᠤᠳ ᠨᠢ ᠰᠠᠷᠠᠭᠤᠯ ᠲᠡᠭᠷᠢ ᠶᠢᠨ ᠴᠢᠮᠡᠭ ᠰᠢᠣ ᠰᠠᠶᠢᠬᠠᠨ ᠲᠦᠷᠦᠭᠰᠡᠨ ᠡᠭᠦᠯᠡᠨᠬᠤᠸᠠᠷ ᠰᠠᠳᠤᠨ ᠲᠦᠷᠦᠯ ᠤᠨ ᠴᠢᠮᠡᠭ ᠰᠢᠤ᠃       ᠠᠷᠪᠠᠨ ᠲᠠᠪᠤᠨ ᠤ ᠰᠠᠷᠠ ᠨᠢ       ᠠᠭᠠᠷ ᠲᠡᠭᠷᠢ ᠳᠡᠭᠡᠨ ᠲᠤᠩᠭᠠᠯᠠᠭ       ᠠᠷᠪᠠᠨ ᠲᠠᠪᠤᠲᠠᠢ ᠡᠭᠦᠯᠡᠨᠬᠤᠸᠠᠷ       ᠠᠶᠢᠮᠠᠭ ᠳᠤᠮᠳᠠ ᠪᠠᠨ ᠲᠤᠩᠭᠠᠯᠠᠭ᠃ ᠦᠷᠯᠢᠭ ᠭᠡᠭᠴᠢ ᠦᠩᠭᠡ ᠨᠢ ᠢᠯᠢᠪᠡᠴᠤ ᠵᠠᠩ ᠢᠶᠠᠷ ᠢᠶᠠᠨ ᠡᠭᠦᠯᠡᠨᠬᠤᠸᠠᠷ ᠤᠨ ᠰᠠᠨᠠᠭ᠎ᠠ ᠨᠢ ᠦᠳᠡᠯᠪᠠᠴᠤ ᠵᠠᠩ ᠢᠶᠠᠷ ᠢᠶᠠᠨ᠃       ᠵᠡᠭᠦᠤ ᠭᠡᠭᠴᠢ ᠶᠢᠨ ᠦᠵᠦᠭᠦᠷ ᠨᠢ       ᠵᠤᠵᠠᠭᠠᠨ ᠤᠯᠠ ᠶᠢ ᠨᠡᠪᠳᠠᠯᠳᠡᠭ       ᠵᠢᠰᠤ ᠰᠠᠶᠢᠲᠠᠢ ᠡᠭᠦᠯᠡᠨᠬᠤᠸᠠᠷ       ᠵᠡᠭᠦᠳᠤᠨ ᠠᠴᠠ ᠶᠡᠷᠤ ᠳᠡᠭᠡᠨ ᠭᠠᠷᠬᠤ ᠦᠭᠡᠢ ᠪᠠᠶᠢᠨ᠎ᠠ᠃ ᠬᠡᠬᠡᠷ ᠮᠤᠷᠢ ᠴᠢᠨᠢ ᠬᠦᠯᠦᠰᠦᠲᠠᠢ ᠪᠠᠶᠢᠨ᠎ᠠ ᠬᠡᠵᠢᠶ᠎ᠡ ᠬᠠᠮᠢᠭᠠᠭᠤᠷ ᠭᠠᠷᠤᠭᠠᠳ ᠢᠷᠡᠪᠡ ᠤᠤ ᠳ᠋ᠤᠤ︖ ᠬᠡᠯᠡᠭᠰᠡᠨ ᠦᠭᠡ ᠴᠢᠨᠢ ᠬᠡᠭᠵᠡᠭᠦᠨ ᠪᠠᠶᠢᠨ᠎ᠠ ᠬᠡᠨ ᠤ ᠪᠠᠨ ᠦᠭᠡᠨ ᠳᠤ ᠤᠷᠤᠪᠠ ᠤᠤ ᠳ᠋ᠤᠤ︖       ᠪᠠᠳᠠᠭᠠᠷ ᠬᠡᠬᠡᠷ ᠴᠢᠨᠢ ᠬᠦᠯᠦᠰᠦᠲᠠᠢ ᠪᠠᠶᠢᠨ᠎ᠠ       ᠪᠠᠷᠠᠭᠤᠨ ᠰᠢᠯᠢ ᠪᠠᠷ ᠢᠶᠠᠨ ᠲᠤᠭᠤᠷᠢᠪᠠ ᠤᠤ ᠳ᠋ᠤᠤ︖       ᠪᠠᠶᠢᠳᠠᠯ ᠶᠠᠩᠵᠤ ᠴᠢᠨᠢ ᠤᠨᠳᠤᠤ ᠪᠠᠶᠢᠨ᠎ᠠ       ᠪᠠᠰᠠ ᠯᠠ ᠤᠴᠢᠷᠲᠠᠢ ᠪᠤᠯᠤᠯ᠎ᠠ ᠪᠠ︖ ᠬᠠᠳᠠᠳᠤ ᠶᠢᠨ ᠦᠨᠳᠤᠷ ᠠᠭᠤᠯᠠ ᠨᠢ ᠬᠠᠩᠭᠠᠢ ᠳᠡᠯᠡᠬᠡᠢ ᠳᠡᠭᠡᠨ ᠦᠵᠡᠰᠬᠦᠯᠡᠩ ᠬᠠᠷᠠᠬᠠᠨ ᠪᠠᠭ᠎ᠠ ᠶᠢᠨ ᠡᠭᠦᠯᠡᠨᠬᠤᠸᠠᠷ ᠬᠠᠮᠤᠭ ᠲᠦᠮᠡᠨ ᠳᠡᠭᠡᠨ ᠦᠵᠡᠰᠬᠦᠯᠡᠩ᠃       ᠬᠠᠷ᠎ᠠ ᠮᠤᠷᠢ ᠴᠢᠨᠢ ᠬᠠᠵᠠᠭᠠᠷ ᠲᠠᠢ ᠪᠠᠶᠢᠨ᠎ᠠ       ᠬᠠᠮᠢᠭᠠᠭᠤᠷ ᠤᠨᠤᠭᠠᠳ ᠢᠷᠡᠪᠡ ᠤᠤ ᠳ᠋ᠤᠤ       ᠬᠠᠷᠠᠬᠤ ᠨᠢᠳᠤ ᠴᠢᠨᠢ ᠬᠤᠷᠴᠠ ᠪᠠᠶᠢᠨ᠎ᠠ       ᠬᠡᠨ ᠲᠠᠢ ᠬᠡᠯᠡᠯᠴᠠᠭᠡᠳ ᠢᠷᠡᠪᠡ ᠤᠤ ᠳ᠋ᠤᠤ︖ ᠶᠤᠩᠬᠤᠷ ᠭᠡᠭᠴᠢ ᠤᠳᠠᠰᠤ ᠨᠢ ᠶᠠᠭᠤᠨᠲᠠᠢ ᠭᠡᠴᠡᠭᠦᠦ ᠪᠦᠬᠡ ᠪᠤᠢ︖ ᠡᠭᠦᠯᠡᠨᠬᠤᠸᠠᠷ ᠤᠨ ᠤᠬᠠᠭᠠᠨ ᠨᠢ ᠶᠠᠭᠤᠲᠠᠢ ᠬᠡᠴᠡᠭᠦᠦ ᠮᠡᠷᠭᠡᠨ ᠪᠤᠢ︖       ᠲᠤᠷᠭ᠎ᠠ ᠭᠡᠭᠴᠢ ᠶᠢᠨ ᠦᠩᠭᠡ ᠨᠢ       ᠶᠠᠭᠤᠲᠠᠢ ᠰᠠᠶᠢᠬᠠᠨ ᠬᠤᠸᠠᠷᠲᠠᠢ ᠪᠤᠢ︖       ᠡᠭᠦᠯᠡᠨᠬᠤᠸᠠᠷ ᠤᠨ ᠤᠬᠠᠭᠠᠨ ᠨᠢ       ᠶᠠᠭᠤᠲᠠᠢ ᠰᠠᠶᠢᠬᠠᠨ ᠬᠤᠷᠳᠤᠨ ᠪᠤᠢ  ︖ ᠲᠡᠬᠦᠯᠢᠭᠡᠳ ᠪᠠᠶᠢᠭᠰᠠᠨ ᠭᠠᠯᠠᠭᠤᠬᠠᠢ ᠳᠡᠭᠡᠭᠦᠷ ᠨᠢᠰᠦᠭᠡᠳ ᠦᠩᠭᠡᠷᠡᠯ᠎ᠡ ᠲᠡᠩᠰᠡᠯᠭᠡᠭᠰᠡᠨ ᠡᠭᠦᠯᠡᠨᠬᠤᠸᠠᠷ ᠬᠤᠶᠢᠨ᠎ᠠ ᠠᠴᠠ ᠤᠷᠤᠭᠰᠢ ᠪᠠᠨ ᠦᠩᠭᠡᠷᠡᠯ᠎ᠠ᠃       ᠮᠢᠩᠭᠠᠨ ᠯᠠᠩ ᠭᠡᠭᠴᠢ ᠦᠷᠳᠡᠭ ᠪᠠᠶᠢᠨ᠎ᠠ       ᠮᠢᠨᠳᠠᠰᠤ ᠭᠡᠭᠴᠢ ᠶᠤᠩᠬᠤᠷ ᠪᠠᠶᠢᠨ᠎ᠠ       ᠮᠢᠩᠭᠠᠨ ᠯᠠᠩ ᠤᠨ ᠡᠭᠦᠯᠡᠨᠬᠤᠸᠠᠷ ᠨᠢ       ᠮᠢᠷᠠᠰᠤ ᠠᠭᠤᠯᠠ ᠶᠢᠨ ᠠᠷᠤ ᠳᠤ ᠪᠠᠶᠢᠨ᠎ᠠ᠃ ᠲᠠᠮᠤᠭᠰᠠᠨ ᠳᠡᠭᠡᠰᠦ ᠶᠢ ᠵᠠᠯᠭᠠᠮᠠᠨ ᠲᠡᠭᠷᠢ ᠲᠤᠯᠬᠤ ᠨᠢ ᠪᠡᠷᠬᠡ ᠪᠠᠶᠢᠨ᠎ᠠ ᠲᠦᠮᠡᠨ ᠠᠬ᠎ᠠ ᠳᠡᠭᠦᠦ ᠤᠯᠠᠨ ᠪᠤᠯᠪᠠᠴᠤ ᠲᠦᠰᠢᠯᠭᠡ ᠪᠤᠯᠬᠤ ᠨᠢ ᠪᠡᠷᠬᠡ ᠪᠠᠶᠢᠨ᠎ᠠ᠃       ᠤᠯᠤᠰᠤᠨ ᠳᠡᠭᠡᠰᠤ ᠶᠢ ᠵᠠᠯᠭᠠᠮᠠᠨ       ᠤᠭᠲᠠᠷᠭᠤᠢ ᠲᠤᠯᠬᠤ ᠨᠢ ᠪᠡᠷᠬᠡ ᠪᠠᠶᠢᠨ᠎ᠠ       ᠡᠵᠢ ᠶᠢᠨ ᠲᠦᠷᠦᠯ ᠤᠯᠠᠨ ᠪᠤᠯᠪᠠᠴᠤ       ᠲᠦᠰᠢᠯᠭᠡ ᠪᠤᠯᠬᠤ ᠨᠢ ᠪᠡᠷᠬᠡ ᠪᠠᠶᠢᠨ᠎ᠠ᠃ ᠬᠤᠷᠮᠤᠢ ᠶᠢᠨ ᠦᠵᠦᠭᠦᠷ ᠨᠢ ᠬᠤᠷᠭᠤᠢ ᠬᠤᠸᠠᠷ ᠬᠠᠨᠴᠤᠢ ᠶᠢᠨ ᠦᠵᠦᠭᠦᠷ ᠨᠢ ᠬᠠᠯᠢᠭᠤᠨ ᠬᠤᠸᠠᠷ ᠬᠤᠷᠢᠨ ᠭᠤᠷᠪᠠᠲᠠᠢ ᠡᠭᠦᠯᠡᠨᠬᠤᠸᠠᠷ ᠬᠤᠶᠠᠷ ᠨᠢᠳᠤ ᠨᠢ ᠯᠤᠨᠳᠤᠨ ᠬᠤᠸᠠᠷ᠃             ᠵᠡᠭᠦᠯᠳᠠ       ᠡᠭᠦᠯᠡᠨᠬᠤᠸᠠᠷ ᠪᠤᠯ ᠦᠤᠰᠢᠨ ᠬᠤᠰᠢᠭᠤᠨ ᠤ ᠤᠯᠠᠭᠠᠨᠳᠤᠯᠤᠭᠠᠢ ᠶᠢᠨ ᠰᠢᠪᠠᠷ ᠤᠨ ᠬᠦᠮᠦᠨ ᠪᠦᠭᠡᠳ ᠡᠭᠡᠴᠢ ᠳᠡᠭᠦᠤ ᠬᠤᠶᠠᠭᠤᠯᠠ ᠪᠠᠨ ᠪᠦᠷ ᠨᠤᠶᠠᠨ ᠤ ᠬᠠᠳᠤᠨ ᠪᠠᠶᠢᠵᠠᠢ᠃ ᠡᠭᠦᠯᠠᠨᠬᠤᠸᠠᠷ ᠢ ᠨᠢᠭᠡᠨ ᠭᠦᠩ ᠨᠤᠶᠠᠨ ᠪᠠᠭ᠎ᠠ ᠬᠠᠳᠤᠨ ᠢᠶᠠᠨ ᠪᠤᠯᠭᠠᠨ ᠪᠠᠭᠤᠯᠭᠠᠨ ᠠᠪᠤᠭᠰᠠᠨ ᠤ ᠳᠠᠷᠠᠭ᠎ᠠ ᠬᠦᠯ ᠬᠦᠨᠳᠤ ᠪᠤᠯᠵᠠᠢ᠃ ᠭᠡᠪᠡᠴᠤ ᠳᠡᠮᠡᠢ ᠤᠳᠠᠯ ᠦᠭᠡᠢ ᠬᠦᠩ ᠨᠤᠶᠠᠨ ᠨᠠᠰᠤ ᠪᠠᠷᠠᠭᠰᠠᠨ ᠠᠴᠠ ᠠᠪᠢᠰᠤᠨ ᠬᠠᠳᠤᠨ ᠨᠢ ᠬᠠᠷᠬᠢᠰ ᠬᠡᠷᠴᠡᠭᠡᠢ ᠬᠦᠮᠦᠨ ᠪᠠᠶᠢᠵᠤ᠂ ᠡᠭᠦᠯᠡᠨᠬᠤᠸᠠᠷ ᠢ ᠬᠦᠩᠭᠡᠵᠢᠬᠦ ᠶᠢᠨ ᠲᠡᠷᠡ ᠵᠠᠭᠤᠷ᠎ᠠ ᠠᠯᠪᠠᠳᠠᠯᠭ᠎ᠠ ᠪᠠᠷ ᠪᠤᠰᠬᠠᠵᠤ ᠬᠠᠨᠠᠨ ᠲᠤᠯᠤᠭᠠᠢ ᠪᠠᠷᠢᠭᠤᠯᠤᠨ ᠵᠤᠭᠰᠤᠭᠠᠭᠠᠳ ᠬᠡᠤᠬᠡᠳ ︵ᠬᠦᠤ ᠪᠠᠶᠢᠭᠰᠠᠨ ᠭᠡᠨ᠎ᠠ︶᠎ ᠨᠢ ᠳᠡᠭᠡᠷ᠎ᠡ ᠠᠴᠠ ᠤᠨᠠᠬᠤ ᠎ ᠳᠠᠭᠠᠨ ᠦᠬᠦᠵᠡᠢ᠃ ᠡᠭᠦᠨ ᠠᠴᠠ ᠪᠤᠯᠵᠤ ᠡᠭᠦᠯᠡᠨᠬᠤᠸᠠᠷ ᠴᠦ ᠳᠡᠮᠡᠢ ᠤᠳᠠᠯ ᠦᠭᠡᠢ ᠨᠠᠰᠤ ᠪᠠᠷᠠᠭᠰᠠᠨ᠎ᠠ ᠡᠭᠡᠴᠢ ᠨᠢ ᠤᠭ ᠤᠴᠢᠷ ᠢ ᠤᠯᠵᠤ ᠮᠡᠳᠡᠭᠡᠳ ︽ᠡᠭᠦᠯᠡᠨᠬᠤᠸᠠᠷ︾ ᠭᠡᠬᠦ ᠳᠠᠭᠤᠤ ᠵᠤᠬᠢᠶᠠᠨ ᠳᠠᠭᠤᠯᠠᠵᠤ ᠳᠠᠷᠬᠠᠭᠠᠭᠰᠠᠨ ᠭᠡᠳᠡᠭ᠃
ᠢᠷᠡᠯᠲᠡ᠄ ᠲᠣᠰ ᠰᠥᠯᠵᠢᠶ᠎ᠠ