ᠪᠠᠷᠠᠭᠤᠨᠰᠢ ᠪᠠᠨ ᠬᠠᠨᠳᠤᠭᠰᠠᠨ ᠬᠠᠪᠢᠷᠭ᠎ᠠ ᠳᠡᠭᠡᠷ᠎ᠡ | ᠪᠠᠨᠴᠢᠨ ᠰᠦᠮ᠎ᠡ ᠰᠢᠤ | ᠪᠠᠭ᠎ᠠ ᠶᠢᠨ ᠵᠢᠭᠠᠬᠠᠨ ᠲᠠᠨᠽᠠᠨ ᠴᠢᠨᠢ | ᠪᠠᠭᠰᠢ ᠶᠢᠨ ᠢᠶᠠᠨ ᠮᠡᠳᠡᠯ ᠳᠤ᠃ | ᠤᠷᠤᠭᠰᠢ ᠪᠠᠨ ᠬᠠᠨᠳᠤᠭᠰᠠᠨ ᠬᠠᠪᠢᠷᠭ᠎ᠠ ᠳᠡᠭᠡᠷ᠎ᠡ | ᠦᠨᠳᠤᠷ ᠶᠡᠭᠡ ᠪᠠᠶᠢᠰᠢᠩ ᠪᠠᠶᠢᠨ᠎ᠠ | ᠦᠢᠯᠡ ᠶᠢᠨ ᠦᠷ᠎ᠡ ᠲᠠᠨᠽᠠᠨ ᠬᠤᠸᠠᠷᠠᠭ | ᠤᠬᠢᠯᠠᠬᠤ ᠠᠴᠠ ᠠᠷᠭ᠎ᠠ ᠦᠭᠡᠢ | ᠦᠢᠮᠡᠯᠵᠡᠭᠰᠡᠨ ᠡᠭᠦᠯᠡᠨ ᠠᠴᠠ ᠪᠠᠨ | ᠦᠰᠭᠡᠨ ᠬᠤᠷ᠎ᠠ ᠰᠢᠤ | ᠦᠢᠯᠡᠷ ᠲᠠᠢ ᠪᠠᠨ ᠪᠤᠳᠤᠬᠤᠯ᠎ᠠ | ᠨᠢᠯᠪᠤᠰᠤ ᠮᠢᠨᠢ ᠮᠡᠯᠮᠡᠷᠡᠨᠠ᠃ | ᠳᠤᠯᠤᠭᠠᠨ ᠳᠠᠰᠤᠯᠭ᠎ᠠ ᠪᠠᠶᠢᠰᠢᠩ ᠴᠢᠨᠢ | ᠳᠤᠭᠠᠩ ᠰᠢᠭ᠋ ᠯᠠ ᠪᠠᠶᠢᠨ᠎ᠠ | ᠳᠤᠭᠤᠢ ᠨᠤᠮᠤᠬᠠᠨ ᠴᠤᠩᠬᠢᠯ ᠴᠢᠨᠢ | ᠲᠤᠤᠷᠠᠳᠠᠬᠤ ᠶᠤᠮ ᠪᠠᠶᠢᠨ᠎ᠠ᠃ | ᠭᠤᠴᠢᠨ ᠭᠤᠷᠪᠠᠨ ᠨᠠᠰᠤᠨ ᠳᠡᠭᠡᠷ᠎ᠡ ᠪᠠᠨ | ᠬᠤᠪᠢ ᠲᠡᠭᠦᠰ ᠪᠠᠶᠢᠨ᠎ᠠ | ᠬᠤᠪᠢᠨ ᠤ ᠠᠴᠢ ᠬᠠᠷᠠᠬᠦᠤ ᠲᠠᠢ | ᠶᠠᠭᠤᠨ ᠤ ᠢᠯᠭᠠᠯ ᠪᠤᠢ᠃ | ᠤᠳᠠᠢ ᠪᠡᠭᠡᠵᠢᠩ ᠬᠤᠶᠠᠷ ᠭᠡᠭᠴᠢ | ᠠᠭᠤᠵᠢᠮ ᠬᠤᠯᠠ ᠪᠠᠶᠢᠨ᠎ᠠ | ᠤᠭ᠍ᠶᠦ ᠱᠢᠷᠤ ᠤᠨᠳᠤᠨᠠᠨ ᠬᠦᠬᠦᠤᠷ ᠢ | ᠠᠪᠤᠭᠠᠳ ᠢᠷᠡᠯᠬᠦᠢ ᠳ᠋ᠤᠤ᠃ | ᠬᠤᠶᠢᠳᠤᠨ ᠵᠢᠯ ᠤᠨ ᠴᠠᠭᠠᠨ ᠰᠠᠷ᠎ᠠ | ᠠᠭᠤᠵᠢᠮ ᠪᠠᠶᠢᠨ᠎ᠠ ᠳ᠋ᠤᠤ | ᠠᠶ᠎ᠠ ᠬᠢᠷᠢ ᠶᠢ ᠨᠢ ᠦᠵᠡᠵᠤ ᠪᠠᠶᠢᠭᠠᠳ | ᠢᠷᠡᠶ᠎ᠠ ᠭᠡᠰᠡᠨ ᠶᠤᠮ᠃ | ᠴᠢ ᠮᠢᠨᠢ ᠤᠳᠤ ᠶᠠᠪᠤᠭᠠᠳ | ᠬᠡᠵᠢᠶ᠎ᠡ ᠯᠠ ᠢᠷᠡᠬᠦ ᠶᠤᠮ ᠳ᠋ᠠ | ᠴᠢᠯᠦᠭᠡ ᠯᠠ ᠪᠤᠯᠤᠭᠠᠳ ᠵᠠᠪ ᠯᠠ ᠭᠠᠷᠪᠠᠯ | ᠬᠦᠷᠦᠭᠡᠳ ᠢᠷᠡᠬᠦᠢ ᠳ᠋ᠠ | ᠬᠤᠯᠠ ᠪᠠᠨ ᠤᠨᠤᠭᠠᠳ ᠬᠤᠨᠳᠤᠯᠠᠢ ᠶᠢᠨ ᠰᠢᠯᠢ ᠪᠠᠷ | ᠭᠠᠷᠤᠭᠠᠳ ᠶᠠᠪᠤᠯ᠎ᠠ ᠳ᠋ᠠ | ᠬᠤᠶᠢᠳᠤᠨ ᠵᠢᠯ ᠤᠨ ᠴᠠᠭᠠᠨ ᠰᠠᠷ᠎ᠠ ᠶᠢᠨ | ᠠᠷᠪᠠᠨ ᠲᠠᠪᠤᠨ ᠳᠤ ᠯᠠ ᠰᠢᠤ | ᠬᠤᠩᠭᠤᠷ ᠴᠢ ᠮᠢᠨᠢ ᠤᠳᠤ ᠶᠠᠪᠤᠭᠠᠳ | ᠬᠡᠵᠢᠶ᠎ᠡ ᠢᠷᠡᠬᠦ ᠶᠤᠮ ᠳ᠋ᠤᠤ | ᠬᠤᠶᠢᠳᠤᠨ ᠵᠢᠯ ᠤᠨ ᠴᠠᠭᠠᠨ ᠰᠠᠷ᠎ᠠ ᠶᠢᠨ | ᠠᠷᠪᠠᠨ ᠳᠠᠪᠤ ᠳᠤ᠃ | ᠠᠷᠪᠠᠨ ᠲᠠᠪᠤᠨ ᠤ ᠪᠤᠯᠵᠤᠭ᠎ᠠ ᠭᠡᠭᠴᠢ | ᠠᠯᠤᠰ ᠬᠤᠯᠠ ᠯᠠ ᠪᠠᠶᠢᠨ᠎ᠠ | ᠠᠵᠠ ᠳᠠᠭᠠᠷᠠᠭᠠᠳ ᠠᠮᠵᠢᠪᠠᠯ | ᠬᠦᠷᠦᠭᠡᠳ ᠢᠷᠡᠯᠭᠦᠢ ᠳ᠋ᠠ | ᠠᠷᠪᠠ ᠬᠤᠨᠤᠭ ᠤᠨ ᠪᠤᠯᠵᠤᠭ᠎ᠠ ᠭᠡᠭᠴᠢ | ᠠᠷᠠᠢ ᠤᠳᠠᠭᠠᠨ ᠯᠠ ᠪᠠᠶᠢᠨ᠎ᠠ | ᠠᠷᠪᠠᠨ ᠰᠠᠷ᠎ᠠ ᠶᠢᠨ ᠰᠢᠨ᠎ᠠ ᠶᠢᠨ ᠨᠠᠢᠮᠠᠨ ᠤ | ᠴᠠᠮ ᠢᠶᠠᠷ ᠢᠷᠡᠯᠬᠦᠢ ᠳ᠋ᠠ | ᠬᠤᠸᠠ ︵ᠴᠦ︶ ᠮᠠᠨᠠᠨ ᠳᠠᠳᠠᠪᠠᠯ | ᠬᠤᠷ᠎ᠠ ᠪᠤᠷᠤᠭᠠᠨ ᠪᠠᠭᠤᠨ᠎ᠠ | ᠬᠤᠵᠢᠮ ᠬᠤᠶᠢᠨ᠎ᠠ ᠪᠠᠨ ᠪᠤᠳᠤᠪᠠᠯ | ᠨᠢᠯᠪᠤᠰᠤ ᠮᠡᠯᠮᠡᠷᠡᠨᠠ᠃ | ᠬᠤᠩᠭᠢᠰ ᠬᠢᠬᠦ ᠬᠤᠩᠭᠤᠷ ᠰᠠᠯᠬᠢᠨ | ᠬᠤᠶᠢᠨ᠎ᠠ ᠵᠦᠭ ᠠᠴᠠ ᠪᠠᠶᠢᠨ᠎ᠠ | ᠬᠤᠷᠮᠤᠢ ᠶᠢᠨ ᠦᠵᠤᠭᠦᠷ ᠲᠠᠷᠪᠠᠰ ᠭᠡᠪᠡᠯ | ᠬᠤᠩᠭᠤᠷ ᠬᠤᠶᠠᠭᠤᠯᠠ ᠪᠠᠨ᠃ | ᠬᠤᠸᠠᠷᠠᠭ ᠪᠠᠭ᠎ᠠ ᠶᠢᠨ ᠲᠠᠨᠽᠠᠨ ᠴᠢᠨᠢ | ᠬᠠᠭᠤᠴᠢᠨ ᠱᠠᠩ ᠳᠡᠭᠡᠷ᠎ᠡ ᠪᠠᠶᠢᠨ᠎ᠠ | ᠬᠤᠪᠢ ᠢᠷᠦᠭᠡᠯ ᠪᠠᠶᠢᠭᠰᠠᠨ ᠬᠤᠶᠢᠨ᠎ᠠ | ᠬᠤᠶᠠᠭᠤᠯᠠ ᠪᠠᠨ ᠵᠤᠯᠭᠠᠯᠭᠦᠢ ᠳ᠋ᠠ | ᠬᠤᠸᠠᠷᠠᠭ ᠲᠠᠨᠽᠠᠨ ᠤ ᠬᠠᠭᠤᠴᠢᠨ ᠨᠤᠳᠤᠭ | ᠬᠠᠭᠤᠴᠢᠨ ᠰᠢᠪᠠᠷ ᠲᠤ | ᠬᠤᠪᠢ ᠲᠡᠭᠷᠢ ᠮᠡᠳᠡ ᠭᠡᠳ | ᠨᠠᠶᠢᠯᠡᠭᠡᠳ ᠰᠠᠭᠤᠶ᠎ᠠ ᠳ᠋ᠤᠤ᠃ | ᠬᠦᠭᠰᠢᠨ ᠨᠦᠬᠦᠷ ᠤᠳᠪᠠᠯᠠ ᠴᠢᠨᠢ | ᠬᠦᠰᠡᠯᠡᠩ ᠲᠠᠢ ᠯᠠ ᠪᠠᠶᠢᠨ᠎ᠠ | ᠬᠦᠭᠰᠢᠨ ᠪᠤᠭᠤᠷᠤᠯ ᠡᠵᠢ ᠲᠠᠢ ᠴᠢᠨᠢ | ᠶᠠᠭᠤᠨ ᠤ ᠢᠯᠭᠠᠯ ᠪᠤᠢ᠃ | ᠵᠢᠷᠠ ᠭᠠᠷᠤᠭᠰᠠᠨ ᠤᠳᠪᠠᠯᠠ ᠴᠢᠨᠢ | ᠵᠠᠪᠡᠷ ᠮᠠᠭᠤᠳᠠᠢ ᠪᠠᠶᠢᠨ᠎ᠠ | ᠵᠢᠷᠪᠠᠭᠯᠠᠭᠤᠯᠤᠭᠰᠠᠨ ᠲᠠᠨᠽᠠᠨ ᠮᠠᠮᠠ ᠶᠢᠨ | ᠵᠠᠶᠠᠭ᠎ᠠ ᠨᠢ ᠲᠡᠷᠡ ᠯᠠ ᠪᠡ ᠳ᠋ᠠ᠃ | ᠪᠠᠶᠠᠨᠳᠠᠯᠠᠢ ᠶᠢ ᠳᠠᠭᠤᠯᠠᠯ᠎ᠠ ᠭᠡᠵᠤ | ᠪᠠᠷᠪᠠᠭᠯᠠᠮᠠᠨᠵᠢᠨ | ᠪᠠᠶᠢᠳᠠᠭ ᠤᠯᠤᠰ ᠳᠠᠭᠤᠯᠠᠭᠠᠳ ᠪᠠᠶᠢᠬᠤ ᠶᠢ | ᠲᠡᠭᠦᠨ ᠢ ᠶᠠᠭᠠᠬᠢᠬᠤ ᠶᠤᠮ ᠳ᠋ᠠ | ᠮᠠᠩᠯᠠᠶᠢᠵᠢᠷᠭᠠᠯ ᠢ ᠳᠠᠭᠤᠯᠠᠯ᠎ᠠ ᠭᠡᠵᠤ | ᠮᠠᠷᠮᠠᠭᠯᠠᠮᠠᠨᠵᠢᠨ | ᠮᠠᠯ ᠳᠠᠭᠠᠨ ᠶᠠᠪᠤᠭᠠᠳ ᠲᠠᠭᠤᠯᠠᠭᠠᠳ ᠪᠠᠶᠢᠬᠤ ᠶᠢ | ᠳᠡᠭᠦᠨ ᠢ ᠶᠠᠭᠠᠬᠢᠬᠤ ᠶᠤᠮ ᠳ᠋ᠠ | ᠤᠯᠵᠠᠲᠠᠢ ᠬᠦᠦ ᠶᠢ ᠳᠠᠭᠤᠯᠠᠯ᠎ᠠ ᠭᠡᠵᠤ | ᠤᠷᠮᠤᠭᠯᠠᠮᠠᠨᠵᠢᠨ | ᠤᠯᠠᠨ ᠳᠠᠶᠠᠭᠠᠷ ᠳᠠᠭᠤᠯᠠᠭᠠᠳ ᠪᠠᠶᠢᠬᠤ ᠶᠢ | ᠲᠡᠭᠦᠨ ᠢ ᠶᠠᠭᠠᠬᠢᠬᠤ ᠶᠤᠮ ᠳ᠋ᠠ | ᠳᠠᠯᠠᠢ ᠳᠠᠶᠢᠵᠢ ᠶᠢ ᠳᠠᠭᠤᠯᠠᠯ᠎ᠠ ᠭᠡᠵᠤ | ᠳᠠᠷᠪᠠᠭᠯᠠᠮᠠᠨᠵᠢᠨ | ᠳᠠᠶᠠᠭᠠᠷ ᠲᠦᠮᠡᠨ ᠳᠠᠭᠤᠯᠠᠵᠤ ᠪᠠᠶᠢᠨ᠎ᠠ ᠰᠢᠤ | ᠲᠡᠭᠦᠨ ᠢ ᠶᠠᠭᠠᠬᠢᠬᠤ ᠶᠤᠮ ᠳ᠋ᠤᠤ᠃ | ᠲᠦᠮᠡᠨ ᠲᠠᠶᠢᠵᠢ ᠶᠢ ᠳᠠᠭᠤᠯᠠᠨ᠎ᠠ ᠭᠡᠵᠤ | ᠳᠦᠨᠳᠦᠭᠯᠡᠯᠡ ᠭᠡᠨ᠎ᠠ | ᠲᠦᠮᠡᠨ ᠳᠠᠭᠤᠯᠠᠭᠠᠳ ᠪᠠᠶᠢᠬᠤ ᠶᠢ | ᠲᠡᠭᠦᠨ ᠢ ᠶᠠᠭᠠᠬᠢᠬᠤ ᠶᠤᠮ ᠳ᠋ᠠ᠃ | ᠠᠷᠪᠠᠨ ᠨᠠᠢᠮᠠᠨ ᠨᠠᠰᠤ ᠭᠡᠭᠴᠢ | ᠠᠯᠢᠶ᠎ᠠ ᠳᠡᠭᠡᠷ᠎ᠡ ᠪᠠᠨ ᠪᠠᠶᠢᠨ᠎ᠠ | ᠠᠯᠢᠨ ᠨᠢ ᠴᠦ ᠬᠤᠭᠤᠰᠤᠷᠠᠬᠤ ᠳᠤ | ᠲᠡᠨᠳᠡ ᠨᠢ ᠮᠡᠳᠡᠯᠭᠦᠢ ᠳ᠋ᠠ᠃ | ᠪᠠᠭ᠎ᠠ ᠵᠢᠭᠠᠬᠠᠨ ᠲᠠᠨᠽᠠᠨ ᠴᠢᠨᠢ | ᠪᠠᠷᠠᠭᠤᠨ ᠱᠠᠩ ᠳᠡᠭᠡᠷ᠎ᠡ ᠶᠠ | ᠪᠠᠰᠠ ᠳᠠᠬᠢᠭᠠᠳ ᠵᠤᠯᠭᠠᠶ᠎ᠠ ︵ᠭᠦᠨ︶ | ᠪᠠᠭᠰᠢ ᠶᠢᠨ ᠢᠶᠠᠨ ᠮᠠᠳᠡᠯ ᠳᠤ᠃ | ᠬᠤᠸᠠᠷᠠᠭ ᠵᠢᠭᠠᠬᠠᠨ ᠲᠠᠨᠽᠠᠨ ᠴᠢᠨᠢ | ᠬᠠᠭᠤᠴᠢᠨ ᠱᠠᠩ ᠳᠡᠭᠡᠷ᠎ᠡ ᠶᠠ | ᠬᠤᠷᠳᠤᠨ ᠲᠠᠬᠢᠭᠠᠳ ᠵᠤᠯᠭᠠᠶ᠎ᠠ ︵ᠭᠦᠨ︶ | ᠭᠠᠵᠠᠷ ᠤᠨ ᠬᠤᠯᠠ ᠳᠤ ᠪᠠᠶᠢᠨ᠎ᠠ᠃ | ᠬᠦᠢᠳᠡᠨ ᠪᠤᠯᠠᠭ ᠤᠨ ᠤᠰᠤ ᠨᠢ | ᠬᠦᠨᠳᠡᠢ ᠯᠦᠭᠡ ᠪᠠᠨ ᠮᠡᠯᠮᠡᠷᠡᠨᠠ | ᠬᠦᠭᠡᠷᠦᠬᠦᠢ ᠬᠤᠪᠢᠳᠤ ᠤᠳᠪᠠᠯᠠ ᠴᠢᠨᠢ | ᠨᠢᠯᠪᠤᠰᠤ ᠨᠢ ᠮᠡᠯᠮᠡᠷᠠᠨᠠ᠃ | | | ᠵᠡᠭᠦᠯᠳᠠ | ᠡᠨᠡ ᠳᠠᠭᠤᠤ ᠪᠤᠯ ᠶᠡᠭᠡ ᠪᠤᠳᠤᠩ᠂ ᠪᠠᠭ᠎ᠠ ᠪᠤᠳᠤᠩ᠂ ᠴᠢᠪᠠᠭ᠎ᠠ ᠶᠢᠨ ᠰᠢᠯᠢ᠂ ᠪᠠᠨᠴᠢᠨ ᠰᠦᠮ᠎ᠡ ᠵᠡᠷᠭᠡ ᠭᠠᠵᠠᠷ ᠢ ᠵᠠᠬ᠎ᠠ ᠶᠢᠨ ᠠᠷᠠᠯᠵᠢᠶᠠᠴᠢᠨ᠂ ᠭᠠᠵᠠᠷ | ᠤᠨ ᠡᠵᠡᠳ᠂ ᠪᠠᠶᠠᠨ ᠲᠠᠷᠢᠶᠠᠴᠢᠨ ᠳᠤ ᠬᠤᠳᠠᠯᠳᠣᠵᠤ ᠦᠭᠬᠦ ᠠᠴᠠ ᠡᠮᠦᠨ᠎ᠡ ︵1880-1900 ︶ ᠵᠤᠬᠢᠶᠠᠪᠠ᠃ ᠭᠠᠵᠠᠷ ᠢ ᠬᠤᠳᠠᠯᠳᠤᠭᠰᠠᠨ ᠠᠴᠠ ᠪᠤᠯᠵᠤ | ᠪᠠᠨᠴᠢᠨ ᠰᠦᠮ᠎ᠡ ᠶᠢ ᠭᠠᠯᠠᠭᠤᠳᠤ ᠰᠤᠮᠤᠨ ᠳᠤ ᠨᠡᠭᠦᠯᠭᠡᠪᠡ᠃ | |