ᠤᠷᠳᠤᠰ ᠠᠷᠠᠳ ᠤᠨ ᠳᠠᠭᠤᠤ —  ᠴᠠᠶᠢᠳᠠᠮ ᠳᠤᠮᠳᠠ ᠪᠠᠨ ᠶᠠᠪᠤᠬᠤ ᠳᠤ
ᠨᠡᠶᠢᠲᠡᠯᠡᠭᠰᠡᠨ ᠴᠠᠭ᠄
2017/11/5
ᠴᠠᠶᠢᠳᠠᠮ ᠳᠤᠮᠳᠠ ᠪᠠᠨ ᠶᠠᠪᠤᠬᠤ ᠳᠤ ᠴᠠᠷᠬᠢ ᠰᠢᠪᠠᠭᠤᠨ ᠤ ᠦᠨᠳᠡᠭᠡ ᠴᠠᠭᠠᠰᠢ ᠪᠠᠨ ᠬᠠᠨᠳᠤᠵᠤ ᠢᠷᠡᠭᠡᠳ ᠶᠠᠪᠤᠬᠤᠯᠠᠷᠠᠨ ᠴᠢᠷᠠᠢ ᠲᠦᠭᠦᠷᠡᠩ ᠨᠢᠯᠪᠤᠰᠤ᠃       ᠨᠠᠭᠤᠷ ᠤᠨ ᠵᠠᠬ᠎ᠠ ᠪᠠᠷ ᠶᠠᠪᠤᠬᠤ ᠳᠤ       ᠨᠤᠭᠤᠰᠤ ᠰᠢᠪᠠᠭᠤᠨ ᠤ ᠦᠨᠳᠡᠭᠡ       ᠨᠢᠭᠤᠭᠠᠳ ᠴᠠᠭᠠᠰᠢ ᠪᠠᠨ ᠶᠠᠪᠤᠬᠤᠯ᠎ᠠ       ᠨᠢᠳᠤ ᠳᠦᠭᠦᠷᠡᠩ ᠨᠢᠯᠪᠤᠰᠤ᠃ ᠡᠷᠬᠢᠨ ᠳᠤᠮᠳᠠ ᠪᠠᠨ ᠶᠠᠪᠤᠬᠤ ᠳᠤ ᠡᠯᠢᠶ᠎ᠠ ᠰᠢᠪᠠᠭᠤᠨ ᠤ ᠦᠨᠳᠡᠭᠡ ᠡᠷᠬᠢᠵᠤ ᠴᠠᠭᠠᠰᠢ ᠪᠠᠨ ᠶᠠᠪᠤᠬᠤᠯ᠎ᠠ ᠡᠩᠭᠡᠷ ᠳᠦᠭᠦᠷᠡᠩ ᠨᠢᠯᠪᠤᠰᠤ᠃       ᠬᠤᠭᠤᠯᠠᠢ ᠳᠤᠮᠳᠠ ᠪᠠᠨ ᠶᠠᠪᠤᠬᠤ ᠳᠤ       ᠬᠤᠨᠢᠩᠬᠠᠢ ᠪᠢᠯᠵᠤᠤᠬᠠᠢ ᠶᠢᠨ ᠦᠨᠳᠡᠭᠡ       ᠬᠤᠶᠢᠰᠢ ᠬᠠᠨᠳᠤᠭᠠᠳ ᠶᠠᠪᠤᠬᠤᠯᠠᠨᠵᠢᠨ       ᠬᠤᠷᠮᠤᠢ ᠲᠦᠭᠦᠷᠡᠩ ᠨᠢᠯᠪᠤᠰᠤ᠃ ᠬᠠᠳᠠᠨ ᠲᠤᠮᠳᠠ ᠪᠠᠨ ᠶᠠᠪᠤᠬᠤ ᠳᠤ ᠬᠠᠷᠴᠠᠭᠠᠢ ᠰᠢᠪᠠᠭᠤᠨ ᠤ ᠦᠨᠳᠡᠭᠡ ᠬᠠᠷᠢᠵᠤ ᠪᠤᠴᠠᠭᠠᠳ ᠶᠠᠪᠤᠬᠤᠯ᠎ᠠ ᠬᠠᠨᠴᠤᠢ ᠲᠦᠬᠦᠷᠡᠩ ᠨᠢᠯᠪᠤᠰᠤ᠃       ᠲᠡᠷᠡᠰᠤᠨ ᠲᠡᠭᠡᠬᠦᠷ ᠶᠠᠪᠤᠬᠤ ᠳᠤ       ᠲᠦᠷᠡᠢ ᠠᠴᠠ ᠲᠡᠭᠡᠬᠦᠷ ᠰᠠᠬᠰᠤᠷᠭ᠎ᠠ       ᠲᠡᠩᠰᠡᠯᠭᠡᠭᠰᠡᠨ ᠨᠦᠬᠦᠷ ᠲᠠᠢ ᠪᠠᠨ       ᠲᠡᠭᠡᠷ᠎ᠡ ᠨᠠᠷᠠ ᠲᠠᠢ ᠵᠤᠯᠭᠠᠶ᠎ᠠ ᠳ᠋ᠤᠤ᠃ ᠰᠠᠶᠢᠨ ᠮᠤᠷᠢ ᠪᠠᠨ ᠤᠨᠤᠪᠠᠯ ᠰᠠᠩᠮᠠᠢ ᠶᠢᠨ ᠦᠵᠤᠬᠦᠷ ᠰᠠᠬᠰᠠᠯᠵᠠᠨ᠎ᠠ ᠰᠠᠶᠢᠨ ᠬᠦᠮᠤᠨ ᠲᠠᠢ ᠬᠠᠨᠢᠯᠠᠪᠠᠯ ᠰᠠᠨᠠᠭ᠎ᠠ ᠰᠡᠳᠬᠢᠯ ᠮᠢᠨᠢ ᠠᠮᠤᠷᠬᠠᠨ᠃       ᠵᠦᠯᠭᠡᠨ ᠲᠤᠮᠳᠠ ᠪᠠᠨ ᠶᠠᠪᠤᠬᠤ ᠳᠤ       ᠵᠦᠢᠯ ᠤᠨ ᠰᠢᠪᠠᠭᠤᠨ ᠤ ᠦᠨᠳᠡᠭᠡ       ᠵᠡᠬᠦᠨᠰᠢ ᠪᠠᠨ ᠬᠠᠨᠳᠤᠭᠠᠳ ᠶᠠᠪᠤᠬᠤᠯ᠎ᠠ       ᠵᠢᠷᠤᠭᠡ ᠮᠢᠨᠢ ᠰᠢᠮᠰᠢᠷᠡᠨ᠎ᠡ᠃ ᠪᠠᠯᠠᠷ ᠲᠤᠮᠳᠠ ᠪᠠᠨ ᠶᠠᠪᠤᠬᠤ ᠳᠤ ᠪᠠᠶᠢᠳᠠᠭ ᠰᠢᠪᠠᠭᠤᠨ ᠤ ᠦᠨᠳᠡᠭᠡ ᠪᠠᠷᠠᠭᠤᠨᠰᠢ ᠪᠠᠨ ᠬᠠᠨᠳᠤᠭᠠᠳ ᠶᠠᠪᠤᠬᠤᠯ᠎ᠠ ᠪᠠᠶ᠎ᠠ ᠮᠢᠨᠢ ᠰᠢᠮᠰᠢᠷᠡᠨ᠎ᠡ᠃ ᠵᠡᠭᠦᠯᠳᠡ       ᠲᠤᠰ ᠳᠠᠭᠤᠤ ᠶᠢ ᠮᠠᠨᠳᠤᠨ᠊ᠭᠡᠷᠡᠯ ᠤᠷᠠᠳ ᠪᠠᠷᠠᠭᠤᠨ ᠬᠦᠩ ᠤᠨ ᠬᠠᠳᠤᠨ ᠪᠤᠯᠵᠤ᠂ ᠤᠷᠠᠳ ᠬᠦᠩ ᠳᠤ ᠬᠦᠷᠦᠭᠰᠡᠨ ᠤ ᠳᠠᠷᠠᠭ᠎ᠠ ᠦᠪᠡᠷ ᠢᠶᠠᠨ ᠵᠤᠬᠢᠶᠠᠵᠤ ᠳᠠᠭᠤᠯᠤᠭᠰᠠᠨ᠃ ᠰᠡᠭᠦᠯᠡᠷ ᠨᠢ ᠲᠤᠰ ᠳᠠᠭᠤᠤ ᠶᠢᠨ ᠠᠶᠠᠯᠭᠤ ᠳᠡᠭᠡᠷ᠎ᠡ ︽ᠨᠠᠰᠤᠨᠳᠡᠯᠭᠡᠷ ᠶᠢᠩᠵᠠᠩ︾ ᠪᠠ ︽ᠨᠠᠷᠢᠨ ᠭᠤᠤᠯ︾ ᠭᠡᠬᠦ ᠠᠷᠠᠳ ᠤᠨ ᠳᠠᠭᠤᠤ ᠎ ᠨᠤᠭᠤᠳ ᠵᠤᠬᠢᠶᠠᠭᠳᠠᠨ ᠳᠡᠯᠭᠡᠷᠡᠭᠰᠡᠨ ᠪᠠᠶᠢᠨ᠎ᠠ᠃
ᠢᠷᠡᠯᠲᠡ᠄ ᠲᠣᠰ ᠰᠥᠯᠵᠢᠶ᠎ᠠ