ᠤᠷᠳᠤᠰ ᠠᠷᠠᠳ ᠤᠨ ᠳᠠᠭᠤᠤ —  ᠬᠠᠪᠤᠷ ᠴᠠᠭ ᠲᠤ
ᠨᠡᠶᠢᠲᠡᠯᠡᠭᠰᠡᠨ ᠴᠠᠭ᠄
2017/11/6
ᠬᠠᠪᠤᠷ ᠴᠠᠭ ᠲᠤ ᠴᠤᠭᠯᠠᠷᠠᠭᠰᠠᠨ ᠬᠠᠮᠤᠭ ᠰᠢᠪᠠᠭᠤᠬᠠᠢ ᠬᠠᠷ᠎ᠠ ᠰᠡᠷᠢᠭᠦᠨ ᠤᠨᠠᠬᠤᠢ ᠴᠠᠭ ᠲᠤ ᠬᠠᠷᠢᠳᠠᠭ ᠪᠠᠶᠢᠯᠭᠦᠢ ᠳ᠋ᠤᠤ ᠬᠠᠷᠠᠬᠠᠨ ᠪᠠᠭ᠎ᠠ ᠶᠢᠨ ᠦᠰᠦᠭᠰᠡᠨ ᠨᠤᠳᠤᠭ ᠲᠠᠨᠳᠠ ᠪᠠᠶᠢᠭᠰᠠᠨ ᠬᠤᠶᠢᠨ᠎ᠠ ᠬᠠᠰᠢ ᠬᠡᠷᠡᠭ ᠬᠦᠮᠦᠨ ᠤ ᠭᠠᠵᠠᠷ ᠶᠠᠭᠤᠨ ᠳᠠᠭᠠᠨ ᠡᠷᠬᠢᠨ᠎ᠠ ᠳ᠋ᠤᠤ       ᠠᠷᠬᠠᠰ ᠭᠡᠵᠤ ᠬᠠᠷᠠᠭᠳᠠᠳᠠᠭ ᠠᠮᠪᠠ ᠶᠢᠨ ᠤᠪᠤᠭ᠎ᠠ ᠪᠠᠶᠢᠨ᠎ᠠ       ᠠᠯᠤᠰ ᠬᠤᠯᠠ ᠮᠠᠨᠠᠷᠠᠭᠴᠢ ᠮᠠᠨ ᠤ ᠨᠤᠳᠤᠭ ᠰᠢᠤ       ᠠᠯᠢ ᠭᠠᠵᠠᠷ ᠰᠠᠭᠤᠵᠤ ᠰᠤᠷᠪᠠᠯ ᠲᠡᠷᠡ ᠭᠠᠵᠠᠷ ᠲᠤ       ᠠᠳᠤᠭᠤᠰᠤ ᠮᠠᠯ ᠴᠦ ᠪᠤᠯᠳᠠᠯ᠎ᠠ ᠪᠡᠯᠴᠢᠭᠡᠷᠰᠢᠳᠡᠭ ᠶᠤᠮ ᠪᠠᠷᠠᠭᠤᠨ ᠡᠮᠦᠨ᠎ᠠ ᠬᠠᠷᠠᠭᠳᠠᠳᠠᠭ ᠪᠠᠢ ᠶᠢᠨ ᠠᠭᠤᠯᠠ ᠪᠠᠶᠢᠨ᠎ᠠ ᠪᠠᠷᠢᠳᠠᠭ ᠲᠠᠯᠪᠢᠳᠠᠭ ᠢᠶᠠᠨ ᠠᠪᠤᠶ᠎ᠠ ᠭᠡᠪᠡᠯ ᠪᠠᠶᠢᠰᠢᠩ ᠮᠡᠰᠢᠩ ᠳᠤ ᠪᠠᠷ᠎ᠠ ᠲᠠᠢ ᠰᠠᠶᠢᠬᠠᠨ ᠰᠠᠭᠤᠶ᠎ᠠ ᠭᠡᠪᠡᠯ ᠪᠠᠶᠢᠰᠢᠩ ᠢᠶᠠᠨ ᠪᠠᠷᠢᠨ᠎ᠠ ᠳ᠋ᠤᠤ ᠪᠠᠶᠠᠨ ᠡᠯᠪᠡᠭ ᠰᠠᠭᠤᠶ᠎ᠠ ᠭᠡᠪᠡᠯ ᠪᠠᠷᠠᠭᠤᠨ ᠭᠠᠵᠠᠷ ᠲᠤ       ᠴᠤᠭᠯᠠᠷᠠᠭᠰᠠᠨ ᠤᠯᠠᠨ ᠤ ᠳᠤᠲᠤᠷ᠎ᠠ ᠠᠴᠠ ᠬᠠᠷᠠᠬᠤᠯᠠᠷᠠᠨ       ᠴᠤᠯᠮᠤᠨ ᠤᠳᠤᠨ ᠬᠢᠯᠠᠯᠵᠠᠭᠰᠠᠨ ᠨᠢᠭᠡᠨ ᠠᠳᠠᠯᠢ ᠪᠠᠶᠢᠨ᠎ᠠ       ᠴᠤᠬᠤᠮ ᠡᠷᠳᠡᠮ ᠴᠢᠨᠠᠷ ᠢ ᠴᠢᠨᠢ ᠰᠢᠨᠵᠢᠭᠦᠯᠡᠷᠡᠨ       ᠴᠢᠭᠤᠯᠭᠠᠨ ᠬᠤᠰᠢᠭᠤ ᠤᠯᠠᠨ ᠳᠤᠳᠤᠷ᠎ᠠ ᠴᠢ ᠮᠢᠨᠢ ᠦᠵᠦᠭᠦᠷ ᠪᠠᠶᠢᠨ᠎ᠠ᠃ ᠬᠠᠪᠢᠷᠭ᠎ᠠ ᠶᠢᠨ ᠴᠢᠨᠢ ᠲᠠᠯ᠎ᠠ ᠠᠴᠠ ᠬᠠᠷᠠᠬᠤᠯᠠᠷᠠᠨ ᠬᠠᠯᠢᠨ ᠨᠢᠰᠬᠦ ᠲᠤᠭᠤᠰ ᠲᠤᠳᠢ ᠨᠢᠭᠡᠨ ᠠᠳᠠᠯᠢ ᠪᠠᠶᠢᠨ᠎ᠠ ᠬᠠᠨᠢᠯᠠᠵᠤ ᠶᠠᠪᠤᠭᠰᠠᠨ ᠢᠶᠠᠨ ᠪᠤᠳᠤᠬᠤᠯᠠᠵᠢᠨ ᠬᠠᠷᠢ ᠬᠤᠰᠢᠭᠤ ᠴᠢᠭᠤᠯᠭᠠᠨ ᠳᠤᠳᠤᠷ᠎ᠠ ᠴᠢ ᠮᠢᠨᠢ ᠦᠵᠦᠭᠦᠷ ᠪᠠᠶᠢᠨ᠎ᠠ᠃       ᠤᠯᠠᠭᠠᠨ ᠬᠤᠩᠭᠤᠷ ᠴᠢᠷᠠᠢ ᠶᠢ ᠰᠢᠨᠵᠢᠭᠦᠯᠡᠷ       ᠤᠳᠤᠮᠪᠠᠷᠠ ᠴᠡᠴᠡᠭ ᠤᠨ ᠬᠡᠯᠳᠡᠰ ᠮᠠᠳᠤ ᠨᠢᠭᠡᠨ ᠠᠳᠠᠯᠢᠬᠠᠨ       ᠤᠰᠬᠠᠯ ᠰᠠᠶᠢᠬᠠᠨ ᠤᠬᠠᠭ᠎ᠠ ᠶᠢ ᠴᠢᠨᠢ ᠪᠤᠳᠤᠬᠤᠯᠠᠵᠢᠨ       ᠤᠨᠳᠤᠷᠤᠮᠠᠯ ᠪᠤᠯᠠᠭ ᠤᠨ ᠤᠰᠤᠨ ᠠᠴᠠ ᠪᠠᠨ ᠲᠤᠩᠭᠠᠯᠠᠭ ᠪᠠᠶᠢᠨ᠎ᠠ᠃ ᠨᠢᠳᠤᠨ ᠤ ᠴᠢᠨᠢ ᠳᠡᠭᠡᠳᠤ ᠵᠤᠪᠬᠢᠨ ᠳᠤ ᠲᠠᠪᠬᠤᠷ ᠬᠤᠰᠢ ᠲᠠᠢ ᠨᠢᠬᠦᠯ ᠦᠭᠡᠢ ᠬᠠᠷᠠᠬᠤ ᠴᠢᠨᠢ ᠨᠡᠪᠳᠡ ᠰᠢᠪᠳᠤ ᠪᠠᠶᠢᠨ᠎ᠠ ᠨᠢᠰᠸᠠᠨᠢᠰ ᠤᠨ ᠦᠢᠯᠡ ᠶᠢᠨ ᠡᠷᠬᠡ ᠦᠨᠡᠭᠡᠷ ᠭᠡᠴᠡᠬᠦᠤ ᠪᠠᠶᠢᠨ᠎ᠠ ᠨᠢᠭᠡᠮᠦᠰᠦᠨ ᠰᠠᠯᠬᠤ ᠦᠭᠡᠢ ᠰᠠᠭᠤᠪᠠᠯ ᠶᠠᠮᠠᠷ ᠰᠠᠶᠢᠬᠠᠨ ᠪᠤᠢ᠃       ᠪᠦᠷᠢᠳᠦᠭᠰᠡᠨ ᠤᠯᠠᠨ ᠤ ᠳᠤᠳᠤᠷ᠎ᠠ ᠠᠴᠠ ᠦᠵᠡᠬᠦᠯᠡᠷᠡᠨ       ᠪᠦᠷᠬᠦᠭ ᠡᠳᠤᠷ ᠨᠠᠷᠠᠨ ᠭᠠᠷᠤᠭᠠᠳ ᠬᠢᠯᠠᠶᠢᠭᠰᠠᠨ ᠠᠳᠠᠯᠢᠬᠠᠨ       ᠪᠦᠬᠦᠢ ᠤᠯᠠᠨ ᠡᠷᠳᠡᠮ ᠤᠬᠠᠭᠠᠨ ᠢ ᠴᠢᠨᠢ ᠪᠤᠳᠤᠬᠤᠯᠠᠷᠠᠨ       ᠪᠦᠭᠦᠳᠡ ᠬᠤᠰᠢᠭᠤᠨ ᠤᠯᠠᠩᠬᠢ ᠳᠤᠮᠳᠠ ᠪᠠᠨ ᠴᠢ ᠮᠢᠨᠢ ᠦᠵᠦᠭᠦᠷ ᠪᠠᠶᠢᠨ᠎ᠠ᠃ ᠬᠠᠷᠠᠬᠤᠯ᠎ᠠ ᠨᠢᠳᠤ ᠴᠢᠨᠢ ᠮᠡᠯᠳᠡᠰ ᠭᠡᠳᠡᠭ ᠰᠢᠤ ᠬᠠᠵᠠᠭᠤ ᠳᠤᠨᠢ ᠤᠶᠢᠷᠠᠳᠤᠭᠠᠳ ᠬᠦᠷᠪᠡᠯ ᠵᠠᠮᠵᠢᠭᠠᠳ ᠠᠪᠳᠠᠭ ᠰᠢᠤ ᠬᠠᠨᠴᠤᠢ ᠶᠢᠨ ᠳᠤᠳᠤᠷ᠎ᠠ ᠬᠤᠶᠠᠷ ᠭᠠᠷ ᠴᠢᠨᠢ ᠨᠠᠶᠢᠭᠤᠰ ᠭᠡᠳᠡᠭ ᠰᠢᠤ ᠬᠠᠪᠢᠷᠭᠠᠨ ᠳᠤᠨᠢ ᠤᠶᠢᠷᠠᠳᠤᠭᠠᠳ ᠬᠦᠷᠪᠡᠯ ᠠᠳᠬᠤᠭᠠᠳ ᠠᠪᠳᠠᠭ ᠰᠢᠤ᠃       ᠳᠡᠯᠡᠬᠡᠢ ᠳᠡᠭᠡᠷ᠎ᠡ ᠵᠠᠶᠠᠭᠠᠭᠰᠠᠨ ᠤᠯᠠᠨ ᠤ ᠳᠤᠳᠤᠷ᠎ᠠ ᠠᠴᠠ       ᠳᠡᠯᠭᠡᠷᠡᠭᠰᠡᠨ ᠲᠤᠭᠤᠰ ᠮᠡᠳᠤ ᠴᠢ ᠮᠢᠨᠢ ᠭᠠᠭᠴᠠᠭᠠᠷ ᠢᠶᠠᠨ       ᠳᠤᠭᠤᠢ ᠴᠠᠭᠠᠨ ᠴᠢᠷᠠᠢ ᠴᠢᠨᠢ ᠲᠤᠯᠢ ᠰᠢᠩᠬᠦ ᠪᠠᠶᠢᠨ᠎ᠠ       ᠲᠤᠩᠬᠠᠯᠵᠠᠭᠰᠠᠨ ᠪᠡᠶ᠎ᠡ ᠴᠢᠨᠢ ᠵᠢᠷᠤᠭ ᠰᠢᠩᠬᠦ ᠪᠠᠶᠢᠨ᠎ᠠ ᠮᠠᠩᠨᠠᠢ ᠶᠢᠨ ᠴᠢᠨᠢ ᠰᠤᠭᠰᠤᠷᠭ᠎ᠠ ᠶᠢ ᠰᠢᠨᠵᠢᠨ ᠬᠠᠷᠠᠬᠤᠯᠠᠷᠠᠨ ᠮᠠᠨ ᠤ ᠡᠨᠡ ᠬᠤᠭᠤᠯᠠᠢ ᠳᠣᠳᠣᠷ᠎ᠠ ᠶᠠᠷᠤ ᠳᠡᠭᠡᠨ ᠭᠠᠭᠴᠠᠭᠠᠷ ᠢᠶᠠᠨ ᠮᠠᠩᠬᠠᠨ ᠳᠡᠭᠡᠷ᠎ᠡ ᠪᠠᠨ ᠢᠰᠭᠡᠷᠬᠦ ᠴᠢᠨᠢ ᠯᠢᠩᠪᠦ ᠰᠢᠩᠬᠦ ᠪᠠᠶᠢᠨ᠎ᠠ ᠮᠠᠯ ᠳᠠᠭᠠᠨ ᠶᠠᠪᠤᠭᠠᠳ ᠨᠠᠶᠢᠭᠤᠬᠤ ᠴᠢᠨᠢ ᠰᠤᠯᠢ ᠰᠢᠩᠬᠦ ᠪᠠᠶᠢᠨ᠎ᠠ᠃       ᠵᠤᠷᠪᠤᠰ ᠬᠠᠷ᠎ᠠ ᠬᠦᠮᠦᠰᠭᠡ ᠴᠢᠨᠢ ᠵᠤᠯᠠᠢ ᠳᠤᠮᠳᠠ ᠪᠠᠨ ᠪᠠᠶᠢᠨ᠎ᠠ       ᠵᠤᠨ ᠤ ᠴᠠᠭ ᠤᠨ ᠰᠠᠷᠠ ᠮᠠᠳᠤ ᠬᠢᠯᠪᠠᠯᠵᠠᠵᠤ ᠪᠠᠶᠢᠨ᠎ᠠ       ᠵᠢᠭᠠᠬᠠᠨ ᠪᠠᠭ᠎ᠠ ᠠᠴᠠ ᠬᠠᠨᠢᠯᠠᠬᠤ ᠳᠡᠷᠡ ᠦᠶᠡᠰ ᠲᠤ       ᠵᠠᠮ ᠤᠨ ᠬᠤᠯᠠ ᠠᠴᠠ ᠬᠦᠷᠦᠭᠡᠳ ᠢᠷᠡᠳᠡᠯ᠎ᠡ ᠬᠦᠯᠢᠶᠠᠶ᠎ᠠ ᠭᠡᠯ᠎ᠡ ᠰᠢᠤ᠃ ᠮᠦᠢᠯ ᠬᠠᠷ᠎ᠠ ᠭᠡᠵᠢᠭᠡ ᠴᠢᠨᠢ ᠬᠦᠯᠢᠰ ᠭᠡᠵᠤ ᠪᠠᠶᠢᠨ᠎ᠠ ᠮᠦᠩᠬᠦᠨ ᠴᠠᠭᠠᠨ ᠰᠢᠳᠤ ᠴᠢᠨᠢ ᠢᠷᠵᠠᠰ ᠭᠡᠵᠤ ᠪᠠᠶᠢᠨ᠎ᠠ ᠮᠠᠩᠨᠠᠢ ᠳᠡᠭᠡᠷ᠎ᠡ ᠪᠠᠨ ᠠᠯᠴᠢᠭᠤᠷ ᠲᠠᠯᠪᠢᠭᠠᠳ ᠬᠠᠷᠠᠬᠤᠯᠠᠷᠠᠨ ᠮᠠᠴᠤᠰ ᠭᠡᠵᠤ ᠶᠠᠪᠤᠬᠤ ᠨᠢ ᠨᠠᠶᠢᠭᠤᠰ ᠭᠡᠵᠤ ᠪᠠᠶᠢᠨ᠎ᠠ᠃       ᠪᠤᠴᠠᠯᠭᠠᠵᠤ ᠬᠠᠨᠢᠯᠠᠬᠤ ᠶᠢᠨ ᠲᠡᠷᠡ ᠦᠶᠡᠰ ᠲᠤ       ᠪᠤᠱᠠᠬᠠᠭ ᠤᠨ ᠴᠢᠨᠢ ᠦᠰᠤ ᠴᠠᠶᠢᠳᠠᠯ᠎ᠠ ᠵᠠᠩ ᠢᠶᠠᠷ ᠭᠡᠳᠡᠭ ᠰᠢᠤ       ᠪᠤᠭᠤᠷᠤᠯ ᠮᠤᠷᠢ ᠪᠠᠨ ᠤᠨᠤᠵᠤ ᠪᠠᠶᠢᠬᠤ ᠶᠢᠨ ᠳᠡᠷᠡ ᠦᠶᠡᠰ ᠲᠤ       ᠪᠤᠭᠤᠷᠤᠯ ᠤᠷᠤᠳᠠᠯ᠎ᠠ ᠵᠠᠩ ᠢᠶᠠᠷ ᠢᠶᠠᠨ ᠭᠡᠳᠡᠭ ᠰᠢᠤ ᠲᠡᠩᠰᠡᠯᠭᠡᠵᠤ ᠬᠠᠨᠢᠯᠠᠬᠤ ᠶᠢᠨ ᠳᠡᠷᠡ ᠦᠶᠡᠰ ᠲᠤ ᠳᠡᠮᠡᠢ ᠬᠦᠮᠦᠨ ᠲᠠᠢ ᠶᠠᠪᠤᠯᠴᠠᠬᠤ ᠪᠠᠨ ᠪᠠᠶᠢᠶ᠎ᠠ ᠭᠡᠰᠡᠨ ᠰᠢᠤ ᠳᠤᠭᠳᠤᠯᠭᠠᠵᠤ ᠶᠠᠪᠤᠯᠴᠠᠬᠤ ᠶᠢᠨ ᠳᠡᠷᠡ ᠦᠶᠡᠰ ᠲᠤ ᠲᠤᠯᠤᠭᠠᠢ ᠶᠢᠨ ᠴᠢᠨᠢ ᠦᠰᠤ ᠴᠠᠶᠢᠳᠠᠯ᠎ᠠ ᠵᠠᠩ ᠢᠶᠠᠷ ᠭᠡᠯ᠎ᠡ ᠰᠢᠤ᠃       ᠡᠩᠬᠡ ᠰᠠᠶᠢᠬᠠᠨ ᠬᠤᠶᠠᠭᠤᠯᠠᠷᠠᠨ ᠬᠠᠮᠳᠤ ᠪᠠᠶᠢᠭᠰᠠᠨ ᠬᠤᠶᠢᠨ᠎ᠠ       ᠡᠨᠡ ᠲᠦᠷᠦᠯ ᠳᠡᠭᠡᠨ ᠮᠠᠷᠳᠠᠨ᠎ᠠ ᠭᠡᠭᠴᠢ ᠬᠠᠮᠢᠭ᠎ᠠ ᠠᠴᠠ ᠪᠠᠶᠢᠬᠤ ᠪᠤᠢ ᠳ᠋ᠤᠤ       ᠡᠭᠦᠷᠢᠳᠡ ᠬᠤᠶᠠᠭᠤᠯᠠᠷᠠᠨ ᠵᠠᠩ ᠢᠶᠠᠷ ᠪᠠᠶᠢᠭᠰᠠᠨ ᠬᠤᠶᠢᠨ᠎ᠠ       ᠡᠳᠤᠷ ᠰᠠᠷ᠎ᠠ ᠤᠳᠠᠨ᠎ᠠ ᠭᠡᠭᠴᠢ ᠬᠠᠮᠢᠭ᠎ᠠ ᠠᠴᠠ ᠪᠠᠶᠢᠬᠤ ᠪᠤᠢ ᠳ᠋ᠤᠤ᠃ ᠠᠮᠢ ᠮᠡᠨᠳᠤ ᠬᠤᠶᠠᠭᠤᠯᠠᠷᠠᠨ ᠬᠠᠨᠢᠯᠠᠭᠰᠠᠨ ᠢ ᠠᠯᠢ ᠪᠤᠯᠭᠠᠨ ᠬᠦᠮᠦᠨ ᠪᠦᠷᠢ ᠠᠴᠠ ᠨᠢᠭᠤᠭᠠᠳ ᠶᠠᠭᠠᠬᠢᠬᠤ ᠳ᠋ᠤᠤ ᠠᠮᠠᠷᠬᠠᠯᠠᠨ ᠬᠠᠨᠢᠯᠠᠭᠰᠠᠨ ᠡᠨᠡ ᠵᠢᠷᠤᠮ ᠢ ᠠᠷᠪᠠᠨ ᠲᠤᠯᠤᠭᠠᠨ ᠰᠢᠯᠦᠭ ᠪᠤᠯᠭᠠᠨ ᠳᠠᠭᠤᠯᠠᠭᠠᠳ ᠤᠷᠬᠢᠶ᠎ᠠ ᠳ᠋ᠤᠤ᠃ ᠵᠡᠭᠦᠯᠳᠡ      ᠤᠷᠳᠤᠰ ᠮᠤᠩᠭᠤᠯᠴᠤᠳ ᠤᠨ ᠲᠦᠷᠦᠯᠬᠢ ᠨᠤᠳᠤᠭ ᠲᠠᠭᠠᠨ ᠬᠠᠶᠢᠷᠠᠳᠠᠢ ᠪᠠᠶᠢᠳᠠᠭ ᠰᠡᠳᠬᠢᠯᠭᠡ ᠶᠢ ᠰᠠᠶᠢᠬᠠᠨ ᠢᠯᠡᠳᠭᠡᠭᠰᠡᠨ ᠳᠠᠭᠤᠤ ᠶᠤᠮ᠃ ᠡᠳᠤᠭᠡ ᠬᠦᠷᠳᠡᠯ᠎ᠡ ᠤᠯᠠᠮᠵᠢᠯᠠᠭᠳᠠᠨ ᠳᠡᠯᠭᠡᠷᠡᠵᠤ ᠬᠤᠷᠢᠮ ᠨᠠᠶᠢᠷ ᠲᠤ ᠬᠦᠷᠳᠡᠯ᠎ᠡ ᠳᠠᠭᠤᠯᠠᠳᠠᠭ᠃ ᠤᠷᠠᠨ ᠬᠦᠭᠵᠢᠮᠯᠢᠭ᠂ ᠴᠤᠪᠤᠭᠤ ᠳᠡᠭᠵᠢᠭᠦᠨ᠂ ᠪᠠᠶᠠᠷ ᠪᠠᠶᠠᠰᠬᠤᠯᠠᠩᠳᠤ ᠤᠷᠳᠤᠰ ᠠᠷᠠᠳ ᠤᠨ ᠳᠠᠭᠤᠤ ᠶᠤᠮ᠃       ᠴᠢᠩ ᠤᠨ ᠪᠦᠷᠢᠨᠳᠤ ᠵᠠᠰᠠᠭᠴᠢ ᠶᠢᠨ ᠨᠢᠭᠡᠳᠤᠭᠡᠷ ᠤᠨ ︵1861︶᠎ ᠳᠤ ᠬᠤᠳᠤᠩᠴᠤᠳ ᠮᠠᠨᠵᠤ ᠶᠢᠨ ᠲᠦᠷᠦ ᠶᠢ ᠡᠰᠡᠷᠭᠦᠴᠡᠨ ᠪᠤᠰᠤᠯᠭ᠎ᠠ ᠭᠠᠷᠭᠠᠵᠤ᠂ ᠦᠤᠰᠢᠨ ᠬᠤᠰᠢᠭᠤᠨ ᠤ ᠪᠠᠷᠠᠭᠤᠨ ᠪᠡᠶ᠎ᠡ ᠪᠠᠷ ᠰᠠᠭᠤᠷᠢᠰᠢᠯ ᠪᠤᠯᠭᠠᠵᠤ ᠳᠤᠯᠤᠭ᠎ᠠ ᠨᠠᠢᠮᠠᠨ ᠵᠢᠯ ᠪᠤᠯᠪᠠ᠃ ᠲᠤᠰ ᠤᠷᠤᠨ ᠤ ᠠᠷᠠᠳ ᠲᠦᠮᠡᠨ ᠬᠤᠳᠤᠩᠴᠤᠳ ᠠᠴᠠ ᠵᠠᠶᠢᠯᠠᠵᠤ ᠶᠡᠭᠡ ᠪᠠᠭ᠎ᠠ ᠪᠤᠳᠤᠩ ᠭᠡᠳᠡᠭ ᠭᠠᠵᠠᠷ ᠨᠡᠭᠦᠳᠡᠯᠯᠠᠨ ᠰᠠᠭᠤᠵᠤ ᠪᠠᠶᠢᠭᠠᠳ ᠪᠤᠴᠠᠬᠤ ᠦᠶ᠎ᠡ ᠳᠡᠭᠡᠨ ᠵᠤᠬᠢᠶᠠᠯ᠎ᠠ ᠭᠡᠳᠡᠭ᠃
ᠢᠷᠡᠯᠲᠡ᠄ ᠲᠣᠰ ᠰᠥᠯᠵᠢᠶ᠎ᠠ