ᠯᠠᠮᠠ ᠭᠤᠷᠪᠠᠨ ᠡᠷᠳᠡᠨᠢᠰ ᠤᠨ | ᠠᠳᠢᠰᠳᠠᠳ ᠤᠨ ᠬᠦᠴᠦᠨ ᠢᠶᠠᠷ | ᠱᠠᠰᠢᠨ ᠮᠠᠰᠢ ᠳᠡᠯᠭᠡᠷᠡᠭᠡᠳ | ᠲᠦᠷᠦ ᠪᠠᠳᠣ ᠪᠤᠯᠳᠤᠭᠠᠢ | ᠡᠷᠬᠢᠮ ᠭᠤᠷᠪᠠᠨ ᠡᠷᠳᠡᠨᠢᠰ ᠤᠨ | ᠠᠳᠢᠰᠳᠢᠳ ᠤᠨ ᠬᠦᠴᠦᠨ ᠢᠶᠠᠷ | ᠡᠵᠡᠳ ᠨᠤᠶᠠᠳ ᠤᠨ ᠮᠢᠨᠢ | ᠦᠯᠮᠡᠢ ᠪᠠᠳᠤ ᠪᠤᠯᠳᠤᠭᠠᠢ | ᠡᠷᠬᠢᠮ ᠨᠤᠮ ᠤᠨ ᠰᠢᠳᠢ ᠪᠠᠷ | ᠠᠮᠤᠷ ᠵᠢᠷᠭᠠᠬᠤ ᠪᠤᠯᠳᠤᠭᠠᠢ | ᠬᠠᠨ ᠳᠡᠭᠷᠢ ᠶᠢᠨ ᠤᠨᠠᠭ᠎ᠠ | ᠬᠠᠵᠠᠭᠠᠷ ᠲᠠᠢ ᠪᠠᠶᠢᠬᠤ ᠶᠤᠰᠤᠳᠠᠢ | ᠬᠠᠳ ᠨᠤᠶᠠᠳ ᠤᠨ ᠡᠮᠤᠨ᠎ᠠ | ᠰᠦᠭᠦᠳᠤᠨ ᠪᠠᠶᠢᠬᠤ ᠶᠤᠰᠤᠲᠠᠢ | ᠡᠵᠡᠨ ᠲᠡᠭᠷᠢ ᠶᠢᠨ ᠤᠨᠠᠭ᠎ᠠ | ᠡᠮᠡᠭᠡᠯ ᠲᠠᠢ ᠪᠠᠶᠢᠬᠤ ᠶᠤᠰᠤᠲᠠᠢ | ᠡᠵᠡᠳ ᠨᠤᠶᠠᠳ ᠤᠨ ᠡᠮᠦᠨ᠎ᠠ | ᠰᠦᠭᠦᠳᠤᠨ ᠪᠠᠶᠢᠬᠤ ᠶᠤᠰᠤᠲᠠᠢ | ᠡᠷᠬᠢᠮ ᠨᠤᠶᠠᠳ ᠮᠠᠨ ᠤ ︵ᠮᠢᠨᠢ︶ | ᠦᠯᠮᠡᠢ ᠪᠠᠳᠤ ᠪᠤᠯᠳᠤᠭᠠᠢ | ᠡᠰᠡᠷᠸ᠎ᠠ ᠤᠷᠳᠤ ᠬᠠᠷᠰᠢ ᠳᠤ | ᠡᠷᠳᠡᠨᠢ ᠶᠢᠨ ᠵᠢᠪᠬᠤᠯᠠᠩ ᠳᠠᠳᠠᠭᠠᠳ | ᠦᠨᠳᠤᠷ ᠶᠡᠭᠡ ᠢᠵᠠᠭᠤᠷ ᠲᠠᠢ | ᠦᠯᠮᠡᠢ ᠳᠡᠭᠡᠳᠤ ᠨᠤᠶᠠᠳ ᠮᠢᠨᠢ | ᠬᠠᠨ ᠶᠡᠭᠡ ᠲᠦᠷᠦ ᠶᠦᠭᠡᠨ | ᠲᠠᠩᠰᠤᠭ ᠢᠶᠠᠷ ᠪᠠᠳᠤᠳᠬᠠᠭᠠᠳ | ᠬᠠᠮᠤᠭ ᠤᠯᠤᠰ ᠢᠷᠭᠡᠨ ᠢᠶᠠᠨ | ᠠᠮᠤᠷ ᠢᠶᠠᠷ ᠳᠡᠳᠭᠦᠭᠰᠡᠨ | ᠶᠢᠰᠤᠨ ᠬᠦᠰᠡᠯ ᠪᠦᠷᠢᠳᠤᠭᠡᠳ | ᠶᠠᠷᠤ ᠬᠠᠮᠳᠤ ᠪᠠᠷ ᠵᠢᠷᠭᠠᠨᠠᠢ ᠪᠢ | ᠳᠡᠪᠲᠡᠷᠯᠡᠵᠤ ᠵᠠᠯᠠᠭᠰᠠᠨ | ᠠᠷᠪᠠᠨ ᠵᠢᠷᠭᠤᠭᠠᠨ ᠪᠤᠳᠢ ᠶᠤᠮ | ᠳᠡᠯᠭᠡᠷᠡᠩᠬᠦᠢ ᠠᠶᠢᠯᠠᠳᠤᠭᠴᠢ | ᠨᠠᠷᠠ ᠪᠠᠨᠴᠢᠨ ᠡᠷᠳᠡᠨᠢ | ᠰᠢᠪᠠᠷ ᠠᠴᠠ ᠤᠷᠭᠤᠭᠰᠠᠨ | ᠰᠢᠷ᠎ᠠ ᠯᠢᠩᠬᠸ᠎ᠠ ᠴᠡᠴᠡᠭ | ᠱᠠᠰᠢᠨ ᠮᠠᠰᠢ ᠳᠡᠯᠭᠡᠷᠡᠭᠡᠳ | ᠲᠦᠷᠤ ᠪᠠᠳᠤ ᠪᠤᠯᠳᠤᠭᠠᠢ | ᠠᠪᠤᠷᠠᠯ ᠨᠤᠮ ᠤᠨ ᠠᠳᠢᠰ ᠢᠶᠠᠷ | ᠠᠮᠤᠭᠤᠯᠠᠩ ᠪᠤᠯᠳᠤᠭᠠᠢ | ᠡᠷᠳᠡ ᠶᠢᠨ ᠴᠠᠭᠠᠨ ᠪᠤᠶᠠᠨ ᠢᠶᠠᠷ | ᠡᠷᠬᠢᠮ ᠰᠠᠶᠢᠬᠠᠨ ᠢᠷᠤᠭᠡᠯ ᠢᠶᠠᠷ | ᠡᠩᠬᠡ ᠮᠡᠨᠳᠤ ᠤᠴᠠᠷᠠᠭᠰᠠᠨ | ᠡᠷᠬᠢᠮ ᠰᠠᠶᠢᠬᠠᠨ ᠲᠦᠷᠦᠯ ᠮᠢᠨᠢ | ᠡ᠊ᠨᠳᠡ ᠪᠢᠳᠡ ᠠᠭᠤᠯᠵᠠᠭᠠᠳ | ᠢᠷᠤᠭᠡᠯ ᠮᠠᠨ ᠤ ᠪᠠᠳᠤᠳᠤᠭᠠᠳ | ᠡᠷᠳᠡ ᠶᠢᠨ ᠲᠡᠷᠡ ᠪᠤᠶᠠᠨ ᠢᠶᠠᠷ | ᠡᠭᠦᠷᠢᠳᠡ ᠵᠢᠷᠭᠠᠬᠤ ᠪᠤᠯᠳᠤᠭᠠᠢ | ᠴᠤᠬᠤᠮ ᠤᠷᠢᠳᠤ ᠶᠢᠨ ᠪᠤᠶᠠᠨ ᠢᠶᠠᠷ | ᠴᠤᠭᠯᠠᠨ ᠬᠤᠷᠠᠵᠤ ᠨᠠᠶᠢᠷᠯᠠᠬᠤ ᠪᠤᠯᠳᠤᠭᠠᠢ | ᠡᠳᠤᠷ ᠠᠴᠠ ᠡᠬᠢᠯᠡᠨ | ᠪᠤᠳᠢ ᠬᠤᠳᠤᠭ ᠬᠦᠷᠳᠡᠯ᠎ᠡ | ᠢᠳᠡᠭᠡᠮᠦᠢ ᠶᠠ ᠰᠡᠳᠬᠢᠯ ᠳᠤᠷ ᠢᠶᠠᠨ | ᠯᠠᠮᠠ ᠭᠤᠷᠪᠠᠨ ᠡᠷᠳᠡᠨᠢ ᠶᠢ | | ᠠᠪᠤᠷᠠᠯ ᠨᠤᠮ ᠤᠨ ᠠᠳᠢᠰ ᠢᠶᠠᠷ | ᠠᠬ᠎ᠠ ᠳᠡᠬᠦᠤ ᠲᠦᠷᠦᠯ ᠰᠠᠳᠤᠨ ᠳᠠᠭᠠᠨ | ᠠᠷᠢᠬᠢ ᠰᠠᠷᠬᠤᠳ ᠢᠶᠠᠨ ᠪᠠᠷᠢᠮᠠᠨᠵᠢᠨ | ᠬᠦᠷᠳᠡᠨ ᠵᠤᠭᠤᠭᠯᠠᠬᠤ ᠪᠤᠯᠳᠤᠭᠠᠢ | ᠬᠤᠷᠠᠨ ᠨᠠᠶᠢᠷᠯᠠᠭᠰᠠᠨ ᠢᠷᠦᠭᠡᠯ ᠢᠶᠠᠷ | ᠬᠤᠶᠢᠰᠢᠳᠠ ᠡᠨᠡ ᠪᠡᠯᠭᠡ ᠪᠠᠷ ᠪᠤᠯᠳᠤᠭᠠᠢ | ᠠᠬ᠎ᠠ ᠳᠡᠭᠦᠦ ᠰᠠᠳᠤᠨ ᠮᠢᠨᠢ | ᠠᠪᠤᠷᠠᠯ ᠨᠤᠮ ᠤᠨ ᠬᠦᠴᠦᠨ ᠢᠶᠠᠷ | ᠠᠴᠢᠳᠤ ᠲᠡᠭᠦᠰ ᠯᠠᠮᠠ ᠶᠤᠭᠠᠨ | ᠠᠴᠢᠯᠠᠨ ᠳᠡᠳᠭᠦᠵᠤ ᠶᠠᠪᠤᠬᠤ ᠪᠤᠯᠳᠤᠭᠠᠢ | ᠶᠢᠷᠳᠢᠨᠴᠤ ᠶᠢᠨ ᠮᠤᠩᠬᠠᠭ ᠬᠠᠷᠠᠩᠭᠤᠢ ᠶᠢ ᠠᠷᠢᠯᠭᠠᠭᠴᠢ | ᠠᠰᠢᠳᠠ ᠶᠢᠨ ᠰᠠᠷᠠᠭᠤᠯ ᠤᠷᠳᠤᠨ ᠳᠤᠷ ᠤᠳᠤᠷᠢᠳᠤᠨ ᠰᠤᠶᠤᠷᠬ᠎ᠠ᠃ | | ᠵᠡᠭᠦᠯᠳᠡ | ᠲᠤᠰ ᠳᠠᠭᠤᠤ ᠶᠢ ᠰᠠᠩᠵᠠᠶᠢᠳᠤᠷᠵᠢ ᠵᠤᠬᠢᠶᠠᠨ ᠳᠠᠭᠤᠯᠠᠬᠤ ᠪᠠᠷ ᠳᠠᠮᠵᠢᠭᠤᠯᠵᠤ ᠬᠦᠮᠦᠨ ᠠᠷᠠᠳ ᠤᠨ ᠠᠴᠢᠯᠠᠯ ᠬᠦᠨᠳᠤᠳᠭᠡᠯ ᠢ ᠡᠷᠬᠢᠮᠯᠠᠵᠤ ᠶᠠᠪᠤᠬᠤ ᠶᠢ | ᠲᠦᠷᠦᠯ ᠲᠦᠷᠦᠭᠰᠡᠳ ᠪᠤᠯᠤᠨ ᠦᠷ᠎ᠡ ᠬᠤᠶᠢᠴᠢᠰ ᠲᠠᠭᠠᠨ ᠰᠤᠷᠭᠠᠭᠰᠠᠨ ᠰᠤᠷᠭᠠᠯ ᠳᠠᠭᠤᠤ ᠶᠤᠮ᠃ | | |