ᠦᠨᠳᠤᠷ ᠬᠦᠬᠡ ᠤᠭᠳᠠᠷᠭᠤᠢ ᠳᠤᠷ ᠡᠬᠦᠯᠡ ᠬᠤᠷᠠᠨ᠎ᠠ ᠰᠢᠤ | ᠦᠷᠭᠦᠯᠵᠢᠳᠡ ᠷᠠᠰᠢᠶᠠᠨ ᠤ ᠬᠤᠷ᠎ᠠ ᠪᠠᠭᠤᠨ᠎ᠠ ᠰᠢᠤ | ᠦᠷᠡᠵᠢᠯ ᠤᠨ ᠲᠠᠷᠢᠶᠠᠯᠠᠩ ᠦᠩᠰᠢᠭ ᠲᠠᠩᠰᠤᠭ ᠰᠢᠤ | ᠦᠯᠡᠮᠵᠢᠳᠠ ᠪᠠᠶᠠᠰᠬᠤᠯᠠᠩ ᠡᠩᠬᠡ ᠲᠦᠪᠰᠢᠨ ᠰᠢᠤ᠃ | ᠬᠦᠭᠡᠷᠡᠵᠤ ᠬᠠᠷᠠᠭᠳᠠᠬᠤ ᠬᠤᠯᠠ ᠶᠢᠨ ᠪᠠᠷ᠎ᠠ ᠰᠢᠤ | ᠬᠦᠰᠡᠯᠡᠩᠲᠠᠢ ᠰᠠᠨᠠᠭᠳᠠᠬᠤ ᠡᠯᠢᠭᠡᠨ ᠬᠤᠩᠭᠤᠷ ᠰᠢᠤ | ᠬᠦᠮᠦᠨ ᠤ ᠦᠷ᠎ᠡ ᠬᠦᠭᠡᠷᠦᠬᠦᠢ ᠴᠢ ᠮᠢᠨᠢ ᠬᠦᠷᠦᠭ ᠵᠢᠷᠤᠭ ᠰᠢᠤ | ᠬᠦᠪᠬᠡᠯᠵᠡᠭᠰᠡᠨ ᠰᠡᠳᠬᠢᠯ ᠮᠢᠨᠤ ᠬᠡᠶᠤᠷᠡᠨᠡ ᠰᠢᠤ᠃ | ᠽᠠᠨᠳᠠᠨ ᠮᠤᠳᠤᠨ ᠤ ᠰᠠᠯᠠᠭᠠᠨᠠ ᠨᠠᠪᠴᠢᠰ ᠤᠯᠠᠨ ᠰᠢᠤ | ᠵᠠᠯᠠᠭᠠᠳᠤ ᠦᠨᠳᠤᠷ ᠬᠤᠯᠤᠰᠤᠨ᠎ᠠ ᠦᠶᠡᠰ ᠤᠯᠠᠨ ᠰᠢᠤ | ᠽᠠᠩ ᠱᠤ᠋ ᠮᠤᠳᠤᠨ ᠤ ᠨᠠᠪᠴᠢᠷᠭᠠᠨᠠ ᠰᠢᠷᠭᠡᠭ ᠤᠯᠠᠨ ᠰᠢᠤ | ᠽᠠᠮᠪᠠᠭᠠᠳᠤ ︵ᠵᠠᠮᠪᠠᠭᠠᠳᠤ︶ ᠬᠠᠶᠢᠯᠠᠰᠤᠨᠠ ᠰᠤᠶᠤᠭ᠎ᠠ ᠤᠯᠠᠨ ᠰᠢᠤ᠃ | ᠬᠡᠵᠢᠶᠡᠳᠡ ᠵᠤᠯᠭᠠᠯᠴᠠᠬᠤ ᠶᠢᠨ ᠪᠤᠯᠵᠤᠭᠠᠲᠠᠢ ᠰᠢᠤ ᠬᠦ᠋ | ᠬᠡᠯᠡᠭᠰᠡᠨ ᠦᠭᠡᠨ ᠳᠡᠭᠡᠨ ᠬᠡᠯᠪᠡᠶᠢᠳᠡᠩ ᠦᠭᠡᠢ ᠬᠦ᠋ | ᠬᠡᠳᠤ ᠪᠠᠭ᠎ᠠ ᠶᠢᠨ ᠴᠢ ︵ᠯᠠ︶ ᠮᠢᠨᠢ ᠮᠢᠨᠤ ᠵᠡᠬᠦᠳᠤᠨ ᠳᠤ ᠰᠢᠤ | ᠬᠡᠳᠦᠢ ᠬᠤᠯᠠ ᠪᠤᠯᠪᠠᠴᠤ ᠬᠦᠷᠦᠭᠡᠳ ᠠᠭᠤᠯᠵᠠᠨ᠎ᠠ ᠰᠢᠤ᠃ | ᠠᠯᠠᠪᠤᠷ ᠲᠠᠢ ᠦᠯᠦᠩ ᠴᠠᠶᠢᠳᠠᠮ ᠤᠨ ᠠᠳᠤᠭᠤ ᠤᠯᠠᠨ ᠰᠢᠤ | ᠠᠵᠢᠨᠠᠢ ᠶᠢᠨ ᠬᠤᠷᠳᠤᠨ ᠮᠤᠷᠢ ᠭᠡᠭᠴᠢ ᠲᠡᠷᠡ ᠴᠤᠬᠠᠭ ᠰᠢᠤ | ᠠᠯᠢᠶᠠᠷᠬᠠᠨ ᠬᠠᠨᠢᠯᠠᠭᠰᠠᠨ ᠨᠦᠬᠦᠷ ᠤᠯᠠᠨ ᠰᠢᠤ | ᠠᠮᠢᠨ ᠭᠤᠤᠯ ᠤᠨ ᠰᠤᠳᠠᠰᠤ ᠭᠡᠭᠴᠢ ᠭᠠᠭᠴᠠ ᠴᠢ ᠮᠢᠨᠢ ᠰᠢᠤ᠃ | ᠰᠠᠨᠠᠭᠳᠠᠬᠤ ᠡᠷᠢᠭᠳᠡᠬᠦ ᠦᠨᠡᠭᠡᠷ ᠭᠡᠴᠡᠭᠦᠤ ᠪᠠᠶᠢᠨ᠎ᠠ | ᠰᠠᠭᠤᠪᠠᠴᠤ ᠶᠠᠪᠤᠪᠠᠴᠤ ᠠᠮᠤᠷ ᠦᠭᠡᠢ ᠪᠠᠶᠢᠨ᠎ᠠ | ᠰᠠᠷ᠎ᠠ ᠶᠢᠨ ᠭᠤᠷᠪᠠ ᠵᠤᠯᠭᠠᠯᠴᠠᠪᠠᠯ ᠪᠤᠯᠬᠤ ᠪᠠᠶᠢᠨᠠᠮ ᠰᠢᠤ | ᠰᠠᠶ᠋ᠢᠬᠢ ᠠᠯᠪᠠ ᠶᠢᠨ ᠶᠠᠪᠤᠳᠠᠯ ᠳᠤ ᠡᠭᠦᠷᠳᠤᠨᠡᠮ ᠰᠢᠤ᠃ | ᠤᠭᠳᠠᠷᠭᠤᠢ ᠳᠤᠷ ᠨᠠᠷᠠ ᠰᠠᠷ᠎ᠠ ᠬᠤᠶᠠᠷ ᠪᠠᠶᠢᠨ᠎ᠠ ᠰᠢᠤ | ᠤᠷᠴᠢᠯᠠᠩ ᠳᠤᠷ ᠴᠢ ᠪᠢᠳᠡ ᠬᠤᠶᠠᠷ ᠪᠠᠶᠢᠨ᠎ᠠ ᠰᠢᠣ | ᠤᠶᠠᠷᠠᠯᠳᠤ ᠰᠡᠳᠬᠢᠯ ᠴᠢᠩᠳᠠ ᠪᠠᠶᠢᠨ᠎ᠠ ᠰᠢᠤ | ᠤᠭᠤᠭᠠᠳᠠ ᠨᠠᠰᠤᠨ ᠲᠤᠷᠰᠢ ᠵᠢᠷᠭᠠᠨ ᠰᠠᠭᠤᠶ᠎ᠠ ᠳ᠋ᠤᠤ᠃ | | | ᠵᠡᠭᠦᠯᠳᠡ | ᠲᠤᠰ ᠳᠠᠭᠤᠤ ᠶᠢᠨ ᠢᠷᠡᠯᠳᠡ ᠪᠤᠯ ᠭᠡᠰᠢᠭᠪᠡᠳᠤ ᠪᠠᠷᠠᠭᠤᠨ ᠱᠠᠩ ᠤᠨ ᠨᠤᠶᠠᠳ ᠲᠦᠰᠢᠮᠡᠳ ᠢ ᠳᠠᠭᠠᠵᠤ ᠨᠢᠭᠡ ᠤᠳᠠᠭᠠᠨ ᠤ ᠴᠠᠭᠠᠨ ᠰᠠᠷ᠎ᠠ ᠶᠢᠨ ︽ᠲᠠᠮᠠᠭ᠎ᠠ | ᠶᠢᠨ ᠪᠦᠷᠢᠳᠭᠡᠯ︾ ᠤᠨ ᠶᠡᠭᠡ ᠴᠤᠭᠯᠠᠭᠠᠨ ᠳᠤ ᠤᠷᠤᠯᠴᠠᠭᠰᠠᠨ ᠵᠠᠪᠰᠢᠶᠠᠨ ᠢᠶᠠᠷ ︽ᠦᠨᠳᠤᠷ ᠬᠦᠬᠡ ᠤᠭᠳᠠᠷᠭᠤᠢ︾ ᠭᠡᠰᠡᠨ ᠰᠢᠯᠦᠭ ᠢᠶᠠᠨ ᠪᠢᠴᠢᠭᠡᠳ᠂ ᠲᠠᠮᠠᠭ᠎ᠠ | ᠶᠢᠨ ᠪᠦᠷᠢᠳᠭᠡᠯ ᠳᠤ ᠢᠷᠡᠭᠰᠡᠳ ᠤᠨ ᠳᠤᠮᠳᠠ ᠪᠦᠳᠦᠭᠦᠨ ᠨᠠᠷᠢᠨ ᠬᠤᠭᠤᠯᠠᠢ ᠪᠠᠷ ᠡᠷᠡᠭᠲᠠᠢ ᠡᠮᠡᠭᠲᠡᠢ ᠬᠤᠶᠠᠷ ᠬᠦᠮᠦᠨ ᠬᠠᠷᠢᠯᠴᠠᠨ ᠰᠢᠯᠦᠭᠯᠡᠵᠤ ᠪᠠᠶᠢᠬᠤ ᠪᠠᠶᠢᠳᠠᠯ | ᠢᠶᠠᠷ ᠤᠩᠰᠢᠭᠰᠠᠨ ᠳᠤ᠂ ᠲᠡᠭᠦᠨ ᠤ ᠱᠤᠭ ᠲᠦᠷᠰᠦᠯᠡᠯ ᠲᠠᠢ ᠤᠩᠰᠢᠯᠭ᠎ᠠ ᠨᠢ ᠤᠯᠠᠨ ᠳᠤ ᠶᠡᠭᠡᠳᠡ ᠳᠠᠭᠠᠰᠢᠶᠠᠭᠳᠠᠵᠤ ᠠᠷᠠᠳ ᠤᠨ ᠲᠤᠮᠳᠠ ᠳᠡᠯᠭᠡᠷᠡᠵᠡᠢ᠃ | |