ᠰᠢᠷᠬᠤᠰᠤ ᠵᠢᠭᠤᠯᠴᠢᠯᠠᠯ ᠤᠨ ᠤᠷᠤᠨ  ︵ᠣᠯᠣᠰ ᠤᠨAAAA ᠳᠡᠰ ︶
ᠨᠡᠶᠢᠲᠡᠯᠡᠭᠰᠡᠨ ᠴᠠᠭ᠄
2017/12/12
     ᠰᠢᠷᠬᠤᠰᠤ ᠵᠢᠭᠤᠯᠴᠢᠯᠠᠯ ᠤᠨ ᠤᠷᠤᠨ ᠨᠢ ᠥᠥᠰᠢᠨ ᠬᠤᠰᠢᠭᠤᠨ ᠤ ᠰᠢᠷᠬᠤᠰᠤᠨ ᠭᠤᠤᠯ ᠪᠠᠯᠭᠠᠰᠤᠨ ᠳᠤ ᠪᠠᠶᠢᠷᠢᠯᠠᠵᠤ᠂ ᠰᠢᠷᠬᠤᠰᠤᠨ ᠰᠤᠶᠤᠯ ᠤᠨ ᠪᠠᠭᠤᠷᠢ ᠶᠢᠨ ᠵᠢᠭᠤᠯᠴᠢᠯᠠᠯ ᠤᠨ ᠤᠷᠤᠨ ︵ᠪᠤᠷᠤᠳᠤᠬᠤᠢ ᠬᠥᠮᠥᠨ ᠤ ᠪᠠᠭᠤᠷᠢ︶ ᠪᠠ ᠪᠠᠲᠤ ᠶᠢᠨ ᠳᠤᠬᠤᠢ ᠵᠢᠭᠤᠯᠴᠢᠯᠠᠯ ᠤᠨ ᠤᠷᠤᠨ ᠢᠶᠠᠷ ᠪᠥᠷᠢᠯᠳᠥᠵᠠᠢ᠃ 2013 ᠤᠨ ᠤ11 ᠳ᠋ᠤᠭᠡᠷ ᠰᠠᠷ᠎ᠠ ᠳᠤ ᠳᠤᠰ ᠵᠢᠭᠤᠯᠴᠢᠯᠠᠯ ᠤᠨ ᠤᠷᠤᠨ ᠢ ᠤᠯᠤᠰ ᠤᠨAAAA ᠳᠡᠰ ᠤᠨ ᠵᠢᠭᠤᠯᠴᠢᠯᠠᠯ ᠤᠨ ᠤᠷᠤᠨ ᠢᠶᠠᠷ ᠵᠥᠪᠰᠢᠶᠡᠷᠡᠪᠠ᠃
     ᠰᠢᠷᠬᠤᠰᠤᠨ ᠰᠤᠶᠤᠯ ᠤᠨ ᠪᠠᠭᠤᠷᠢ ︵ᠪᠤᠷᠤᠳᠤᠬᠤᠢ ᠬᠥᠮᠥᠨ ᠤ ᠪᠠᠭᠤᠷᠢ︶᠎ ᠶᠢ 2001 ᠤᠨ ᠤ 6 ᠳ᠋ᠤᠭᠠᠷ ᠰᠠᠷ᠎ᠠ ᠶᠢᠨ 25᠎ ᠤ ᠡᠳᠥᠷ ᠲᠥᠷᠥ ᠶᠢᠨ ᠶᠠᠪᠤᠳᠠᠯ ᠤᠨ ᠬᠤᠷᠢᠶᠠᠨ ᠠᠴᠠ ᠪᠥᠬᠦ ᠤᠯᠤᠰ ᠤᠨ ᠳᠠᠪᠤᠳᠤᠭᠠᠷ ᠪᠥᠯᠥᠭ ᠭᠤᠤᠯᠳᠠᠯᠭ᠎ᠠ ᠲᠠᠢ ᠳᠡᠤᠭᠡ ᠶᠢᠨ ᠲᠤᠷᠠᠰᠬᠠᠯᠲᠤ ᠵᠥᠢᠯ  ᠎ ᠤᠨ ᠬᠠᠮᠠᠭᠠᠯᠠᠯᠳᠠ ᠶᠢᠨ ᠨᠢᠭᠡᠴᠡ ᠎ ᠪᠠᠷ  ᠳᠤᠭᠳᠠᠭᠠᠭᠳᠠᠵᠤ᠂ ᠳᠡᠬᠦᠨ ᠤ ᠬᠠᠷᠢᠶᠠᠨ ᠳᠤ ᠰᠢᠷᠬᠤᠰᠤᠨ ᠡᠯᠡᠰᠤᠨ ᠴᠦᠯ ᠤᠨ ᠶᠡᠭᠡ ᠬᠠᠪᠴᠢᠯ ᠪᠠᠶᠢᠵᠤ᠂ ᠥᠥᠰᠢᠨ ᠬᠤᠰᠢᠭᠤᠨ ᠤ ᠰᠢᠷᠬᠤᠰᠤᠨ ᠭᠤᠤᠯ ᠪᠠᠯᠭᠠᠰᠤᠨ ᠤ ᠶᠡᠭᠡ ᠳᠤᠬᠤᠢ ᠳᠤ ᠪᠠᠶᠢᠷᠢᠯᠠᠵᠤ᠂  ᠡᠷᠬᠦᠭᠳᠡᠴᠠ ᠨᠢ ᠳᠠᠯᠠᠢ ᠶᠢᠨ ᠳᠥᠪᠰᠢᠨ ᠠᠴᠠ 1300 ᠮᠧᠲᠷ ᠥᠨᠳᠥᠷ ᠪᠠᠶᠢᠳᠠᠭ᠃ ᠶᠡᠭᠡ ᠬᠠᠪᠴᠢᠯ ᠨᠢ 8 ᠳᠤᠬᠤᠢ ᠪᠠᠷ ᠪᠥᠷᠢᠯᠳᠥᠵᠤ᠂ ᠪᠠᠷᠠᠭᠤᠨ ᠠᠴᠠ ᠵᠡᠬᠦᠰᠢ ᠤᠷᠤᠰᠤᠨ᠂ ᠭᠤᠤᠯ ᠬᠠᠪᠴᠢᠯ ᠤᠨ ᠪᠥᠬᠦ ᠤᠷᠳᠤ ᠨᠢ 34 ᠺᠢᠯᠤᠮᠧᠲᠷ ᠪᠠᠶᠢᠳᠠᠭ᠃ ᠤᠳᠤ ᠠᠴᠠ ᠪᠠᠷᠤᠭ 7——14 ᠳᠥᠮᠡᠨ ᠵᠢᠯ ᠤᠨ ᠡᠮᠥᠨᠡᠭᠢ ᠳᠤᠮᠳᠠᠳᠤ ᠤᠯᠤᠰ ᠪᠠ ᠳᠠᠯᠡᠬᠡᠢ ᠶᠢᠨ ᠬᠠᠭᠤᠴᠢ ᠰᠤᠳᠤᠯᠤᠯ ᠤᠨ ᠬᠥᠷᠢᠶᠠᠨ ᠳᠤ ᠯᠤᠳᠤ ᠶᠡᠭᠡ ᠨᠥᠯᠥᠭᠡ ᠲᠠᠢ ᠬᠠᠭᠤᠴᠢᠨ ᠴᠢᠯᠠᠭᠤᠨ ᠵᠡᠪᠰᠡᠭ ᠤᠨ ᠰᠡᠬᠦᠯᠴᠢ ᠶᠢᠨ ᠬᠤᠭᠤᠴᠠᠭᠠᠨ ᠤ ᠰᠤᠶᠤᠯ ᠤᠨ ᠥᠯᠡᠳᠡᠭᠳᠡᠯ ᠪᠠᠶᠢᠵᠤ᠂  ᠵᠧᠦ ᠺᠧᠦ ᠳ᠋ᠢᠶᠠᠨ ᠤ《 ᠪᠡᠭᠡᠵᠢᠩ ᠬᠥᠮᠥᠨ 》᠎ ᠤ ᠪᠠᠭᠤᠷᠢ ᠶᠢ ᠳᠠᠷᠠᠭᠠᠯᠠᠭᠰᠠᠨ ᠴᠢᠬᠤᠯᠠ ᠳᠡᠤᠭᠡ ᠶᠢᠨ ᠥᠯᠡᠳᠡᠭᠳᠡᠯ ᠪᠥᠭᠡᠳ ᠬᠥᠮᠥᠨ ᠳᠥᠷᠥᠯᠬᠢᠳᠡᠨ ᠤ ᠪᠤᠯᠪᠠᠰᠤᠨ ᠤ ᠡᠭᠦᠰᠥᠯᠳᠠ ᠶᠢᠨ ᠭᠤᠯᠤᠮᠳᠠ ᠪᠤᠯᠤᠨ᠎ᠠ᠃ ᠥᠨᠤ ᠪᠤᠯᠳᠠᠯ᠎ᠠ ᠨᠡᠶᠢᠳᠠ 500 ᠭᠠᠷᠤᠢ ᠵᠥᠢᠯ ᠤᠨ ᠬᠥᠮᠥᠨ ᠳᠥᠷᠥᠯᠬᠢᠳᠡᠨ ᠤ ᠴᠢᠯᠠᠭᠤᠵᠢᠮᠠᠯ᠂ ᠴᠢᠯᠠᠭᠤᠨ ᠵᠡᠪᠰᠡᠭ ᠵᠡᠷᠭᠡ ᠬᠠᠭᠤᠴᠢ ᠵᠢᠴᠢ 40 ᠭᠠᠷᠤᠢ ᠵᠥᠢᠯ ᠎ ᠤᠨ ᠬᠠᠯᠠᠬᠤ ᠰᠢᠨ᠎ᠠ ᠥᠶ᠎ᠡ ᠶᠢᠨ ᠰᠡᠭᠦᠯᠴᠢ ᠶᠢᠨ ᠬᠤᠭᠤᠴᠠᠭᠠᠨ ᠤ ᠬᠥᠬᠦᠳᠡᠨ ᠪᠠ ᠰᠢᠪᠠᠭᠤᠨ ᠤ ᠴᠢᠯᠠᠭᠤᠵᠢᠮᠠᠯ ᠢ ᠢᠯᠡᠷᠡᠭᠦᠯᠵᠠᠢ᠃      ᠪᠠᠲᠤ ᠶᠢᠨ ᠳᠤᠬᠤᠢ ᠵᠢᠭᠤᠯᠴᠢᠯᠠᠯ ᠤᠨ ᠤᠷᠤᠨ ᠨᠢ ᠥᠥᠰᠢᠨ ᠬᠤᠰᠢᠭᠤᠨ ᠤ ᠰᠢᠷᠬᠤᠰᠤᠨ ᠭᠤᠤᠯ ᠪᠠᠯᠭᠠᠰᠤᠨ ᠤ ᠬᠠᠷᠢᠶᠠᠨ ᠳᠠᠬᠢ ᠰᠢᠷᠬᠤᠰᠤᠨ ᠭᠤᠤᠯ ᠎ ᠤᠨ ᠳᠡᠭᠡᠳᠤ ᠤᠷᠤᠰᠬᠠᠯ ᠳᠤ ᠪᠠᠶᠢᠷᠢᠯᠠᠵᠤ ᠪᠤᠢ᠃ ᠰᠢᠷᠬᠤᠰᠤᠨ ᠭᠤᠤᠯ ᠪᠠᠷᠠᠭᠤᠨ ᠠᠴᠠ ᠵᠡᠬᠦᠰᠢ ᠮᠤᠷᠤᠯᠵᠠᠨ ᠳᠠᠬᠢᠷᠯᠠᠵᠤ᠂ ᠠᠳᠠ ᠬᠥᠷᠥᠭᠡᠳ ᠳᠤᠬᠤᠢ ᠪᠤᠯᠤᠭᠰᠠᠨ ᠎ ᠢ ᠪᠠᠳᠤ ᠶᠢᠨ ᠳᠤᠬᠤᠢ ᠬᠡᠳᠡᠭ᠃ ᠡᠷᠳᠠ ᠤᠷᠢᠳᠤ ᠴᠠᠭ ᠲᠤ ᠠᠳᠠ ᠨᠢᠭᠡ ᠪᠠᠲᠤ ᠭᠡᠰᠡᠨ ᠨᠠᠷ᠎ᠠ ᠲᠠᠢ ᠬᠥᠮᠥᠨ ᠠᠮᠢᠳᠤᠷᠠᠵᠤ ᠪᠠᠶᠢᠭᠰᠠᠨ ᠠᠴᠠ ᠪᠠᠳᠤ ᠶᠢᠨ ᠳᠤᠬᠤᠢ ᠬᠡᠵᠤ ᠨᠡᠷᠡᠯᠡᠵᠠᠢ᠃ ᠭᠤᠤᠯ ᠤᠨ ᠤᠰᠤᠨ ᠳᠤ ᠤᠷᠳᠤ ᠬᠤᠭᠤᠴᠠᠭ᠎ᠠ ᠪᠠᠷ ᠢᠳᠡᠭᠳᠡᠵᠤ᠂ ᠰᠢᠷᠬᠤᠰᠤᠨ ᠭᠤᠤᠯ ᠤᠨ ᠭᠤᠯᠳᠤᠷᠢᠯ ᠨᠢ ᠤᠯᠠᠮ ᠬᠥᠨ᠂ ᠥᠷᠭᠡᠨ ᠪᠤᠯᠵᠠᠢ᠃ ᠰᠢᠷᠬᠤᠰᠤᠨ ᠭᠤᠤᠯ ᠤᠨ ᠰᠠᠪᠠ ᠭᠠᠵᠠᠷ ᠬᠦᠮᠦᠨ ᠠᠮᠠ ᠨᠢᠭᠳᠠᠷᠠᠵᠤ᠂ ᠰᠦᠯᠵᠢᠶᠡᠵᠢᠨ ᠵᠠᠯᠭᠠᠯᠳᠤᠵᠤ ᠬᠥᠮᠥᠰ ᠵᠢᠭᠠᠰᠤ ᠳᠡᠵᠢᠭᠡᠭᠦ᠂ ᠵᠢᠮᠢᠰ ᠤᠨ ᠮᠤᠳᠤ᠂ ᠳᠤᠳᠤᠷᠭ᠎ᠠ ᠳᠠᠷᠢᠵᠤ ᠠᠵᠤ ᠳᠥᠷᠥᠳᠡᠭ ᠠᠴᠠ᠂ ᠠᠳᠡᠭᠢ ᠶᠢ ᠤᠷᠳᠤᠰ ᠤᠨ《 ᠠᠮᠤ ᠵᠢᠭᠠᠰᠤᠨ ᠨᠤᠳᠤᠭ》᠂《 ᠴᠡᠴᠡᠭ ᠵᠢᠮᠢᠰ ᠤᠨ ᠨᠤᠳᠤᠭ 》 ᠪᠤᠯᠭᠠᠵᠤ᠂ ᠪᠤᠭᠤᠮᠳᠠ ᠶᠢᠨ ᠭᠠᠳᠠᠨᠠᠬᠢ《 ᠪᠢᠴᠢᠬᠠᠨ ᠵᠢᠶᠠᠩᠨᠠᠨ 》 ᠬᠡᠮᠡᠬᠦ ᠰᠠᠶᠢᠬᠠᠨ ᠨᠡᠷᠡᠶᠢᠳᠤᠯ ᠲᠠᠢ ᠪᠤᠯᠭᠠᠪᠠ᠃      ᠪᠠᠳᠤ ᠶᠢᠨ ᠳᠤᠬᠤᠢ ᠶᠢᠨ ᠤᠰᠤᠨ ᠴᠥᠬᠦᠷᠥᠮ ᠤᠨ ᠬᠥᠮᠥᠷᠭᠡ ᠶᠢᠨ ᠪᠠᠭᠳᠠᠭᠠᠮᠵᠢ ᠨᠢ 1.1 ᠳ᠋ᠥᠩᠰᠢᠭᠤᠷ ᠺᠥᠪ ᠮᠧᠲᠷ ᠲᠤ ᠬᠥᠷᠴᠤ᠂ ᠡᠵᠡᠮᠳᠡᠵᠤ ᠴᠢᠳᠠᠬᠤ ᠰᠠᠪᠠ ᠭᠠᠵᠠᠷ ᠤᠨ ᠳᠠᠯᠠᠪᠠᠢ ᠨᠢ 3421  ᠬᠠᠪᠳᠠᠭᠠᠢ ᠲᠥᠷᠪᠠᠯᠵᠢᠨ ᠺᠢᠯᠤᠮᠧᠲᠷ᠂ ᠥᠪᠡᠷᠳᠡᠭᠡᠨ ᠵᠠᠰᠠᠬᠤ ᠤᠷᠤᠨ ᠤ ᠪᠠᠷᠠᠭᠤᠨ ᠬᠡᠰᠡᠭ ᠤᠨ ᠬᠠᠮᠤᠭ ᠶᠡᠭᠡ ᠤᠰᠤᠨ ᠴᠥᠬᠦᠷᠥᠮ ᠪᠠᠶᠢᠵᠤ᠂ ᠴᠠᠬᠢᠯᠠᠭᠠᠨ ᠭᠠᠷᠭᠠᠬᠤ᠂ ᠤᠰᠤᠯᠠᠯᠳᠠ ᠬᠢᠬᠦ᠂ ᠥᠶᠡᠷ ᠢ ᠰᠡᠷᠬᠡᠶᠢᠯᠡᠬᠦ᠂ ᠤᠰᠤᠨ ᠭᠠᠷᠣᠯᠳᠠ ᠳᠡᠵᠢᠬᠡᠬᠦ ᠪᠠ ᠵᠢᠭᠤᠯᠴᠢᠯᠠᠯ ᠢ ᠨᠢᠭᠡᠨ ᠴᠤᠭᠴᠠᠵᠢᠭᠤᠯᠵᠠᠢ᠃ ᠪᠠᠳᠤ ᠶᠢᠨ ᠳᠤᠬᠤᠢ ᠶᠢᠨ ᠤᠰᠤᠨ ᠴᠠᠬᠢᠯᠠᠭᠠᠨ ᠥᠷᠳᠡᠭᠡ ᠪᠤᠯ ᠠᠳᠡᠭᠢ ᠴᠢᠬᠤᠯᠠ ᠲᠤᠭᠤᠷᠢᠨ ᠥᠵᠡᠬᠦ ᠭᠠᠵᠠᠷ ᠪᠤᠯᠤᠨ᠎ᠠ᠂ ᠥᠨᠳᠥᠷ ᠠᠰᠬ᠎ᠠ ᠎ ᠠᠴᠠ ᠬᠥᠷᠬᠢᠷ᠎ᠠ ᠤᠷᠤᠰᠴᠤ ᠥᠵᠡᠮᠵᠢ ᠪᠠᠶᠢᠳᠠᠯ ᠡᠳᠡᠭᠡᠳ ᠬᠠᠴᠢᠨ᠃ ᠤᠨᠴᠠᠭᠠᠶᠢᠯᠠᠨ ᠡᠷᠬᠢ ᠶᠢᠨ ᠬᠥᠪᠡᠭᠡᠨ ᠳᠡᠭᠡᠷ᠎ᠠ ᠬᠡᠳᠤᠨ ᠬᠠᠳᠠᠨ ᠶᠠᠰᠤᠲᠤ ᠮᠡᠯᠡᠬᠡᠢ ᠪᠠᠶᠢᠵᠤ᠂ ᠲᠤᠬᠠᠢ ᠶᠢᠨ ᠭᠠᠵᠠᠷ ᠤᠨ ᠬᠥᠮᠥᠰ ᠳᠡᠬᠦᠨ ᠢ ᠡᠯᠡᠰᠤ ᠳᠠᠷᠤᠬᠤ ᠮᠡᠯᠡᠭᠡᠢ ᠬᠡᠵᠤ᠂ ᠮᠠᠰᠢ ᠤᠯᠠᠨ ᠵᠢᠭᠤᠯᠴᠢᠯᠠᠭᠴᠢ ᠶᠢᠨ  ᠳᠠᠭᠠᠰᠢᠶᠠᠯ ᠢ ᠬᠥᠷᠳᠡᠵᠠᠢ᠃ ᠪᠠᠲᠤ ᠶᠢᠨ ᠳᠤᠬᠤᠢ ᠶᠢᠨ ᠤᠰᠤᠨ ᠳᠤ ᠵᠠᠪᠢ ᠰᠡᠯᠢᠵᠤ ᠪᠤᠯᠳᠠᠭ ᠪᠥᠭᠡᠳ 20 ᠺᠢᠯᠤᠮᠧᠲᠷ ᠤᠨ ᠬᠡᠪᠴᠢᠶ᠎ᠠ ᠲᠠᠢ᠃ ᠤᠰᠤᠨ ᠳᠤᠨᠢ ᠬᠤᠪᠤᠷ ᠴᠤᠬᠠᠭ ᠲᠤᠮᠳᠠᠳᠤ ᠶᠢᠨ ᠯᠠᠭ ᠮᠡᠯᠡᠬᠡᠢ᠂ ᠳᠤᠮᠤ ᠢᠴᠡ ᠵᠢᠭᠠᠰᠤ᠂ ᠮᠥᠷᠬᠦ ᠵᠢᠭᠠᠰᠤ᠂ ᠵᠤᠮᠠᠯᠤᠭᠰᠠᠨ ᠵᠢᠭᠠᠰᠤ ᠵᠡᠷᠭᠡ ᠤᠯᠠᠨ ᠵᠥᠢᠯ ᠤᠨ ᠵᠢᠭᠠᠰᠤ ᠪᠠᠶᠢᠳᠠᠭ᠃      ᠪᠠᠲᠤ ᠶᠢᠨ ᠳᠤᠬᠤᠢ ᠶᠢᠨ ᠤᠷᠴᠢᠮ ᠢᠶᠠᠷ ᠡᠯᠪᠡᠭ ᠪᠠᠶᠠᠯᠢᠭ ᠬᠥᠮᠥᠨ ᠰᠤᠶᠤᠯ ᠤᠨ ᠥᠵᠡᠮᠵᠢ ᠪᠠᠶᠢᠳᠠᠭ᠃ ᠪᠠᠲᠤ ᠶᠢᠨ ᠳᠤᠬᠤᠢ ᠠᠴᠠ ᠰᠢᠷᠬᠤᠰᠤᠨ ᠭᠤᠤᠯ ᠎ ᠤᠨ ᠳᠡᠭᠡᠳᠤ ᠤᠷᠤᠰᠬᠠᠯ ᠳᠠᠭᠠᠤ 30 ᠺᠢᠯᠤᠮᠧᠲᠷ ᠶᠠᠪᠤᠪᠠᠯ ᠪᠤᠷᠤᠳᠤᠬᠤᠢ ᠬᠥᠮᠥᠨ ᠤ ᠡᠭᠦᠰᠥᠯᠳᠠ ᠶᠢᠨ ᠭᠠᠵᠠᠷ ᠶᠡᠭᠡ ᠳᠤᠬᠤᠢ ᠳᠤ ᠬᠥᠷᠳᠡᠭ᠃ ᠪᠠᠲᠤ ᠶᠢᠨ ᠲᠤᠬᠤᠢ ᠠᠴᠠ ᠵᠡᠬᠦᠰᠢ 4 ᠺᠢᠯᠤᠮᠧᠲᠷ ᠠᠶᠠᠯᠠᠪᠠᠯ ᠱᠠᠨᠪᠸᠢ ᠶᠢᠨ ᠵᠢᠩᠪᠢᠶᠠᠨ ᠰᠢᠶᠠᠨ ᠤ ᠬᠠᠷᠢᠶᠠᠨ ᠳᠤ ᠬᠥᠷᠴᠤ᠂ ᠠᠳᠠ ᠠᠷᠪᠠᠨ ᠵᠢᠷᠭᠤᠭᠠᠨ ᠤᠯᠤᠰ ᠤᠨ ᠥᠶ᠎ᠡ ᠎ ᠶᠢᠨ ᠰᠢᠶᠠ ᠤᠯᠤᠰ ᠤᠨ ᠨᠡᠶᠢᠰᠯᠡᠯ ᠳᠥᠩ ᠸᠠᠨ ᠴᠧᠩ ᠬᠤᠳᠠ ᠶᠢᠨ ᠪᠠᠭᠤᠷᠢ ᠪᠠᠶᠢᠵᠤ᠂  ᠪᠠᠰᠠ ᠪᠠᠢ ᠴᠧᠩ ᠽᠢ ᠬᠡᠳᠡᠭ᠃
ᠢᠷᠡᠯᠲᠡ᠄ ᠲᠣᠰ ᠰᠥᠯᠵᠢᠶ᠎ᠠ