ᠳᠠᠭᠤᠳᠣ ᠨᠠᠭᠤᠷ ᠤᠨ ᠦᠵᠡᠮᠵᠢ ᠶᠢᠨ ᠣᠷᠣᠨ ︵  ᠣᠯᠣᠰ ᠤᠨAAAA ᠳᠡᠰ︶
ᠨᠡᠶᠢᠲᠡᠯᠡᠭᠰᠡᠨ ᠴᠠᠭ᠄
2017/12/15
     ᠳᠠᠭᠤᠳᠣ ᠨᠠᠭᠤᠷ ᠤᠨ ᠦᠵᠡᠮᠵᠢ ᠶᠢᠨ ᠣᠷᠣᠨ ᠨᠢ ᠬᠠᠩᠬᠢᠨ ᠬᠤᠰᠢᠭᠤᠨ ᠤ  ᠬᠢᠵᠠᠭᠠᠷ ᠲᠤ ᠪᠠᠶᠢᠷᠢᠰᠢᠵᠤ  ᠂ ᠦᠵᠡᠮᠵᠢ ᠶᠢᠨ ᠣᠷᠣᠨ ᠨᠢ  ᠳᠣᠯᠣᠭᠠᠨ  ᠰᠠᠷᠠᠭᠤᠯ ᠲᠤᠩᠭᠠᠯᠠᠭ  ᠨᠠᠭᠤᠷ  ᠎ ᠢᠶᠠᠷ ᠪᠦᠷᠢᠯᠳᠦᠵᠤ᠂  ᠳᠠᠭᠤᠳᠣ ᠨᠠᠭᠤᠷ  ᠎ ᠶᠢ ᠪᠠᠰᠠ ︽ᠳᠡᠭᠷᠢ ᠳᠡᠭᠡᠷᠡᠬᠢ ᠳᠣᠬᠢᠭᠤᠷ  ᠳᠣᠯᠣᠭᠠᠨ ᠣᠳᠣ  ᠂ ᠭᠠᠵᠠᠷ ᠳᠡᠭᠡᠷᠡᠬᠢ ᠳᠠᠭᠤᠳᠣ ᠨᠠᠭᠤᠷ︾ ᠬᠡᠮᠡᠨ ᠨᠡᠷᠡᠯᠡᠳᠡᠭ  ᠃ 2011 ᠣᠨ ᠳᠤ ᠣᠯᠠᠨ ᠣᠯᠣᠰ ᠤᠨ ᠬᠤᠯᠪᠤᠭᠠᠳᠤ ᠪᠠᠶᠢᠭᠤᠯᠭ᠎ᠠ ᠠᠴᠠ ︽ᠬᠦᠪᠴᠢ ᠶᠢᠨ ᠣᠯᠠᠨ ᠣᠯᠣᠰ ᠤᠨ  ᠡᠯᠡᠰᠦᠨ ᠤ  ᠦᠭᠦᠯᠡᠯ ᠤᠨ ᠲᠠᠪᠴᠠᠩ  ︾  ᠎ ᠤᠨ ᠦᠨᠢᠳᠡ ᠶᠢᠨ ᠬᠤᠷᠠᠯ ᠤᠨ ᠭᠠᠵᠠᠷ ᠢᠶᠠᠷ  ᠳᠣᠭᠳᠠᠭᠠᠭᠰᠡᠨ ᠪᠠᠶᠢᠨ᠎ᠠ᠃
     ᠳᠠᠭᠤᠳᠣ ᠨᠠᠭᠤᠷ ᠤᠨ ᠠᠮᠢ ᠠᠬᠤᠢ ᠶᠢᠨ ᠵᠢᠭᠤᠯᠴᠢᠯᠠᠯ ᠤᠨ ᠤᠷᠤᠨ ᠨᠢ ᠣᠷᠳᠣᠰ ᠬᠤᠲᠠ ᠶᠢᠨ ᠬᠠᠩᠭᠢᠨ ᠬᠤᠰᠢᠭᠤᠨ ᠤ   ᠬᠢᠵᠠᠭᠠᠷ ᠲᠤ ᠪᠠᠶᠢᠭ᠎ᠠ  ᠭᠦᠪᠴᠢ ᠶᠢᠨ ᠡᠯᠡᠰᠦᠨ ᠤ ᠦᠷᠦᠴᠡᠨ ᠳᠤ  ᠪᠠᠶᠢᠷᠢᠰᠢᠵᠤ᠂ ᠣᠯᠣᠰ ᠤᠨ AAAA ᠳᠡᠰ ᠤᠨ ᠵᠢᠭᠤᠯᠴᠢᠯᠠᠯ ᠤᠨ ᠣᠷᠣᠨ ᠪᠤᠯᠤᠨ᠎ᠠ᠃ ᠪᠦᠬᠦ ᠡᠵᠡᠯᠡᠬᠦ ᠳᠠᠯᠠᠪᠡᠢ ᠎ ᠨᠢ889  ᠡᠾᠧᠺᠲ᠋ᠠᠷ ᠪᠤᠯᠤᠨ᠎ᠠ  ᠂  ᠡᠭᠦᠨ ᠳᠤ ᠳᠠᠭᠤᠳᠣ ᠨᠠᠭᠤᠷ ᠤᠨ ᠣᠰᠣᠨ ᠤ ᠴᠠᠷᠠᠭ᠎ᠠ ᠶᠢᠨ ᠳᠠᠯᠠᠪᠡᠢ ᠨᠢ114.6 ᠡᠾᠧᠺᠲ᠋ᠠᠷ᠂ ᠬᠤᠯᠤᠰᠣᠨ ᠨᠤᠶᠢᠳᠠᠨ ᠭᠠᠵᠠᠷ ᠤᠨ ᠳᠠᠯᠠᠪᠡᠢ ᠨᠢ10.1 ᠡᠾᠧᠺᠲ᠋ᠠᠷ᠂  ᠳᠠᠯ᠎ᠠ ᠨᠤᠲᠤᠭ ᠤᠨ ᠳᠠᠯᠠᠪᠡᠢ ᠨᠢ 380 ᠡᠾᠧᠺᠲ᠋ᠠᠷ᠂ ᠡᠯᠡᠰᠦᠨ ᠤ ᠳᠠᠯᠠᠪᠡᠢ ᠨᠢ 383.7 ᠡᠾᠧᠺᠲ᠋ᠠᠷ  ᠪᠠᠶᠢᠵᠤ᠂ ᠢ ᠯᠢ ᠪᠦᠯᠦᠭᠯᠡᠯ ᠠᠴᠠ ᠪᠡᠯᠡ  ᠣᠷᠣᠭᠤᠯᠣᠨ ᠪᠦᠳᠦᠭᠡᠨ ᠪᠠᠶᠢᠭᠤᠯᠤᠭᠰᠡᠨ ᠨᠢᠭᠡᠨ ᠡᠯᠡᠰᠣ  ᠮᠠᠩᠬᠠᠨ ᠤ ᠠᠮᠢ ᠠᠬᠤᠢ ᠶᠢᠨ  ᠪᠦᠳᠦᠭᠡᠨ ᠪᠠᠶᠢᠭᠤᠯᠤᠯᠳᠠ ᠪᠠᠷ ᠭᠤᠤᠯ ᠰᠡᠳᠣᠪ ᠢᠶᠠᠨ ᠪᠤᠯᠭᠠᠵᠤ᠂ ᠡᠯᠡᠰᠦᠨ ᠤ  ᠡᠬᠢ ᠪᠠᠶᠠᠯᠢᠭ ᠪᠤᠯᠤᠨ ᠡᠯᠡᠰᠣᠨ ᠨᠠᠭᠤᠷ ᠢᠶᠠᠷ ᠲᠦᠰᠢᠭ ᠪᠤᠯᠭᠠᠵᠤ᠂ ᠡᠯᠡᠰᠣ ᠠᠩᠬᠠᠨ ᠤ ᠠᠮᠢ ᠠᠬᠤᠢ ᠶᠢᠨ ᠵᠢᠭᠤᠯᠴᠢᠯᠠᠯ ᠎ ᠢᠶᠠᠷ ᠬᠢᠯᠠᠰ ᠴᠡᠭ  ᠪᠤᠯᠭᠠᠭᠰᠡᠨ ᠰᠡᠯᠡᠭᠦᠴᠡᠨ ᠠᠮᠠᠷᠠᠬᠤ ᠮᠠᠶ᠋ᠢᠭ ᠤᠨ  ᠡᠯᠡᠰᠣ  ᠮᠠᠩᠬᠠᠨ ᠤ ᠵᠢᠭᠤᠯᠴᠢᠯᠠᠯ ᠤᠨ ᠣᠷᠣᠨ ᠪᠤᠯᠤᠨ᠎ᠠ᠃ 2007 ᠤᠨ ᠤ 8 ᠳ᠋ᠣᠭᠠᠷ ᠰᠠᠷ᠎ᠠ ᠳᠤ᠂ ᠢ ᠯᠢ  ᠡᠭᠢ  ᠪᠠᠶᠠᠯᠢᠭ ᠤᠨ ᠪᠦᠯᠦᠭᠯᠡᠯ ᠠᠴᠠ ᠰᠠᠨᠠᠭᠠᠴᠢᠯᠠᠭ᠎ᠠ  ᠭᠠᠷᠭᠠᠵᠤ ᠣᠷᠳᠣᠰ ᠬᠤᠲᠠ ᠲᠠᠢ ᠬᠠᠮᠳᠣ ᠪᠠᠷ ᠲᠦᠪ ᠤᠨ ᠨᠢᠭᠡᠳᠣᠮᠠᠯ ᠹᠷᠤᠨᠲ  ᠎ ᠤᠨ ᠬᠡᠯᠳᠡᠰ᠂ ᠦᠪᠦᠷ ᠮᠤᠩᠭᠤᠯ ᠤᠨ ᠦᠪᠡᠷᠳᠡᠭᠡᠨ ᠵᠠᠰᠠᠬᠤ ᠣᠷᠣᠨ  ᠎ ᠤ   ᠠᠷᠠᠳ ᠤᠨ ᠵᠠᠰᠠᠭ ᠤᠨ ᠣᠷᠳᠣᠨ᠂ ᠣᠯᠣᠰ ᠤᠨ ᠣᠢ  ᠰᠢᠭᠤᠢ ᠶᠢᠨ ᠲᠤᠪᠴᠢᠶ᠎ᠠ ᠵᠡᠷᠭᠡ  ᠎ ᠠᠴᠠ ᠭᠤᠤᠯᠴᠢᠯᠠᠨ ᠡᠷᠬᠢᠯᠡᠭᠰᠡᠨ ᠬᠦᠪᠴᠢ ᠶᠢᠨ ᠣᠯᠠᠨ ᠣᠯᠣᠰ ᠤᠨ ᠡᠯᠡᠰᠦᠨ ᠤ  ᠦᠭᠦᠯᠡᠯ ᠤᠨ ᠲᠠᠪᠴᠠᠩ ᠤᠨ ᠬᠤᠷᠠᠯ ᠢ ᠳᠠᠭᠠᠭᠠᠴᠢᠯᠠᠨ ᠬᠢᠭᠰᠡᠨ ᠪᠠᠶᠢᠨ᠎ᠠ᠃  ᠣᠯᠠᠨ ᠣᠯᠣᠰ ᠤᠨ ᠬᠤᠯᠪᠤᠭᠠᠳᠣ ᠪᠠᠶᠢᠭᠤᠯᠭ᠎ᠠ ᠶᠢᠨ ᠤᠷᠴᠢᠨ ᠲᠤᠭᠤᠷᠢᠨ ᠤ ᠭᠦᠭᠵᠢᠯᠳᠡ ᠶᠢᠨ ᠶᠡᠷᠤᠩᠭᠡᠢ ᠵᠠᠬᠢᠷᠭ᠎ᠠ ᠵᠡᠷᠭᠡ 4  ᠵᠤᠬᠢᠶᠠᠨ ᠪᠠᠶᠢᠭᠤᠯᠤᠯᠳᠠ ᠪᠠ  ᠳᠣᠮᠳᠠᠳᠣ ᠣᠯᠣᠰ ᠲᠤ  ᠰᠠᠭᠤᠭ᠎ᠠ 13 ᠣᠯᠣᠰ ᠤᠨ ᠡᠯᠴᠢᠨ ᠰᠠᠶᠢᠳ  ᠨᠠᠷ ᠲᠤᠰ ᠣᠳᠠᠭᠠᠨ ᠤ  ᠦᠪᠡᠳᠡᠭᠰᠢ ᠬᠤᠷᠠᠯ ᠳᠤ  ᠣᠷᠣᠯᠴᠠᠵᠤ᠂  ᠳᠡᠷᠡᠴᠢᠯᠡᠨ ᠳᠠᠭᠤᠳᠣ ᠨᠠᠭᠤᠷ ᠢ  ᠦᠨᠢᠳᠡ ᠶᠢᠨ ᠬᠤᠷᠠᠯ ᠤᠨ ᠭᠠᠵᠠᠷ ᠢᠶᠠᠷ ᠳᠣᠭᠳᠠᠭᠠᠭᠰᠡᠨ ᠪᠠᠶᠢᠨ᠎ᠠ᠃      ᠳᠠᠭᠤᠳᠣ ᠨᠠᠭᠤᠷ ᠤᠨ ᠳᠣᠯᠣᠭᠠᠨ ᠨᠠᠭᠤᠷ  ᠴᠦᠭᠦᠷᠦᠮ ᠪᠤᠯ᠂ ᠶᠡᠭᠡ ᠳᠠᠭᠤᠳᠣ ᠨᠠᠭᠤᠷ᠂  ᠬᠤᠨ ᠭᠠᠯᠠᠭᠤᠨ ᠨᠠᠭᠤᠷ᠂  ᠢᠨᠠᠭ ᠬᠠᠶᠢᠷ᠎ᠠ ᠶᠢᠨ ᠨᠠᠭᠤᠷ  ᠂ ᠰᠠᠷᠠᠨ ᠰᠠᠬᠢᠭᠤᠯᠰᠣᠨ ᠨᠠᠭᠤᠷ᠂ ᠰᠣᠪᠣᠳ ᠨᠠᠭᠤᠷ᠂  ᠨᠠᠷᠠᠨ ᠰᠠᠬᠢᠭᠤᠯᠰᠣᠨ ᠨᠠᠭᠤᠷ  ᠪᠤᠯᠤᠨ᠎ᠠ᠂ ᠡᠳᠡᠭᠡᠷ ᠨᠠᠭᠤᠷ ᠴᠦᠭᠦᠷᠦᠮ ᠨᠢ ᠡᠯᠡᠰᠦᠨ‌ᠠᠭᠤᠯᠠ  ᠎ ᠪᠠᠷ ᠬᠠᠷᠢᠯᠴᠠᠨ ᠠᠯᠤᠰᠯᠠᠨ᠂ ᠠᠭᠤᠷ ᠠᠮᠢᠰᠬᠤᠯ ᠰᠣᠷᠭᠤᠭ ᠰᠠᠶᠢᠬᠠᠨ  ᠂ ᠨᠠᠭᠤᠷ ᠤᠨ  ᠣᠰᠣ ᠨᠢ  ᠰᠠᠷᠠᠭᠤᠯ ᠲᠤᠩᠭᠠᠯᠠᠭ  ᠪᠠᠶᠢᠳᠠᠭ᠃ ᠠᠳᠡᠬᠢ ᠠᠮᠢ ᠠᠬᠤᠢ ᠶᠢᠨ ᠤᠷᠴᠢᠨ ᠲᠤᠭᠤᠷᠢᠨ ᠢ  ᠨᠡᠩ ᠰᠠᠶᠢᠨ ᠬᠠᠮᠠᠭᠠᠯᠬᠤ ᠶᠢᠨ ᠲᠦᠯᠦᠭᠡ᠂ ᠳᠠᠭᠤᠳᠣ ᠨᠠᠭᠤᠷ  ᠎ ᠤᠨ ᠡᠯᠡᠰᠣ ᠮᠠᠩᠬᠠᠨ ᠤ ᠠᠮᠢ ᠠᠬᠤᠢ ᠶᠢᠨ ᠵᠢᠭᠤᠯᠴᠢᠯᠠᠯ ᠤᠨ ᠣᠷᠣᠨ ᠤ ᠎ ᠬᠢᠨ ᠶᠡᠭᠡ ᠳᠠᠭᠤᠳᠣ ᠨᠠᠭᠤᠷ ᠢ ᠭᠤᠤᠯᠳᠠᠯᠭ᠎ᠠ ᠲᠠᠢ ᠨᠡᠭᠡᠭᠡᠨ ᠠᠰᠢᠭᠯᠠᠵᠤ᠂  ᠪᠤᠰᠣᠳ ᠵᠢᠷᠭᠤᠭᠠᠨ ᠨᠠᠭᠤᠷ  ᠎ ᠤᠨ ᠪᠠᠶᠢᠭᠠᠯᠢᠯᠢᠭ ᠪᠠᠶᠢᠳᠠᠯ  ᠎ ᠢ ᠪᠠᠳᠣᠯᠠᠭᠰᠡᠨ ᠪᠠᠶᠢᠨ᠎ᠠ      ᠦᠵᠡᠮᠵᠢ ᠶᠢᠨ ᠣᠷᠣᠨ ᠢ ᠡᠮᠤᠨ᠎ᠡ ᠬᠤᠶᠢᠨ᠎ᠠ ᠬᠤᠶᠠᠷ ᠲᠤᠭᠤᠷᠢᠭ ᠬᠤᠪᠢᠶᠠᠵᠤ᠂ ᠡᠮᠤᠨ᠎ᠡ ᠲᠤᠭᠤᠷᠢᠭ  ᠎ ᠨᠢ ᠦᠨᠳᠦᠷ ᠳᠡᠰ ᠤᠨ ᠬᠡᠷᠡᠭᠯᠡᠭᠡᠨ ᠤ VIP  ᠲᠤᠭᠤᠷᠢᠭ  ᠪᠤᠯᠤᠨ᠎ᠡ᠂  ᠶᠡᠭᠡ ᠳᠠᠭᠤᠳᠣ ᠨᠠᠭᠤᠷ ᠤᠨ ᠡᠮᠤᠨ᠎ᠡ ᠡᠷᠬᠢ ᠳᠤ ᠪᠠᠶᠢᠷᠢᠰᠢᠵᠤ᠂ ᠭᠤᠤᠯᠳᠠᠭᠤ ᠵᠤᠰᠠᠯᠠᠩ ᠤᠨ ᠣᠷᠣᠨ  ᠂ ᠮᠤᠩᠭᠤᠯ ᠵᠠᠩ ᠦᠢᠯᠡ ᠶᠢᠨ ᠬᠦᠷᠢᠶᠡᠯᠡᠩ᠂  ᠬᠤᠭᠤᠯᠠᠨ  ᠭᠡᠷ  ᠪᠤᠯᠤᠨ ᠦᠨᠳᠦᠷ ᠳᠡᠰ ᠤᠨ ᠺᠢᠯᠦᠪ ᠢᠶᠠᠷ ᠪᠦᠷᠢᠯᠳᠦᠵᠡᠢ᠃ ᠵᠤᠰᠠᠯᠠᠩ ᠤᠨ ᠣᠷᠣᠨ ᠨᠢ 15  ᠨᠡᠭᠦᠳᠡᠯ ᠵᠤᠰᠠᠯᠠᠩ᠂ 4 ᠡᠸᠦ᠋ᠷᠦᠫᠡ ᠮᠠᠶ᠋ᠢᠭ ᠤᠨ ᠵᠤᠰᠠᠯᠠᠩ ᠪᠤᠯᠤᠨ 3  ᠶᠡᠷᠤᠩᠭᠡᠶᠢᠯᠡᠭᠴᠢ ᠶᠢᠨ ᠵᠤᠰᠠᠯᠠᠩ ᠢᠶᠠᠷ ᠪᠦᠷᠢᠯᠳᠦᠭᠰᠡᠨ ᠪᠠᠶᠢᠨ᠎ᠠ᠃ ᠮᠤᠩᠭᠤᠯ ᠵᠠᠩ ᠦᠢᠯᠡ ᠶᠢᠨ ᠬᠦᠷᠢᠶᠡᠯᠡᠩ ᠨᠢ 50 ᠮᠤᠩᠭᠤᠯ ᠭᠡᠷ ᠪᠠ 14 ᠭᠤᠶᠤ ᠭᠡᠭᠡᠨᠴᠢᠷ ᠮᠤᠩᠭᠤᠯ ᠭᠡᠷ ᠢᠶᠠᠷ  ᠪᠦᠷᠢᠯᠳᠦᠵᠡᠢ᠃  ᠬᠤᠶᠢᠨ᠎ᠡ ᠲᠤᠭᠤᠷᠢᠭ ᠨᠢ ᠶᠡᠭᠡ ᠳᠠᠭᠤᠳᠣ ᠨᠠᠭᠤᠷ ᠤᠨ  ᠤᠮᠠᠷᠠᠳᠣ  ᠡᠷᠬᠢ ᠎ ᠳᠤ ᠪᠠᠶᠢᠷᠢᠰᠢᠵᠤ᠂  ᠶᠡᠷᠤᠩᠭᠡᠶᠢᠯᠡᠭᠰᠡᠨ ᠦᠢᠯᠡᠴᠢᠯᠡᠭᠡᠨ ᠤ ᠲᠤᠭᠤᠷᠢᠭ ᠪᠤᠯᠤᠨ᠎ᠠ᠂ ᠮᠦᠨ ᠴᠣ᠋ ᠬᠡᠭᠡᠷ᠎ᠡ ᠭᠠᠳᠠᠨᠠᠬᠢ  ᠦᠷᠭᠡᠳᠭᠡᠭᠰᠡᠨ ᠪᠤᠯᠪᠠᠰᠣᠷᠠᠯ ᠤᠨ ᠰᠠᠭᠤᠷᠢᠨ ᠭᠠᠵᠠᠷ ᠪᠠᠶᠢᠵᠤ᠂  ᠡᠮᠤᠨ᠎ᠡ ᠲᠤᠭᠤᠷᠢᠭ ᠲᠠᠢ ᠨᠠᠭᠤᠷ  ᠠᠯᠤᠰᠯᠠᠨ ᠬᠠᠷᠢᠯᠴᠠᠨ ᠪᠠᠷᠠᠯᠠᠵᠤ᠂  ᠨᠡᠶᠢᠲᠡ 326 ᠬᠦᠮᠦᠨ ᠢ ᠵᠤᠴᠢᠯᠠᠵᠤ ᠳᠡᠶᠢᠯᠤᠨ᠎ᠡ  ᠃
ᠢᠷᠡᠯᠲᠡ᠄ ᠲᠣᠰ ᠰᠥᠯᠵᠢᠶ᠎ᠠ