ᠬᠢᠶ᠎ᠠ ᠪᠠᠭᠰᠢ ᠲᠤᠭᠤᠷᠢᠭ ᠤᠨ  ᠵᠢᠭᠤᠯᠴᠢᠯᠠᠯ ᠤᠨ ᠤᠷᠤᠨ ︵  ᠣᠯᠣᠰ ᠤᠨAAAA ᠳᠡᠰ︶
ᠨᠡᠶᠢᠲᠡᠯᠡᠭᠰᠡᠨ ᠴᠠᠭ᠄
2017/12/15
     ᠬᠢᠶ᠎ᠠ ᠪᠠᠭᠰᠢ ᠵᠢᠭᠤᠯᠴᠢᠯᠠᠯ ᠤᠨ ᠤᠷᠤᠨ ᠨᠢ ᠬᠢᠶ᠎ᠠ ᠪᠠᠭᠰᠢ ᠰᠢᠨ᠎ᠡ ᠲᠤᠭᠤᠷᠢᠭ ᠤᠨ ᠬᠤᠲᠠ ᠶᠢᠨ  ᠵᠢᠭᠤᠯᠴᠢᠯᠠᠯ  ᠎ ᠢᠶᠠᠷ ᠲᠦᠰᠢᠭ ᠪᠤᠯᠭᠠᠭᠰᠡᠨ᠂ ᠣᠷᠳᠣᠰ ᠎ ᠤᠨ ᠣᠳᠣᠬᠢᠴᠢᠯᠠᠭᠰᠡᠨ  ᠭᠤᠣᠯᠳᠠᠯᠭᠠᠲᠤ ᠬᠤᠲᠠ ᠶᠢᠨ ᠭᠤᠤᠯ ᠲᠤᠭᠤᠷᠢᠭ ᠪᠠᠶᠢᠵᠤ᠂  ᠤᠷᠴᠢᠨ ᠲᠤᠭᠤᠷᠢᠨ ᠤ ᠤᠷᠠᠯᠢᠭ ᠤᠨ  ᠵᠢᠱᠢᠶ᠎ᠡ ᠦᠵᠡᠭᠦᠯᠬᠦ ᠬᠤᠲᠠ᠂ ᠪᠦᠬᠦ ᠣᠯᠣᠰ ᠤᠨ ᠪᠤᠯᠪᠠᠰᠣᠨ ᠬᠤᠲᠠ᠂ ᠰᠢᠯᠢᠳᠡᠭ ᠵᠢᠭᠤᠯᠴᠢᠯᠠᠯ ᠤᠨ ᠬᠤᠲᠠ ᠣᠷᠳᠣᠰ ᠬᠤᠲᠠ ᠶᠢᠨ  ᠴᠢᠬᠤᠯᠠ ᠪᠦᠷᠢᠯᠳᠦᠭᠦᠨ ᠭᠡᠰᠡᠭ  ᠪᠤᠯᠤᠨ᠎ᠠ᠃ 2012 ᠤᠨ ᠤ 8 ᠳ᠋ᠣᠭᠠᠷ ᠰᠠᠷ᠎ᠠ ᠶᠢᠨ14᠎ ᠤ ᠡᠳᠣᠷ ᠪᠦᠬᠦ  ᠣᠯᠣᠰ ᠤᠨ ᠵᠢᠭᠤᠯᠴᠢᠯᠠᠯ ᠤᠨ ᠶᠠᠰᠣ ᠴᠢᠨᠠᠷ ᠵᠡᠷᠭᠡ ᠳᠡᠰ ᠤᠨ ᠵᠦᠪᠯᠡᠯ ᠠᠴᠠ 4A ᠳᠡᠰ ᠤᠨ ᠵᠢᠭᠤᠯᠴᠢᠯᠠᠯ ᠎ ᠤᠨ ᠣᠷᠣᠨ ᠢᠶᠠᠷ  ᠦᠨᠡᠯᠡᠵᠤ᠂  ᠪᠦᠬᠦ ᠣᠯᠣᠰ ᠤᠨ ᠠᠩᠬᠠᠳᠠᠭᠴᠢ ᠬᠤᠲᠠ ᠪᠠᠷ ᠵᠢᠭᠤᠯᠴᠢᠯᠠᠯ ᠤᠨ ᠤᠷᠤᠨ  ᠪᠤᠯᠭᠠᠬᠤ  ᠎ ᠶᠢ ᠵᠦᠪᠰᠢᠶᠡᠷᠡᠭᠰᠡᠨ ᠣᠯᠣᠰ ᠤᠨ4A ᠳᠡᠰ ᠤᠨ ᠵᠢᠭᠤᠯᠴᠢᠠᠯᠯ ᠤᠨ ᠤᠷᠤᠨ  ᠪᠤᠯᠤᠨ᠎ᠡ  ᠃
     ᠬᠢᠶ᠎ᠠ ᠪᠠᠭᠰᠢ ᠵᠢᠭᠤᠯᠴᠢᠯᠠᠯ ᠤᠨ ᠣᠷᠣᠨ ᠬᠤᠲᠠ ᠶᠢᠨ ᠰᠡᠯᠡᠭᠦᠴᠡᠨ  ᠠᠮᠠᠷᠠᠵᠤ ᠵᠤᠭᠠᠴᠠᠬᠤ ᠪᠠᠷ ᠭᠤᠤᠯ ᠪᠤᠯᠭᠠᠵᠤ᠂ ᠰᠣᠶᠣᠯ ᠤᠨ ᠠᠭᠤᠳᠠᠮ ᠳᠠᠯᠠᠪᠡᠢ᠂  ᠭᠤᠤᠯ ᠰᠡᠳᠣᠪᠳᠣ ᠴᠡᠴᠡᠷᠯᠢᠭ᠂ ᠮᠦᠽᠸᠢ᠂  ᠬᠠᠭᠤᠴᠢᠨ ᠪᠠᠭᠤᠷᠢ᠂  ᠬᠤᠲᠠ ᠶᠢᠨ ᠦᠵᠡᠮᠵᠢ ᠶᠢᠨ ᠨᠠᠭᠤᠷ᠂  ᠰᠣᠶᠣᠯ ᠤᠨ ᠪᠠᠷᠢᠯᠭ᠎ᠠ᠂  ᠵᠢᠭᠤᠯᠴᠢᠯᠠᠯ ᠤᠨ  ᠴᠢᠳᠠᠮᠵᠢ ᠶᠢᠨ ᠲᠤᠭᠤᠷᠢᠭ  ᠎ ᠢᠶᠠᠷ ᠭᠤᠤᠯ ᠦᠪᠡᠷᠮᠢᠴᠡ ᠣᠨᠴᠠᠯᠢᠭ ᠪᠤᠯᠭᠠᠵᠡᠢ᠃ ᠦᠵᠡᠮᠵᠢ ᠶᠢᠨ ᠣᠷᠣᠨ ᠳᠤ  ᠪᠠᠶᠢᠭ᠎ᠠ ᠳᠣᠯᠣᠭᠠᠨ ᠭᠤᠤᠯ ᠰᠡᠳᠣᠪᠳᠣ ᠠᠭᠤᠳᠠᠮ ᠳᠠᠯᠠᠪᠡᠢ  ᠎ ᠨᠢ᠄  ᠴᠢᠩᠭᠢᠰ ᠬᠠᠭᠠᠨ ᠠᠭᠤᠳᠠᠮ ᠳᠠᠯᠠᠪᠡᠢ᠂  ᠬᠤᠶᠠᠷ ᠵᠠᠭᠠᠯ ᠠᠭᠤᠳᠠᠮ ᠳᠠᠯᠠᠪᠡᠢ᠂   ᠨᠠᠷᠠᠨ ᠠᠭᠤᠳᠠᠮ ᠳᠠᠯᠠᠪᠡᠢ᠂  ᠮᠤᠩᠭᠤᠯ ᠰᠢᠳᠡᠷ᠎ᠠ ᠶᠢᠨ ᠠᠭᠤᠳᠠᠮ ᠳᠠᠯᠠᠪᠡᠢ᠂  ᠳᠠᠯ᠎ᠠ ᠨᠤᠲᠤᠭ ᠤᠨ ᠬᠠᠶᠢᠷ᠎ᠠ ᠠᠭᠤᠳᠠᠮ ᠳᠠᠯᠠᠪᠡᠢ᠂ ᠵᠢᠣᠢ ᠯᠢ ᠠᠮᠳᠠᠳᠣ ᠢᠳᠡᠭᠡᠨ ᠣᠮᠳᠠᠭᠠᠨ ᠤ ᠠᠭᠤᠳᠠᠮ ᠳᠠᠯᠠᠪᠡᠢ᠂  ᠬᠠᠷᠠᠭᠠᠨ ᠶᠢᠷᠳᠢᠨᠴᠣ ᠶᠢᠨ ᠠᠭᠤᠳᠠᠮ ᠳᠠᠯᠠᠪᠡᠢ  ︔ ᠳᠦᠷᠪᠡᠨ ᠳᠣᠮᠣ ᠭᠤᠤᠯ ᠰᠡᠳᠣᠪᠳᠣ ᠴᠡᠴᠡᠷᠯᠢᠭ  ᠎ ᠨᠢ᠄  ᠠᠽᠢᠶ᠎ᠠ ᠲᠢᠪ ᠤᠨ ᠱᠣᠭᠤᠮᠠᠯ ᠣᠷᠠᠯᠢᠭ ᠤᠨ ᠭᠤᠤᠯ ᠰᠡᠳᠣᠪᠳᠣ ᠴᠡᠴᠡᠷᠯᠢᠭ᠂  ᠬᠢᠶ᠎ᠠ ᠪᠠᠭᠰᠢ ᠶᠢᠨ ᠭᠤᠤᠯᠳᠠᠯᠭᠠᠳᠣ ᠴᠡᠴᠡᠷᠯᠢᠭ᠂ ᠴᠢᠩ ᠴᠦᠨ ᠱᠠᠨ ᠴᠡᠴᠡᠷᠯᠢᠭ  ᠂  ᠳᠠᠯ᠎ᠠ ᠨᠤᠲᠤᠭ ᠤᠨ ᠣᠷᠠᠨ  ᠵᠢᠷᠤᠭ ᠰᠣᠶᠣᠯ ᠤᠨ ᠴᠡᠴᠡᠷᠯᠢᠭ  ︔ ᠭᠤᠷᠪᠠᠨ ᠳᠣᠮᠤ ᠮᠦᠽᠸᠢ ᠨᠢ᠄ ᠣᠷᠳᠣᠰ ᠮᠦᠽᠸᠢ᠂ ᠣᠷᠳᠣᠰ ᠤᠨ ᠭᠠᠵᠠᠷ ᠰᠢᠨᠵᠢᠯᠡᠭᠡᠨ ᠤ ᠮᠦᠽᠸᠢ᠂ ᠪᠤᠳᠠᠰ ᠤᠨ ᠪᠤᠰᠣ ᠰᠣᠶᠣᠯ ᠤᠨ ᠦᠯᠡᠳᠡᠭᠳᠡᠯ ᠤᠨ ᠦᠵᠡᠭᠦᠯᠦᠯᠭᠡ ᠶᠢᠨ ᠣᠷᠳᠣᠨ  ︔  ᠬᠠᠭᠤᠴᠢᠨ ᠪᠠᠭᠤᠷᠢ ᠨᠢ᠄ ᠣᠯᠠᠭᠠᠨᠮᠦ᠋ᠷᠡᠨ ᠤ ᠡᠷᠳᠡᠨ ᠤ ᠪᠠᠭᠤᠴᠠ︔  ᠬᠤᠲᠠ ᠶᠢᠨ ᠦᠵᠡᠮᠵᠢ ᠶᠢᠨ ᠨᠠᠭᠤᠷ᠄ ᠣᠯᠠᠭᠠᠨᠮᠦ᠋ᠷᠡᠨ ᠦᠵᠡᠮᠵᠢ ᠶᠢᠨ ᠨᠠᠭᠤᠷ  ︔ ᠵᠢᠷᠭᠤᠭᠠᠨ ᠳᠣᠮᠣ ᠰᠣᠶᠣᠯ ᠤᠨ ᠪᠠᠷᠢᠯᠭ᠎ᠠ  ᠎ ᠨᠢ᠄ ᠣᠷᠳᠣᠰ ᠤᠨ ᠣᠯᠠᠨ ᠣᠯᠣᠰ ᠤᠨ ᠬᠤᠷᠠᠯ ᠦᠵᠡᠭᠦᠯᠦᠯᠭᠡ ᠶᠢᠨ ᠲᠦᠪ᠂ ᠤᠷᠳᠤᠰ ᠰᠣᠨᠢᠨ ᠮᠡᠳᠡᠭᠡᠨ ᠤ ᠲᠦᠪ᠂  ᠣᠷᠳᠣᠰ  ᠳᠣᠮᠣ ᠲᠢᠶᠠᠲᠷ᠂  ᠣᠷᠳᠣᠰ ᠰᠣᠶᠣᠯ ᠣᠷᠠᠯᠢᠭ ᠤᠨ ᠲᠦᠪ᠂ ᠣᠷᠳᠣᠰ ᠮᠦᠽᠸᠢ᠂ ᠣᠷᠳᠣᠰ ᠨᠤᠮ ᠤᠨ ᠰᠠᠩ ᠪᠤᠯᠤᠨ᠎ᠠ ᠃  ᠵᠢᠭᠤᠯᠴᠢᠯᠠᠯ ᠤᠨ ᠴᠢᠳᠠᠮᠵᠢ ᠶᠢᠨ ᠣᠷᠣᠨ ᠨᠢ᠄  ᠣᠷᠳᠣᠰ ᠬᠤᠷᠢᠮ ᠤᠨ ᠰᠣᠶᠣᠯ ᠤᠨ ᠬᠦᠷᠢᠶᠡᠯᠩ᠂ ᠦᠨᠳᠦᠰᠦᠳᠡᠨ ᠤ ᠪᠦᠯᠭᠦᠮᠳᠡᠯ ᠭᠤᠤᠯ ᠰᠡᠳᠣᠪᠳᠣ ᠴᠡᠴᠡᠷᠯᠢᠭ᠂ ᠣᠷᠳᠣᠰ ᠣᠯᠠᠨ ᠣᠯᠣᠰ ᠤᠨ ᠳᠡᠷᠭᠡ ᠣᠷᠣᠯᠳᠣᠬᠤ ᠬᠤᠲᠠ᠂  ᠴᠢᠶᠠᠨ ᠲᠢᠩ ᠱᠠᠨ ᠰᠣᠶᠣᠯ ᠤᠨ ᠦᠵᠡᠮᠵᠢ ᠶᠢᠨ ᠣᠷᠣᠨ ᠪᠤᠯᠤᠨ᠎ᠠ  ᠃      ᠦᠵᠡᠮᠵᠢ ᠶᠢᠨ ᠣᠷᠣᠨ ᠪᠠ ᠬᠤᠲᠠ ᠶᠢᠨ ᠪᠦᠳᠦᠭᠡᠨ ᠪᠠᠶᠢᠭᠤᠯᠤᠯᠳᠠ ᠶᠢᠨ ᠭᠤᠶᠢᠳᠠ ᠰᠠᠶᠢᠬᠠᠨ ᠴᠤᠭᠯᠠᠷᠠᠯ  ᠎ ᠨᠢ ᠲᠤᠬᠠᠢ ᠶᠢᠨ ᠭᠠᠵᠠᠷ ᠤᠷᠤᠨ ᠤ ᠰᠠᠭᠤᠭᠠᠯᠢ ᠠᠷᠠᠳ  ᠎ ᠲᠤ ᠣᠷᠣᠰᠢᠨ  ᠰᠠᠭᠤᠷᠢᠰᠢᠵᠤ ᠦᠢᠯᠡᠰ ᠪᠦᠳᠦᠭᠡᠭᠦ ᠳᠤ ᠳᠠᠭᠠᠯᠠᠮᠵᠢᠳᠠᠢ ᠠᠮᠢᠳᠣᠷᠠᠯ ᠤᠨ ᠤᠷᠴᠢᠨ ᠪᠠ ᠭᠠᠳᠠᠨ᠎ᠠ ᠣᠷᠣᠨ  ᠎ ᠤ ᠲᠤᠭᠤᠷᠢᠨ  ᠵᠤᠭᠠᠴᠠᠭᠰᠠᠳ ᠎ ᠲᠤ ᠳᠠᠭᠠᠯᠠᠮᠵᠢᠳᠠᠢ ᠰᠡᠯᠡᠭᠦᠴᠡᠨ  ᠠᠮᠠᠷᠠᠵᠤ ᠵᠤᠭᠠᠴᠠᠬᠤ  ᠣᠷᠣᠨ ᠢ  ᠪᠦᠷᠢᠯᠳᠦᠭᠦᠯᠵᠤ᠂ ᠬᠠᠮᠤᠭ ᠡᠴᠣᠰ ᠲᠤ  ᠦᠪᠡᠷᠮᠢᠴᠡ ᠰᠢᠳᠢᠳᠣ ᠬᠦᠴᠦᠨ ᠲᠠᠢ  ᠂ ᠰᠣᠶᠣᠯ ᠎ ᠤᠨ ᠠᠭᠤᠯᠤᠭᠳᠠᠬᠤᠨ  ᠎ ᠢᠶᠠᠷ ᠬᠦᠨ ᠵᠤᠵᠠᠭᠠᠨ᠂ ᠣᠷᠣᠰᠢᠨ ᠰᠠᠭᠤᠷᠢᠰᠢᠵᠤ ᠵᠤᠭᠠᠴᠠᠨ ᠲᠤᠭᠤᠷᠢᠬᠤ ᠳᠤ ᠳᠠᠭᠠᠯᠠᠮᠵᠢᠳᠠᠢ 5A  ᠳᠡᠰ ᠤᠨ ᠵᠢᠭᠤᠯᠴᠢᠯᠠᠯ ᠤᠨ ᠣᠷᠣᠨ ᠎ ᠢ ᠪᠠᠶᠢᠭᠤᠯᠵᠤ᠂ ᠡᠷᠡᠨᠰᠡᠭ᠂ ᠣᠳᠣᠬᠢᠴᠢᠯᠠᠭᠰᠡᠨ᠂  ᠰᠡᠯᠡᠭᠦᠴᠡᠨ ᠵᠤᠭᠠᠴᠠᠬᠤ  ᠳᠠᠯ᠎ᠠ ᠨᠤᠲᠤᠭ ᠤᠨ ᠰᠣᠶᠣᠯ ᠤᠨ  ᠵᠢᠭᠤᠯᠴᠢᠯᠠᠯ ᠤᠨ ᠬᠤᠲᠠ ᠶᠢ  ᠪᠦᠳᠦᠭᠡᠨ ᠪᠠᠶᠢᠭᠤᠯᠤᠨ᠎ᠠ᠃
ᠢᠷᠡᠯᠲᠡ᠄ ᠲᠣᠰ ᠰᠥᠯᠵᠢᠶ᠎ᠠ