ᠴᠢᠩᠬᠢᠰ ᠤᠨ ᠤᠩᠭᠤᠨ ︵  ᠣᠯᠣᠰ ᠤᠨAAAAA ᠳᠡᠰ︶
ᠨᠡᠶᠢᠲᠡᠯᠡᠭᠰᠡᠨ ᠴᠠᠭ᠄
2017/12/16
     ᠲᠤᠷᠠᠰᠠᠬᠠᠯ ᠤᠨ ᠴᠢᠨᠠᠷᠳᠠᠢ ᠤᠩᠭᠤᠨ ᠤ ᠪᠠᠷᠢᠯᠭ᠎ᠠ᠃ ᠦᠪᠤᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠤᠷᠳᠤᠰ ᠬᠤᠳᠠ ᠶᠢᠨ ᠡᠵᠡᠨ ᠬᠤᠷᠤᠭ᠎ᠠ ᠬᠤᠰᠢᠭᠤᠨ ᠤ ᠠᠯᠳᠠᠨ ᠰᠢᠷᠡᠭᠡᠳᠤ ᠪᠠᠯᠭᠠᠰᠤᠨ ᠤ ᠵᠡᠭᠦᠨ ᠡᠮᠤᠨᠡᠳᠤ 15 ᠺᠢᠯᠤᠮᠧᠲᠷ ᠵᠠᠢ ᠲᠠᠢ ᠪᠠᠶᠢᠳᠠᠭ᠃ ᠴᠢᠩᠬᠢᠰ ᠬᠠᠭᠠᠨ ᠤ ᠤᠩᠭᠤᠨ ᠠᠭᠤᠳᠠᠮ ᠶᠡᠭᠡ ᠬᠦᠷᠢᠶ᠎ᠠ ᠲᠠᠢ᠂ ᠭᠤᠶᠤ ᠰᠠᠶᠢᠬᠠᠨ ᠦᠩᠭᠡ ᠦᠵᠡᠮᠵᠢ ᠲᠠᠢ᠂ ᠤᠨᠴᠠ ᠭᠤᠶᠢᠳᠠ ᠦᠨᠳᠤᠰᠤᠳᠡᠨ ᠤ ᠤᠳᠤᠮᠰᠢᠯᠳᠤ ᠪᠠᠷᠢᠯᠭ᠎ᠠ ᠶᠢᠨ ᠦᠪᠡᠷᠮᠢᠴᠠ ᠬᠡᠪ ᠨᠠᠮᠪᠠ ᠲᠠᠢ ᠤᠷᠳᠤᠨ ᠬᠠᠷᠰᠢ ᠶᠤᠮ᠃ ᠪᠦᠬᠦ ᠤᠩᠭᠤᠨ ᠤ ᠲᠠᠯᠠᠪᠠᠢ ᠨᠢ 5.5 ᠲᠦᠮᠡᠨ ᠲᠦᠷᠪᠡᠯᠵᠢᠨ ᠮᠧᠲᠷ ᠪᠤᠢ᠃ ᠲᠡᠭᠦᠨ ᠤ ᠭᠤᠤᠯ ᠴᠤᠭᠴᠠ ᠪᠤᠯ ᠰᠦᠷ ᠵᠢᠪᠬᠤᠯᠠᠩ ᠲᠠᠢ ᠶᠤᠸᠠᠨ ᠲᠦᠷᠤ ᠶᠢᠨ ᠦᠶ᠎ᠠ ᠶᠢᠨ ᠠᠰᠠᠷ ᠲᠠᠭᠳᠤ ᠶᠢᠨ ᠮᠠᠶ᠋ᠢᠭ ᠢᠶᠠᠷ ᠪᠠᠶᠢᠭᠤᠯᠤᠭᠰᠡᠨ ᠡᠭᠦᠳᠡᠨ ᠲᠢᠩᠬᠢᠮ ᠪᠤᠯᠤᠨ ᠬᠤᠭᠤᠷᠤᠨᠳᠤ ᠪᠠᠨ ᠨᠠᠪᠳᠠᠷᠠᠨ ᠵᠠᠯᠭᠠᠯᠳᠤᠭᠰᠡᠨ ᠭᠤᠷᠪᠠᠨ ᠮᠤᠩᠭᠤᠯ ᠭᠡᠷ ᠰᠢᠭ ᠶᠡᠭᠡ ᠤᠷᠳᠤᠨ ᠢᠶᠠᠷ ᠪᠦᠷᠢᠯᠳᠤᠵᠡᠢ᠃ ᠭᠤᠤᠯ ᠤᠷᠳᠤᠨ ᠦᠨᠳᠤᠷ ᠢᠶᠠᠷ ᠢᠶᠠᠨ 26 ᠮᠧᠲᠷ᠃ ᠪᠠᠷᠠᠭᠤᠨ ᠪᠠ ᠵᠡᠭᠦᠨ ᠤᠷᠳᠤᠨ ᠨᠢ ᠦᠨᠳᠤᠷ ᠢᠶᠠᠷ ᠢᠶᠠᠨ 23 ᠮᠧᠲᠷ᠂ ᠠᠷᠤ ᠤᠷᠳᠤᠨ ᠬᠢᠭᠡᠳ ᠵᠡᠭᠦᠨ ᠪᠠᠷᠠᠭᠤᠨ ᠬᠤᠶᠠᠷ ᠵᠢᠭᠦᠷ ᠤᠨ ᠬᠠᠷᠰᠢ ᠶᠢᠨ ᠬᠤᠩᠬᠢᠯ ᠨᠢ ᠦᠨᠳᠤᠷ ᠢᠶᠠᠷ ᠢᠶᠠᠨ 20 ᠮᠧᠲᠷ ᠪᠤᠢ᠃ ᠭᠤᠤᠯ ᠤᠷᠳᠤᠨ ᠨᠢ ᠲᠠᠪᠬᠤᠷ ᠰᠠᠷᠠᠪᠴᠢ ᠲᠠᠢ᠂ ᠵᠡᠭᠦᠨ ᠪᠠᠷᠠᠭᠤᠨ ᠤᠷᠳᠤᠨ ᠨᠢ ᠲᠠᠩ ᠰᠠᠷᠠᠪᠴᠢ ᠲᠠᠢ᠃ ᠤᠷᠳᠤᠨ ᠤ ᠤᠷᠤᠢ ᠨᠢ ᠰᠢᠭᠦᠷ ᠰᠢᠭ ᠪᠦᠮᠪᠤᠭᠡᠷ ᠬᠡᠯᠪᠡᠷᠢ ᠲᠠᠢ ᠪᠦᠭᠡᠳ ᠠᠯᠳᠠᠨ ᠰᠢᠷᠭᠠᠯ ᠭᠡᠷᠡᠯ ᠰᠠᠴᠤᠷᠠᠳᠠᠭ᠃ ᠲᠤᠤᠷ᠎ᠠ ᠨᠢ ᠬᠦᠬᠡ ᠰᠢᠷ᠎ᠠ ᠶᠢ ᠠᠯᠠᠭᠯᠠᠭᠤᠯᠤᠭᠰᠡᠨ ᠰᠢᠷ ᠲᠠᠢ ᠪᠤᠯᠤᠷ ᠸᠠᠭᠠᠷ ᠢᠶᠠᠷ ᠡᠭᠦᠯᠡᠨ ᠤᠭᠠᠯᠵᠠ ᠭᠠᠷᠭᠠᠵᠡᠢ᠃ ᠭᠤᠤᠯ ᠤᠷᠳᠤᠨ ᠤ ᠨᠠᠢᠮᠠᠯᠵᠢᠨ ᠰᠠᠷᠠᠪᠴᠢᠨ ᠲᠤᠤᠷ᠎ᠠ ᠨᠢ ᠴᠡᠩᠭᠡᠷ ᠭᠦᠭᠡ ᠦᠩᠭᠡ ᠲᠠᠢ ᠪᠤᠰᠤᠭ᠎ᠠ ᠢᠯᠡᠷᠬᠡᠶᠢᠯᠡᠯ ᠡᠯᠭᠦᠵᠤ᠂ ᠲᠡᠭᠡᠷ᠎ᠠ ᠨᠢ ︽ᠴᠢᠩᠬᠢᠰ ᠬᠠᠭᠠᠨ ᠤ ᠤᠩᠭᠤᠨ︾ ᠭᠡᠰᠡᠨ ᠮᠤᠩᠭᠤᠯ ᠬᠢᠳᠠᠳ ᠲᠤᠮᠤ ᠠᠯᠳᠠᠨ ᠦᠰᠤᠭ᠌ ᠪᠢᠴᠢᠵᠡᠢ᠃ ᠭᠤᠤᠯ ᠤᠷᠳᠤᠨ ᠤ ᠡᠮᠤᠨ᠎ᠠ ᠲᠠᠯ᠎ᠠ ᠳᠤᠨᠢ 15 ᠮᠧᠲᠷ ᠦᠨᠳᠤᠷ ᠬᠤᠶᠠᠷ ᠲᠤᠭ ᠤᠨ ᠡᠰᠢ ᠪᠤᠰᠬᠠᠵᠤ᠂ ᠭᠤᠤᠯ ᠲᠤᠮᠳᠠ ᠨᠢ ᠬᠤᠶᠠᠷ ᠮᠧᠲᠷ ᠦᠨᠳᠤᠷ ᠭᠦᠯᠢᠰ ᠲᠠᠯᠪᠢᠵᠤ᠂ ᠲᠡᠭᠡᠷ᠎ᠠ ᠨᠢ ᠠᠷᠪᠢᠨ ᠵᠢᠵᠢᠭ ᠬᠤᠩᠬᠤ ᠲᠡᠭᠦᠵᠢᠯᠡᠭᠰᠡᠨ ᠪᠤᠯᠬᠤᠷ ᠪᠠᠶᠢᠨ ᠪᠠᠶᠢᠨ ᠵᠢᠩᠬᠢᠷ ᠵᠠᠩᠭᠠᠷ ᠲᠤᠤᠭᠠᠷᠴᠤ᠂ ᠠᠶᠠᠳᠠᠢ ᠰᠠᠶᠢᠬᠠᠨ ᠰᠤᠨᠤᠰᠳᠠᠳᠠᠭ᠃ ᠪᠦᠬᠦ ᠪᠠᠷᠢᠯᠭ᠎ᠠ ᠨᠢ ᠲᠦᠪ ᠶᠠᠬᠡᠮᠰᠤᠭ᠌᠂ ᠨᠠᠮ ᠰᠡᠯᠡᠭᠦᠨ᠂ ᠲᠦᠪᠯᠡᠭᠦᠨ ᠬᠠᠷᠠᠭᠳᠠᠨ᠎ᠠ᠃
     ᠤᠩᠭᠤᠨ ᠤ ᠭᠤᠤᠯ ᠲᠢᠩᠬᠢᠮ ᠳᠤ ᠬᠤᠶᠠᠭ ᠲᠤᠭᠤᠯᠭ᠎ᠠ ᠡᠮᠤᠰᠴᠤ᠂ ᠰᠡᠯᠡᠮ᠎ᠠ ᠪᠠᠷᠢᠨ ᠰᠠᠭᠠᠳᠠᠭᠰᠡᠨ ᠴᠢᠩᠬᠢᠰ ᠬᠠᠭᠠᠨ ᠤ ᠲᠠᠪᠤᠨ ᠮᠧᠲᠷ ᠦᠨᠳᠤᠷ ᠴᠢᠨᠳᠠᠭᠠᠨ ᠴᠢᠯᠠᠭᠤᠨ ᠱᠤᠭᠤᠮᠠᠯ ᠭᠦᠷᠤᠭ᠌ ᠨᠢ ᠰᠦᠷ ᠵᠢᠪᠬᠤᠭ᠎ᠠ ᠲᠠᠢ᠂ ᠠᠮᠢᠳᠤ ᠰᠡᠷᠡᠭᠦᠨ ᠰᠢᠭ ᠬᠠᠷᠠᠭᠳᠠᠬᠤ ᠪᠦᠭᠡᠳ ᠱᠤᠭᠤᠮᠠᠯ ᠭᠦᠷᠤᠭ᠌ ᠤᠨ ᠡᠮᠤᠨ᠎ᠠ ᠨᠢ ᠯᠤᠤ ᠰᠡᠶᠢᠯᠤᠭ᠍ᠰᠡᠨ ᠲᠠᠬᠢᠯᠭ᠎ᠠ ᠶᠢᠨ ᠰᠢᠷᠠᠭᠡᠨ ᠲᠡᠭᠡᠷ᠎ᠠ ᠡᠯ᠎ᠠ ᠵᠤᠶᠢᠯ ᠤᠨ ᠲᠡᠬᠢᠯᠭ᠎ᠠ ᠶᠢᠨ ᠵᠤᠶᠢᠯᠡᠰ ᠢ ᠦᠷᠤᠨ ᠲᠠᠯᠪᠢᠵᠤ᠂ ᠮᠦᠩᠭᠡ ᠵᠤᠯᠠ ᠭᠡᠷᠡᠯᠳᠤᠨ᠂ ᠠᠷᠴᠠ ᠭᠦᠵᠢᠰ ᠎ ᠤᠨ ᠴᠡᠩᠭᠡᠷ ᠤᠳᠤᠭ᠎ᠠ ᠰᠤᠭᠤᠨᠠᠭᠯᠠᠨ᠎ᠠ᠃ ᠴᠢᠩᠬᠢᠰ ᠬᠠᠭᠠᠨ ᠤ ᠱᠤᠭᠤᠮᠠᠯ ᠭᠦᠷᠤᠭ᠌ ᠤᠨ ᠠᠷᠤ ᠪᠠᠷ ᠠᠽᠢᠶ᠎ᠠ ᠡᠸᠦ᠋ᠷᠤᠫᠠ ᠶᠢᠨ ᠲᠤᠮᠤ ᠭᠠᠵᠡᠷ ᠤᠨ ᠵᠢᠷᠤᠭ ᠢ ᠡᠯᠭᠦᠵᠤ᠂ ᠲᠡᠭᠦᠨ ᠤ ᠲᠡᠭᠡᠷ᠎ᠠ ᠮᠤᠩᠭᠤᠯ ᠤᠨ ᠲᠦᠷᠪᠠᠨ ᠶᠡᠭᠡ ᠬᠠᠨ ᠤᠯᠤᠰ ᠤᠨ ᠤᠷᠤᠨ ᠪᠠᠶᠢᠷᠢ ᠶᠢ ᠲᠤᠳᠤᠯᠠᠭᠠᠳ᠂ ᠴᠢᠩᠬᠢᠰ ᠬᠠᠭᠠᠨ ᠤ ᠨᠠᠰᠤᠨ ᠲᠤᠷᠰᠢᠬᠢ ᠠᠤᠭ᠎ᠠ ᠶᠡᠭᠡ ᠭᠠᠪᠢᠶ᠎ᠠ ᠠᠯᠳᠠᠷ ᠢ ᠲᠤᠷᠠᠶᠢᠯᠭᠠᠵᠡᠢ᠃ ᠭᠤᠤᠯ ᠤᠷᠳᠤᠨ ᠤ ᠠᠷᠤ ᠲᠠᠯ᠎ᠠ ᠳᠤ ᠤᠩᠭᠤᠨ ᠤ ᠤᠷᠳᠤᠨ ᠪᠤᠢ᠃ ᠲᠤᠳᠤᠷ᠎ᠠ ᠨᠢ ᠭᠦᠬᠡ ᠡᠭᠦᠯᠡᠨ ᠭᠦᠯᠳᠡᠷᠭᠡ ᠲᠠᠢ ᠠᠯᠳᠠᠨ ᠰᠢᠷ᠎ᠠ ᠲᠤᠷᠭ᠎ᠠ ᠪᠠᠷ ᠪᠦᠷᠢᠭᠰᠡᠨ ᠭᠤᠷᠪᠠᠨ ᠴᠤᠮᠴᠤᠭ ᠤᠨ ᠭᠤᠤᠯ ᠳᠤ ᠴᠢᠩᠬᠢᠰ ᠬᠠᠭᠠᠨ ᠪᠠ ᠪᠦᠷᠳᠠ ᠬᠠᠳᠤᠨ ᠤ ᠴᠢᠨᠳᠠᠷ ᠤᠨ ᠬᠠᠭᠤᠷᠴᠠᠭ ᠢ ᠲᠠᠶᠢᠵᠤ᠂ ᠬᠤᠶᠠᠷ ᠡᠳᠡᠭᠡᠳ ᠲᠤᠨᠢ ᠴᠢᠩᠬᠢᠰ ᠬᠠᠭᠠᠨ ᠤ ᠬᠤᠶᠠᠳᠤᠭᠠᠷ ᠬᠠᠳᠤᠨ ᠬᠤᠯᠡᠨ ᠬᠢᠭᠡᠳ ᠭᠤᠳᠠᠭᠠᠷ ᠬᠠᠳᠤᠨ ᠶᠢᠰᠤᠢ ᠶᠢᠨ ᠴᠢᠨᠳᠠᠷ ᠤᠨ ᠴᠤᠮᠴᠤᠭ ᠢ ᠲᠠᠯᠪᠢᠵᠡᠢ᠃ ᠵᠡᠭᠦᠨ ᠡᠳᠡᠭᠡᠳ ᠤᠨ ᠴᠤᠮᠴᠤᠭ ᠲᠤᠨᠢ ᠴᠢᠩᠬᠢᠰ ᠬᠠᠭᠠᠨ ᠤ ᠲᠡᠭᠦᠤ ᠪᠦᠭᠡ ᠪᠡᠯᠭᠦᠳᠠᠢ ᠶᠢᠨ ᠴᠢᠨᠳᠠᠷ ᠢ ᠲᠠᠯᠪᠢᠵᠤ᠂ ᠪᠠᠷᠠᠭᠤᠨ ᠡᠳᠡᠭᠡᠳ ᠎ ᠤᠨ ᠴᠤᠮᠴᠤᠭ ᠲᠤᠨᠢ ᠴᠢᠩᠭᠢᠰ ᠬᠠᠭᠠᠨ ᠤ ᠲᠡᠭᠦᠤ ᠬᠠᠪᠤᠳᠤ ᠬᠠᠰᠠᠷ ᠤᠨ ᠴᠢᠨᠳᠠᠷ ᠤᠨ ᠴᠤᠮᠴᠤᠭ ᠢ ᠲᠠᠯᠪᠢᠵᠡᠢ᠃ ᠵᠡᠭᠦᠨ ᠵᠢᠭᠦᠷ ᠤᠨ ᠤᠷᠳᠤᠨ ᠳᠤᠨᠢ ᠴᠢᠩᠭᠢᠰ ᠬᠠᠭᠠᠨ ᠤ ᠤᠳᠬᠤᠨ ᠭᠦᠪᠡᠭᠦᠨ ᠲᠤᠯᠤᠢ ᠪᠤᠯᠤᠨ ᠲᠡᠭᠦᠨ ᠤ ᠡᠰᠢ ᠬᠠᠳᠤᠨ ᠰᠤᠷᠬᠠᠲ᠋ᠠᠨᠢ ᠪᠠᠬᠢ ᠶᠢᠨ ᠬᠠᠭᠤᠷᠴᠠᠭ ᠢ ᠲᠠᠶᠢᠵᠤ ᠪᠤᠢ᠃ ᠪᠠᠷᠠᠭᠤᠨ ᠵᠢᠭᠦᠷ ᠤᠨ ᠤᠷᠳᠤᠨ ᠳᠤᠨᠢ ᠴᠢᠩᠭᠢᠰ ᠬᠠᠭᠠᠨ ᠤ ᠶᠢᠰᠤᠨ ᠶᠡᠭᠡ ᠵᠠᠩᠵᠤᠨ ᠢ ᠪᠡᠯᠭᠡᠳᠡᠭᠰᠡᠨ ᠶᠢᠰᠤᠨ ᠵᠢᠵᠢᠭ ᠭᠤᠷᠪᠠᠯᠵᠢᠨ ᠲᠤᠭ᠂ ᠢᠳᠠ ᠭᠦᠴᠤᠨ ᠢ ᠪᠡᠯᠭᠡᠳᠡᠭᠰᠡᠨ ᠶᠡᠭᠡ ᠬᠠᠷ᠎ᠠ ᠰᠦᠯᠳᠠ ︵ᠠᠵᠢᠷᠭ᠎ᠠ ᠪᠠ ᠰᠠᠷᠯᠤᠭ ᠤᠨ ᠲᠠᠯ ᠵᠤᠭᠳᠠᠷ ᠢᠶᠠᠷ ᠬᠢᠭᠰᠡᠨ ᠵᠠᠯᠠᠭ᠎ᠠ ᠲᠠᠢ ᠤᠷᠳᠤ ᠵᠢᠳᠠ︶ ᠵᠢᠴᠢ ᠴᠢᠩᠬᠢᠰ ᠬᠠᠭᠠᠨ ᠤ ᠪᠠᠶᠢᠯᠳᠤᠭᠠᠨ ᠳᠤ ᠬᠡᠷᠡᠭᠯᠡᠵᠤ ᠪᠠᠶᠢᠭᠰᠡᠨ ᠰᠠᠯᠠᠮ᠎ᠠ᠂ ᠮᠢᠯᠠᠭ᠎ᠠ ᠬᠢᠭᠡᠳ ᠡᠮᠡᠭᠡᠯ ᠵᠡᠷᠭᠡ ᠶᠢ ᠲᠠᠶᠢᠵᠤ ᠪᠤᠢ᠃      ᠴᠢᠩᠬᠢᠰ ᠬᠠᠭᠠᠨ ᠤ ᠤᠩᠭᠤᠨ ᠢ ᠲᠠᠶᠢᠵᠤ ᠲᠠᠬᠢᠬᠤ ᠨᠢ ᠲᠠᠷᠬᠠᠳ ᠤᠨ ᠠᠷᠢᠭᠤᠨ ᠲᠡᠭᠡᠳᠤ ᠡᠷᠭᠡ ᠪᠠ ᠡᠭᠦᠷᠭᠡ ᠪᠠᠶᠢᠵᠡᠢ᠃ ᠲᠡᠳᠡᠨᠤᠰ ᠤᠨ ᠡᠪᠦᠭᠡ ᠲᠡᠭᠡᠳᠤᠰ ᠪᠤᠯ ᠴᠢᠩᠬᠢᠰ ᠬᠠᠭᠠᠨ ᠤ ᠭᠡᠰᠢᠭᠳᠡᠨ ᠨᠠᠷ ᠪᠠᠶᠢᠪᠠ᠃ ᠵᠢᠯ ᠪᠦᠷᠢ ᠶᠢᠨ ᠪᠢᠯᠢᠭ ᠤᠨ ᠤᠯᠠᠷᠢᠯ ᠤᠨ ᠬᠠᠪᠤᠷ ᠤᠨ ᠰᠡᠭᠦᠯ ᠰᠠᠷ᠎ᠠ ᠶᠢᠨ ᠬᠤᠷᠢᠨ ᠨᠢᠭᠡᠨ᠂ ᠵᠤᠨ ᠎ ᠤ ᠲᠤᠮᠳᠠᠳᠤ ᠰᠠᠷ᠎ᠠ ᠶᠢᠨ ᠠᠷᠪᠠᠨ ᠲᠠᠪᠤᠨ᠂ ᠨᠠᠮᠤᠷ ᠤᠨ ᠰᠡᠭᠦᠯ ᠰᠠᠷ᠎ᠠ ᠶᠢᠨ ᠬᠤᠷᠢᠨ ᠪᠠ ᠡᠪᠤᠯ ᠤᠨ ᠡᠬᠢ ᠰᠠᠷ᠎ᠠ ᠶᠢᠨ ᠰᠢᠨ᠎ᠠ ᠶᠢᠨ ᠭᠤᠷᠪᠠᠨ ᠳᠤ᠂ ᠮᠤᠩᠭᠤᠯᠴᠤᠳ ᠭᠠᠵᠡᠷ ᠪᠤᠯᠭᠠᠨ ᠠᠴᠠ ᠴᠢᠩᠬᠢᠰ ᠬᠠᠭᠠᠨ ᠤ ᠤᠩᠭᠤᠨ ᠳᠤ ᠴᠤᠭᠯᠠᠷᠠᠨ ᠢᠷᠡᠵᠡᠭᠡᠵᠤ᠂ ᠲᠠᠷᠬᠠᠳ ᠨᠠᠷ ᠤᠨ ᠵᠢᠯᠤᠭᠤᠳᠤᠯᠭ᠎ᠠ ᠲᠤᠤᠷ᠎ᠠ ᠲᠠᠬᠢᠯᠭ᠎ᠠ ᠲᠠᠶᠢᠯᠭ᠎ᠠ ᠬᠢᠳᠡᠭ᠃
     ᠴᠢᠩᠬᠢᠰ ᠬᠠᠭᠠᠨ ᠤ ᠤᠩᠭᠤᠨ ᠪᠤᠯ ᠲᠤᠷᠰᠬᠠᠯ ᠤᠨ ᠴᠢᠨᠡᠷᠳᠠᠢ ᠪᠠᠷᠢᠯᠭ᠎ᠠ ᠪᠤᠯᠤᠨ᠎ᠠ᠂ ᠤᠤᠯ ᠤᠨ ᠰᠢᠳᠤᠨ ᠲᠠᠬᠢᠵᠤ ᠪᠠᠶᠢᠭᠰᠡᠨ ︽ᠨᠠᠢᠮᠠᠨ ᠴᠠᠭᠠᠨ ᠭᠡᠷ︾ ᠎ ᠠᠴᠠ ᠭᠦᠭᠵᠢᠵᠤ ᠢᠷᠡᠭᠰᠡᠨ ᠶᠤᠮ᠃ ᠤᠮᠠᠷᠠᠳᠤ ᠶᠤᠸᠠᠨ ᠤ ᠲᠤᠮᠳᠠᠴᠢ ᠦᠶ᠎ᠠ ᠠᠴᠠ ᠬᠤᠶᠢᠭᠤᠷ᠂ ᠤᠷᠳᠤᠰ ᠲᠦᠮᠡᠨ ᠬᠠᠳᠤᠨ ᠭᠤᠤᠯ ᠤᠨ ᠪᠤᠷᠤᠳᠤᠬᠤᠢ ᠤᠷᠴᠢᠮ ᠤᠷᠤᠨ ᠢ ᠡᠵᠡᠯᠡᠭᠡᠳ᠂ ᠡᠬᠢᠨ ᠳᠡᠭᠡᠨ ︽ᠨᠠᠢᠮᠠᠨ ᠴᠠᠭᠠᠨ ᠭᠡᠷ︾᠎ ᠢ ᠲᠠᠯᠠᠳ ᠤᠳᠤᠭ ᠲᠤ ᠲᠠᠬᠢᠵᠤ ᠪᠠᠶᠢᠪᠠ᠂ ᠴᠢᠩ ᠲᠦᠷᠤ ᠶᠢᠨ ᠡᠬᠢᠨ ᠳᠤ ᠭᠦᠷᠤᠭᠡᠳ ᠡᠵᠡᠨ ᠬᠤᠷᠤᠭ᠎ᠠ ᠬᠤᠰᠢᠭᠤᠨ ᠳᠤ ᠲᠠᠬᠢᠳᠠᠭ ᠪᠤᠯᠵᠡᠢ᠃ ᠶᠠᠫᠤᠨ ᠢ ᠡᠰᠡᠷᠭᠦᠴᠡᠭᠦ ᠲᠠᠶᠢᠨ ᠤ ᠦᠶ᠎ᠡ ᠳᠤ᠂ ᠴᠢᠩᠬᠢᠰ ᠬᠠᠭᠠᠨ ᠤ ᠤᠩᠭᠤᠨ ᠢ ᠭᠠᠨᠰᠤ ᠮᠤᠵᠢ ᠶᠢᠨ ᠰᠢᠩ ᠯᠦᠩ ᠱᠠᠨ ᠠᠭᠤᠯᠡᠨ ᠳᠤ ᠰᠢᠯᠵᠢᠭᠦᠯᠤᠭ᠍ᠰᠡᠨ ᠢᠶᠠᠨ ᠬᠤᠵᠢᠮ ᠨᠢ ᠭᠦᠭᠡᠨᠠᠭᠤᠷ ᠮᠤᠵᠢ ᠶᠢᠨ ᠬᠤᠸᠠᠩ ᠵᠦᠩ ᠰᠢᠶᠠᠨ ᠳᠤ ᠪᠠᠶᠢᠭ᠎ᠠ ᠭᠤᠮᠪᠤᠨ ᠬᠡᠶᠢᠳ ᠲᠤ ᠨᠡᠭᠦᠯᠭᠡᠵᠡᠢ ᠃ ᠪᠦᠬᠦ ᠤᠯᠤᠰ ᠴᠢᠯᠤᠭᠡᠯᠡᠭᠳᠡᠭᠰᠡᠨ ᠤ ᠬᠤᠶᠢᠨ᠎ᠠ᠂ ᠴᠢᠩᠬᠢᠰ ᠬᠠᠭᠠᠨ ᠤ ᠤᠩᠭᠤᠨ ᠢ ᠤᠤᠯ ᠭᠠᠵᠡᠷ ᠲᠤᠨᠢ ᠵᠠᠯᠠᠨ ᠠᠪᠴᠢᠷᠠᠵᠤ᠂ ᠰᠠᠭᠤᠷᠢᠰᠢᠯ ᠤᠷᠳᠤᠨ ᠢ ᠪᠠᠶᠢᠭᠤᠯᠤᠨ᠂ ᠡᠯ᠎ᠠ ᠦᠨᠳᠤᠰᠤᠳᠡᠨ ᠤ ᠠᠷᠠᠳ ᠲᠦᠮᠡᠨ ᠤ ᠬᠠᠮᠳᠤ ᠶᠢᠨ ᠲᠠᠬᠢᠯᠭ᠎ᠠ ᠶᠢᠨ ᠤᠷᠳᠤᠨ ᠪᠤᠯᠭᠠᠵᠡᠢ᠃ ᠴᠢᠩᠬᠢᠰ ᠬᠠᠭᠠᠨ ᠤ ᠤᠩᠭᠤᠨ ᠨᠢ ᠤᠳᠤᠬᠠᠨ ᠳᠤ ᠪᠦᠬᠦ ᠤᠯᠤᠰ ᠤᠨ ᠭᠤᠤᠯᠳᠠᠯᠭ᠎ᠠ ᠲᠠᠢ ᠲᠡᠤᠭᠡ ᠶᠢᠨ ᠲᠤᠷᠠᠰᠬᠠᠯᠳᠤ ᠦᠪ ᠦᠯᠡᠳᠠᠴᠠ ᠶᠢᠨ ᠬᠠᠮᠠᠭᠠᠯᠠᠯᠳᠠ ᠶᠢᠨ ᠨᠢᠭᠡᠴᠠ ᠪᠤᠯᠤᠭᠰᠡᠨ ᠶᠤᠮ᠃
ᠢᠷᠡᠯᠲᠡ᠄ ᠲᠣᠰ ᠰᠥᠯᠵᠢᠶ᠎ᠠ