ᠠᠯᠳᠠᠷᠳᠤ ᠳᠠᠭᠤᠴᠢᠨ — ᠲᠡᠭᠷᠢ
ᠨᠡᠶᠢᠲᠡᠯᠡᠭᠰᠡᠨ ᠴᠠᠭ᠄
2018/1/21
ᠲᠡᠭᠷᠢ ︵1960 ~  ︶     ᠠᠶᠠᠯᠭᠤ ᠵᠤᠬᠢᠶᠠᠭᠴᠢ᠂ ᠴᠢᠯᠤᠭᠡᠳᠤ ᠲᠠᠭᠤᠤ ᠶᠢᠨ ᠲᠠᠭᠤᠴᠢᠨ                         1 ᠳ᠋ᠤᠭᠡᠷ ᠲᠡᠰ ᠤᠨ ᠲᠤᠭᠯᠠᠭᠴᠢ᠃ ᠦᠪᠤᠷ ᠮᠤᠩᠭᠤ ᠤᠨ                         ᠤᠷᠳᠤᠰ ᠬᠤᠳᠠ ᠶᠢᠨ ᠤᠳᠤᠭ ᠬᠤᠰᠢᠭᠤᠨ ᠤ ᠭᠦᠮᠤᠨ      1975 ᠤᠨ ᠳᠤ᠂ ᠦᠪᠤᠷ ᠮᠤᠩᠭᠤᠯ ᠤᠨ ᠤᠷᠠᠯᠢᠭ ᠤᠨ ᠰᠤᠷᠭᠠᠭᠤᠯᠢ ᠳᠤ ᠡᠯᠰᠡᠭᠳᠡᠵᠤ᠂ ᠱᠠᠨᠵᠠ ᠰᠤᠷᠴᠡᠢ᠃ 1980 ᠤᠨ ᠳᠤ᠂ ᠲᠢᠶᠠᠨᠵᠢᠨ ᠤ ᠲᠠᠭᠤᠤ ᠭᠦᠭᠵᠢᠮ ᠤᠨ ᠲᠡᠭᠡᠳᠤ ᠰᠤᠷᠭᠠᠭᠤᠯᠢ ᠶᠢᠨ ᠠᠶ᠎ᠠ ᠵᠤᠬᠢᠶᠠᠬᠤ ᠰᠠᠯᠪᠤᠷᠢ ᠳᠤ ᠡᠯᠰᠡᠭᠳᠡᠵᠤ᠂ ᠰᠤᠷᠤᠯᠭ᠎ᠠ ᠲᠡᠭᠦᠰᠤᠭ᠍ᠰᠡᠨ ᠤ ᠲᠠᠷᠠᠭ᠎ᠠ᠂ ᠲᠦᠪ ᠤᠨ ᠦᠨᠳᠤᠰᠤᠳᠡᠨ ᠤ ᠲᠠᠭᠤᠤ ᠪᠦᠵᠢᠭ ᠤᠨ ᠪᠦᠯᠭᠦᠮ ᠳᠤ ᠬᠤᠪᠢᠶᠠᠭᠳᠠᠵᠤ᠂ ᠴᠢᠯᠤᠭᠡᠳᠤ ᠲᠠᠭᠤᠤ ᠵᠤᠬᠢᠶᠠᠬᠤ᠂ ᠲᠠᠭᠤᠯᠠᠬᠤ ᠠᠵᠢᠯ ᠢ ᠬᠢᠵᠡᠢ᠃ ᠲᠠᠭᠤ ᠨᠢ ᠭᠦᠩᠬᠢᠨᠡᠮ᠎ᠠ᠂ ᠢᠡᠳᠡᠷᠡᠭᠦᠨ ᠭᠦᠴᠦᠯᠢᠭ᠂ ᠰᠡᠳᠬᠢᠯᠭᠡ ᠭᠦᠨ᠃ ᠤᠶᠠᠷᠠᠭᠤᠨ ᠪᠤᠯᠪᠠᠴᠤ ᠤᠮᠤᠭ ᠵᠢᠪᠬᠤᠭ᠎ᠠ ᠲᠡᠭᠦᠯᠳᠠᠷ ᠲᠠᠭᠤᠤ ᠶᠢ ᠲᠠᠭᠤᠯᠠᠬᠤ ᠳᠠᠭᠠᠨ ᠤᠨᠴᠠ ᠭᠠᠷᠮᠠᠭᠠᠢ᠃ ᠴᠢᠯᠤᠭᠡᠳᠤ ᠲᠠᠭᠤᠤ ᠶᠢ ᠵᠤᠬᠢᠶᠠᠬᠤ ᠪᠠ ᠲᠠᠭᠤᠯᠠᠬᠤ ᠳᠠᠭᠠᠨ ᠭᠠᠳᠠᠭᠠᠳᠤ ᠶᠢᠨ ᠬᠢ ᠪᠤᠶᠤ ᠰᠢᠶᠠᠩᠭᠠᠩ᠂ ᠲᠠᠶᠢᠸᠠᠨ ᠤ ᠬᠢ ᠶᠢ ᠲᠦᠭᠦᠮ ᠲᠦᠳᠠ ᠪᠠᠷ ᠲᠠᠭᠤᠷᠢᠶᠠᠰᠬᠢᠵᠤ ᠪᠠᠶᠢᠪᠠᠴᠤ ᠲᠤᠳᠤᠷ᠎ᠠ ᠭᠠᠵᠡᠷ ᠤᠨ ᠲᠠᠭᠤᠤ ᠶᠢᠨ ᠲᠠᠪᠴᠠᠩ ᠳᠤ ᠪᠡᠯᠡᠨ ᠪᠠᠶᠢᠭ᠎ᠠ ᠶᠠᠭᠤᠮ᠎ᠠ ᠶᠢ ᠬᠡᠪ ᠢᠶᠠᠷ ᠨᠢ ᠰᠢᠯᠵᠢᠭᠦᠯᠤᠨ ᠭᠠᠷᠭᠠᠭᠰᠡᠨ ᠪᠢᠰᠢ᠂ ᠬᠠᠷᠢᠨ ᠡᠷᠡᠰ ᠰᠢᠭᠤᠷᠬᠠᠢ ᠪᠠᠷ ᠦᠪᠠᠷ ᠤᠨ ᠬᠢ ᠬᠡᠮᠡᠷ ᠵᠠᠮ ᠨᠡᠭᠡᠭᠡᠵᠤ ᠦᠨᠳᠤᠰᠤᠳᠡᠨ ᠤ ᠠᠷᠠᠳ ᠤᠨ ᠲᠠᠭᠤᠤ ᠭᠦᠭᠵᠢᠮ ᠢᠶᠠᠷ ᠰᠢᠮᠡᠵᠢᠭᠰᠡᠨ ᠮᠤᠩᠭᠤᠯ ᠦᠨᠤᠷ ᠠᠮᠳᠠ ᠬᠠᠩᠬᠤᠯᠤᠮ᠎ᠠ ᠴᠢᠯᠤᠭᠡᠳᠤ ᠲᠠᠭᠤᠤ ᠶᠢ ᠡᠭᠦᠳᠤᠨ ᠪᠦᠳᠤᠭᠡᠵᠤ ᠠᠭᠤᠯᠭ᠎ᠠ ᠡᠷᠡᠭᠦᠯ ᠰᠠᠷᠠᠭᠤᠯ᠂ ᠰᠡᠳᠬᠢᠯᠭᠡ ᠪᠤᠯᠪᠠᠰᠤᠨ ᠲᠦᠪᠯᠡᠭᠦᠨ ᠪᠦᠳᠤᠭᠡᠯ ᠢᠶᠠᠨ ᠭᠠᠷᠭᠠᠭᠰᠡᠭᠠᠷ᠃ ᠲᠡᠭᠦᠨ ᠤ ᠲᠦᠯᠤᠭᠡᠯᠡᠭᠴᠢ ᠵᠠᠭᠪᠤᠷ ᠤᠨ ᠪᠦᠳᠤᠭᠡᠯ ᠳᠤ ︽ᠮᠤᠩᠭᠤᠯ ᠭᠦᠮᠤᠨ︾᠂ ︽ᠪᠢ ᠠᠪᠤ ᠲᠠᠢ ᠪᠠᠨ︾ ᠵᠡᠷᠭᠡ ᠪᠤᠢ᠃ ᠡᠳᠡᠭᠡᠷ ᠲᠠᠭᠤᠤ ᠨᠢ ᠤᠯᠤᠰ ᠤᠨ ᠲᠤᠳᠤᠭᠠᠳᠤ ᠭᠠᠳᠠᠭᠠᠳᠤ ᠳᠤ ᠶᠡᠭᠡ ᠪᠠᠷ ᠲᠡᠯᠭᠡᠷᠠᠵᠤ ᠦᠢ ᠤᠯᠡᠨ ᠰᠤᠨᠤᠰᠤᠭᠴᠢᠳ ᠤᠨ ᠬᠠᠶᠢᠷ᠎ᠠ ᠪᠠᠬ᠎ᠠ ᠶᠢ ᠲᠠᠳᠠᠭᠰᠡᠨ ᠪᠠᠶᠢᠨ᠎ᠠ᠃      1989 ᠤᠨ ᠳᠤ᠂ ᠪᠦᠬᠦ ᠤᠯᠤᠰ ᠤᠨ ᠴᠢᠯᠤᠭᠡᠳᠤ ᠲᠠᠭᠤᠴᠢᠳ ᠤᠨ ᠰᠢᠯᠢᠳᠡᠭᠴᠢᠳ ᠤᠨ ᠰᠢᠯᠭᠠᠷᠠᠭᠤᠯᠤᠯᠳᠠ ᠳᠤ ᠤᠷᠤᠭᠠᠳ10 ᠰᠠᠶᠢᠨᠳᠠᠢ ᠲᠠᠭᠤᠴᠢᠳ ᠎ ᠤᠨ1 ᠳ᠋ᠤᠭᠡᠷ ᠲᠡᠰ ᠤᠨ ᠱᠠᠩᠨᠠᠯ ᠢ ᠭᠠᠷᠳᠠᠪᠠ᠃1990 ᠤᠨ ᠳᠤ᠂ ︽ᠤᠯᠠᠭᠠᠨᠪᠠᠭᠠᠳᠤᠷ —90︾ ᠨᠠᠷᠠᠮᠵᠢᠳᠤ ᠲᠡᠯᠡᠬᠡᠢ ᠶᠢᠨ ᠴᠢᠯᠤᠭᠡᠳᠤ ᠲᠠᠭᠤᠤ ᠭᠦᠭᠵᠢᠮ ᠎ ᠤᠨ ᠶᠡᠭᠡ ᠱᠠᠩᠨᠠᠯᠳᠤ ᠤᠷᠤᠯᠳᠤᠭᠠᠨ ᠳᠤ ᠤᠷᠤᠯᠴᠠᠭᠠᠳ ᠬᠠᠮᠤᠭ ᠲᠡᠭᠡᠳᠤ ᠱᠠᠩᠨᠠᠯ ᠭᠦᠷᠳᠡᠵᠡᠢ᠃ ᠦᠬᠡ᠂ ᠠᠶ᠎ᠠ ᠶᠢ ᠦᠪᠡᠷ ᠢᠶᠠᠨ ᠵᠤᠬᠢᠶᠠᠵᠤ ᠲᠠᠭᠤᠯᠠᠭᠰᠡᠨ ︽ᠪᠢ ᠠᠪᠤ ᠲᠠᠢ ᠪᠠᠨ︾᠎ ᠨᠢ1991 ᠤᠨ ᠤ2 ᠳ᠋ᠤᠭᠠᠷ ᠬᠤᠭᠤᠴᠠᠭᠠᠨ ᠤ ᠠᠽᠢᠶ᠎ᠠ ᠶᠢᠨ ᠲᠠᠭᠤᠤ ᠭᠦᠭᠵᠢᠮ ᠤᠨ ᠪᠠᠶᠠᠷ ᠲᠠᠬᠢ ᠲᠤᠮᠳᠠᠳᠤ ᠤᠯᠤᠰ ᠤᠨ ᠵᠤᠬᠢᠶᠠᠯ ᠪᠦᠳᠤᠭᠡᠯ ᠎ ᠤᠨ ᠬᠠᠮᠤᠭ ᠤᠨ ᠲᠡᠭᠡᠳᠤ ᠱᠠᠩᠨᠠᠯ ᠢ ᠭᠦᠷᠳᠡᠵᠡᠢ᠃1992 ᠤᠨ ᠳᠤ᠂ ᠲᠠᠶᠢᠸᠠᠨ ᠳᠤ ᠠᠶᠢᠯᠴᠢᠯᠡᠨ ᠲᠤᠭᠯᠠᠯᠳᠠ ᠭᠠᠷᠭᠠᠭᠠᠳ᠂ ᠲᠠᠶᠢᠪᠸᠢ ᠬᠤᠳᠠᠨ ᠳᠤ ᠬᠤᠪᠢ ᠭᠦᠮᠤᠨ ᠤ ᠲᠠᠭᠤᠯᠠᠬᠤ ᠦᠳᠡᠰᠢᠯᠡᠭᠡ ᠪᠠᠨ ᠠᠮᠵᠢᠯᠳᠠ ᠲᠠᠢ ᠬᠢᠪᠠ᠃1994 ᠤᠨ ᠳᠤ᠂ ︽ᠭᠠᠩᠭᠠᠩ ᠬᠠᠷ᠎ᠠ︾ ᠭᠡᠭᠦ ᠺᠢᠨᠤ᠋ ᠳᠤ ᠡᠷᠡᠭᠳᠡᠢ ᠭᠤᠤᠯ ᠪᠠᠭᠠᠳᠤᠷ ᠢ ᠲᠤᠭᠯᠠᠭᠰᠡᠨ ᠮᠦᠷᠳᠡᠭᠡᠨ ᠲᠤᠰ ᠺᠢᠨᠤ᠋ ᠶᠢᠨ ᠲᠠᠭᠤᠤ ᠪᠠ ᠠᠶᠠᠯᠭᠤ ᠶᠢ ᠵᠤᠬᠢᠶᠠᠵᠤ ᠦᠪᠡᠷ ᠢᠶᠠᠨ ᠭᠤᠤᠯᠯᠡᠨ ᠲᠠᠭᠤᠯᠠᠭᠰᠡᠨ ᠪᠢᠯᠡ᠃ ᠲᠤᠰ ᠺᠢᠨᠤ᠋ ᠨᠢ19 ᠳ᠋ᠤᠭᠡᠷ ᠬᠤᠭᠤᠴᠠᠭᠠᠨ ᠤ ︽ᠮᠤᠨ᠋ᠲ᠋ᠡᠷᠧᠯ ᠤᠨ ᠤᠯᠡᠨ ᠤᠯᠤᠰ ᠤᠨ ᠺᠢᠨᠤ᠋ ᠶᠢᠨ ᠪᠠᠶᠠᠷ︾᠎ ᠲᠤ ᠤᠬᠢ ᠰᠤᠳᠤᠨ ᠲᠠᠭᠤᠤ ᠭᠦᠭᠵᠢᠮ᠂ ᠤᠷᠠᠯᠢᠭ ᠤᠨ ᠶᠡᠭᠡ ᠱᠠᠩᠨᠠᠯ ᠢ ᠭᠦᠷᠳᠡᠵᠤ ᠂ ᠡᠭᠡ ᠤᠯᠤᠰ ᠲᠠᠭᠠᠨ ᠢᠷᠠᠭᠤ ᠠᠯᠳᠠᠷ ᠬᠠᠨᠳᠢᠪᠯᠡᠪᠠ᠃                          ︽ᠮᠤᠩᠭᠤᠯ ᠦᠨᠳᠤᠰᠤᠳᠡᠨ ᠤ ᠪᠦᠷᠢᠨ ᠲᠤᠯᠢ︾᠎ ᠠᠴᠠ ᠪᠠᠭᠤᠯᠭᠠᠪᠠ
ᠢᠷᠡᠯᠲᠡ᠄ ᠲᠣᠰ ᠰᠥᠯᠵᠢᠶ᠎ᠠ