ᠠᠯᠳᠠᠷᠳᠤ ᠳᠠᠭᠤᠴᠢᠨ — ᠯᠾᠠᠰᠦ᠋ᠷᠤᠩ
ᠨᠡᠶᠢᠲᠡᠯᠡᠭᠰᠡᠨ ᠴᠠᠭ᠄
2018/1/25
ᠯᠾᠠᠰᠦ᠋ᠷᠤᠩ ︵1947 ~  ︶      ᠡᠷᠡᠭᠳᠡᠢ ᠶᠢᠨ ᠴᠡᠭᠡᠯ ᠬᠤᠭᠤᠯᠠᠢ ᠶᠢᠨ ᠲᠠᠭᠤᠴᠢᠨ᠂                            1 ᠳ᠋ᠤᠭᠡᠷ ᠲᠡᠰ ᠤᠨ ᠲᠤᠭᠯᠠᠭᠴᠢ᠃ ᠦᠪᠤᠷ ᠮᠤᠩᠭᠤᠯ ᠤᠨ                            ᠤᠷᠳᠤᠰ ᠬᠤᠳᠠ ᠶᠢᠨ ᠬᠠᠩᠬᠢᠨ ᠬᠤᠰᠢᠭᠤᠨ ᠤ ᠭᠦᠮᠤᠨ        ᠡᠬᠡ ᠨᠢ ᠠᠷᠠᠳ ᠤᠨ ᠲᠠᠭᠤᠴᠢ᠃ ᠭᠡᠷ ᠤᠨ ᠢᠶᠠᠨ ᠨᠦᠯᠤᠭᠡ ᠪᠠᠷ᠂ ᠬᠠᠷᠠᠬᠠᠨ ᠪᠠᠭ᠎ᠠ ᠠᠴᠠ ᠪᠠᠨ ᠲᠠᠭᠤᠴᠢᠨ ᠤ ᠠᠪᠢᠶᠠᠰ ᠰᠠᠶᠢᠳᠠᠢ ᠪᠠᠶᠢᠵᠡᠢ᠃ 1960 ᠤᠨ ᠳᠤ᠂ ᠲᠤᠰ ᠬᠤᠰᠢᠭᠤᠨ ᠤ ᠪᠠᠨ ᠤᠯᠠᠭᠠᠨᠮᠦ᠋ᠴᠢᠷ ᠲᠤ ᠡᠯᠰᠡᠭᠳᠡᠪᠠ᠃ 1962 ᠤᠨ ᠳᠤ᠂ ᠦᠪᠤᠷ ᠮᠤᠩᠭᠤᠯ ᠤᠨ ᠤᠷᠠᠯᠢᠭ ᠤᠨ ᠰᠤᠷᠭᠠᠭᠤᠯᠢ ᠳᠤ ᠤᠷᠤᠭᠠᠳ ᠫᠷᠤᠹᠧᠰᠰᠤᠷ ᠵᠠᠭᠤᠨᠨᠠᠰᠤᠳᠤ ᠠᠴᠠ ᠤᠷᠳᠤ ᠶᠢᠨ ᠲᠠᠭᠤᠤ ᠰᠤᠷᠬᠤ ᠶᠢᠨ ᠵᠡᠷᠭᠡᠴᠡᠭᠡ ᠯᠾᠠᠵᠡᠪ ᠢᠶᠠᠷ ᠴᠤ ᠵᠢᠭᠠᠯᠭᠠᠵᠤ ᠪᠠᠶᠢᠵᠡᠢ᠃ 1965 ᠤᠨ ᠳᠤ᠂ ᠲᠦᠪ ᠤᠨ ᠲᠠᠭᠤᠤ ᠭᠦᠭᠵᠢᠮ ᠤᠨ ᠲᠡᠭᠡᠳᠤ ᠰᠤᠷᠭᠠᠭᠤᠯᠢ ᠳᠤ ᠭᠦᠷᠴᠤ ᠲᠠᠪᠳᠠᠨ ᠪᠤᠯᠪᠠᠰᠤᠷᠠᠪᠠ᠃1968 ᠤᠨ ᠳᠤ᠂ ᠦᠪᠤᠷ ᠮᠤᠩᠭᠤᠯ ᠤᠨ ᠰᠢᠭᠤᠳ ᠬᠠᠷᠢᠶ᠎ᠠ ᠤᠯᠠᠭᠠᠨᠮᠦ᠋ᠴᠢᠷ ᠲᠤ ᠤᠷᠤᠵᠤ᠂ ᠬᠤᠵᠢᠮ ᠨᠢ ᠦᠪᠤᠷ ᠮᠤᠩᠭᠤᠯ ᠤᠨ ᠲᠠᠭᠤᠤ ᠪᠦᠵᠢᠭ ᠤᠨ ᠪᠦᠯᠭᠦᠮ ᠳᠤ ᠭᠤᠴᠤᠯᠡᠯ ᠲᠠᠭᠤᠴᠢᠨ ᠢᠶᠠᠷ ᠠᠵᠢᠯᠯᠠᠵᠤ ᠪᠤᠢ᠃      ᠯᠾᠠᠰᠦ᠋ᠷᠤᠩ ᠪᠤᠯ 20 ᠳ᠋ᠤᠭᠠᠷ ᠵᠠᠭᠤᠨ ᠤ ᠵᠢᠷᠠᠭᠠᠳ ᠤᠨ ᠳᠤ ᠰᠢᠯᠭᠠᠷᠠᠨ ᠭᠠᠷᠤᠭᠰᠡᠨ ᠰᠢᠯᠢᠳᠡᠭ ᠲᠠᠭᠤᠴᠢᠳ ᠤᠨ ᠨᠢᠭᠡ ᠨᠢ ᠶᠤᠮ᠃ ᠲᠠᠭᠤ ᠨᠢ ᠴᠡᠪᠠᠷ ᠲᠤᠳᠤᠬᠠᠨ᠂ ᠲᠠᠭᠤᠨ ᠤ ᠴᠡᠷ᠎ᠠ ᠦᠷᠭᠡᠨ᠂ ᠦᠭᠡ ᠠᠶᠠᠯᠭᠤ ᠨᠢ ᠲᠡᠭᠰᠢ᠂ ᠲᠠᠭᠤᠯᠠᠬᠤ ᠵᠤᠶᠢᠯ ᠲᠦᠷᠤᠯ ᠨᠠᠯᠢᠶᠠᠳ ᠤᠯᠡᠨ᠂ ᠲᠠᠯ᠎ᠠ ᠨᠤᠳᠤᠭ ᠤᠨ ᠠᠷᠠᠳ ᠤᠨ ᠤᠷᠳᠤ ᠶᠢᠨ ᠲᠠᠭᠤᠤ ᠶᠢ ᠰᠠᠶᠢᠬᠠᠨ ᠲᠠᠭᠤᠯᠠᠬᠤ ᠪᠠᠷ ᠪᠠᠷᠠᠬᠤ ᠦᠬᠡᠢ᠂ ᠤᠷᠳᠤᠰ ᠵᠢᠴᠢ ᠦᠪᠤᠷ ᠮᠤᠩᠭᠤᠯ ᠤᠨ ᠵᠡᠭᠦᠨ ᠤᠷᠤᠨ ᠤ ᠠᠷᠠᠳ ᠤᠨ ᠪᠤᠭᠤᠨᠢ ᠲᠠᠭᠤᠤ ᠶᠢ ᠴᠤ ᠰᠠᠶᠢᠬᠠᠨ ᠲᠠᠭᠤᠯᠠᠳᠠᠭ᠃ ᠤᠯᠡᠨ ᠤᠳᠠᠭ᠎ᠠ ᠲᠤᠳᠤᠷ᠎ᠠ ᠭᠠᠵᠡᠷ ᠪᠠ ᠭᠠᠳᠠᠭᠠᠳᠤ ᠤᠯᠤᠰ ᠲᠤ ᠭᠦᠷᠴᠤ ᠲᠤᠭᠯᠠᠯᠳᠠ ᠭᠠᠷᠭᠠᠭᠠᠳ᠂ ᠦᠷᠭᠡᠨ ᠤᠯᠡᠨ ᠰᠤᠨᠤᠰᠤᠭᠴᠢᠳ ᠤᠨ ᠭᠦᠷᠢᠶᠠᠯᠡᠯ ᠢ ᠤᠯᠵᠡᠢ᠃ ᠲᠡᠭᠦᠨ ᠤ ᠲᠦᠯᠤᠭᠡᠯᠡᠭᠴᠢ ᠵᠠᠭᠪᠤᠷ ᠤᠨ ᠲᠠᠭᠤᠤ ᠳᠤ ︽ᠵᠢᠭᠠᠬᠠᠨ ᠰᠢᠷᠭ᠎ᠠ︾᠂ ︽ᠵᠢᠷᠤᠭ᠎ᠠ ᠶᠢᠨ ᠵᠢᠷᠤᠭ᠎ᠠ︾᠂ ︽ᠪᠤᠭᠳᠠ ᠴᠢᠩᠬᠢᠰ︾᠂ ︽ᠰᠡᠳᠬᠢᠯ ᠤᠨ ᠬᠠᠶᠢᠷᠠᠳᠤ ᠬᠤᠪᠤᠰ ᠢᠶᠠᠨ ᠴᠢᠪᠬᠠᠳᠠᠬᠤᠶ᠎ᠠ︾᠂ ︽ᠤᠮᠠᠷᠠᠳᠤ ᠬᠢᠯᠢ ᠶᠢᠨ ᠮᠠᠭᠳᠠᠭᠠᠯ ᠲᠠᠭᠤᠤ︾ ᠵᠡᠷᠭᠡ ᠪᠤᠢ᠃      ᠤᠷᠴᠢᠮ ᠤᠨ ᠵᠢᠯ ᠤᠳ ᠠᠴᠠ ᠦᠨᠳᠤᠰᠤᠳᠠᠨ ᠲᠠᠭᠤᠤ ᠶᠢᠨ ᠤᠨᠤᠯ ᠤᠨ ᠲᠠᠯ᠎ᠠ ᠪᠠᠷ ᠰᠤᠳᠤᠯᠤᠯᠳᠠ ᠬᠢᠵᠤ᠂ ᠡᠷᠳᠡᠮ ᠰᠢᠨᠵᠢᠯᠡᠭᠡᠨ ᠤ ᠦᠭᠦᠯᠡᠯ ᠨᠠᠯᠢᠶᠠᠳ ᠤᠯᠡᠨ ᠨᠠᠶᠢᠳᠡᠯᠡᠭᠦᠯᠵᠤ᠂ ᠮᠤᠩᠭᠤᠯ ᠦᠨᠳᠤᠰᠤᠳᠡᠨ ᠤ ᠤᠷᠳᠤ ᠶᠢᠨ ᠲᠠᠭᠤᠤ ᠲᠠᠭᠤᠯᠠᠬᠤ ᠠᠷᠭ᠎ᠠ ᠮᠡᠷᠭᠡᠰᠢᠯ ᠳᠤ ᠠᠰᠢᠭᠳᠠᠢ ᠡᠷᠬᠢᠯᠬᠢᠯᠳᠠ ᠬᠢᠵᠤ ᠪᠤᠢ᠃ ᠲᠠᠭᠤᠴᠢᠨ ᠯᠾᠠᠵᠡᠪ ᠢ ᠤᠯᠡᠨ ᠤᠳᠠᠭ᠎ᠠ ᠰᠤᠷᠪᠤᠯᠵᠢᠯᠠᠭᠠᠳ᠂ ︽ᠯᠾᠠᠵᠡᠪ ᠤᠨ ᠨᠠᠮᠳᠠᠷ︾ ᠭᠡᠭᠦ ᠲᠤᠰᠬᠠᠢ ᠨᠤᠮ ᠢ ᠬᠡᠪᠯᠡᠭᠦᠯᠵᠤ᠂ ᠠᠷᠠᠳ ᠤᠨ ᠤᠷᠳᠤ ᠶᠢᠨ ᠲᠠᠭᠤᠤ ᠶᠢᠨ ᠶᠡᠭᠡ ᠪᠠᠭᠰᠢ ᠶᠢᠨ ᠨᠠᠰᠤᠨ ᠲᠤᠷᠰᠢᠬᠢ ᠤᠶᠢᠯᠡ ᠶᠠᠪᠤᠳᠠᠯ ᠪᠠ ᠲᠠᠭᠤᠯᠠᠬᠤ ᠠᠷᠭ᠎ᠠ ᠮᠡᠷᠭᠡᠵᠢᠯ ᠢ ᠪᠦᠬᠦ ᠲᠠᠯ᠎ᠠ ᠪᠠᠷ ᠰᠢᠰᠲ᠋ᠧᠮ ᠲᠠᠢ ᠦᠭᠦᠯᠡᠨ ᠲᠤᠭᠠᠴᠢᠵᠤ᠂ ᠲᠠᠭᠤᠤ ᠭᠦᠭᠵᠢᠮ ᠤᠨ ᠭᠦᠷᠢᠶᠠᠨ ᠳᠠᠬᠢ ᠬᠤᠭᠤᠰᠤᠨ ᠢ ᠨᠦᠭᠦᠨ ᠲᠠᠭᠯᠠᠭᠰᠡᠨ ᠪᠠᠶᠢᠨ᠎ᠠ᠃      ᠯᠾᠠᠰᠦ᠋ᠷᠤᠩ ᠦᠪᠤᠷ ᠮᠤᠩᠭᠤᠯ ᠤᠨ ᠲᠠᠭᠤᠴᠢᠳ ᠭᠦᠭᠵᠢᠮᠴᠢᠳ ᠤᠨ ᠨᠠᠶᠢᠬᠡᠮᠯᠢᠭ ᠤᠨ ᠲᠡᠳ᠋ ᠲᠡᠷᠢᠭᠦᠯᠡᠭᠴᠢ ᠪᠠᠶᠢᠵᠡᠢ᠃ ᠤᠳᠤ᠂ ᠲᠤᠮᠳᠠᠳᠤ ᠤᠯᠤᠰ ᠤᠨ ᠲᠠᠭᠤᠴᠢᠳ ᠭᠦᠭᠵᠢᠮᠴᠢᠳ ᠤᠨ ᠨᠠᠶᠢᠭᠡᠮᠯᠢᠭ ᠤᠨ ᠭᠡᠷᠡᠭ ᠡᠷᠬᠢᠯᠡᠭᠴᠢ᠂ ᠦᠪᠤᠷ ᠮᠤᠩᠭᠤᠯ ᠤᠨ ᠵᠠᠯᠠᠭᠤᠴᠤᠳ ᠤᠨ ᠬᠤᠯᠪᠤᠭᠠᠳᠤ ᠬᠤᠷᠠᠯ ᠤᠨ ᠲᠡᠳ᠋ ᠲᠠᠷᠢᠭᠦᠯᠡᠭᠴᠢ᠂ ᠦᠪᠤᠷ ᠮᠤᠩᠭᠤᠯ ᠤᠨ ᠤᠯᠤᠰ ᠲᠦᠷᠤ ᠶᠢᠨ ᠵᠦᠪᠯᠡᠯᠭᠡᠨ ᠤ ᠭᠡᠰᠢᠭᠦᠨ ᠤ ᠲᠤᠰᠢᠶᠠᠯ ᠲᠠᠢ᠃                          ︽ᠮᠤᠩᠭᠤᠯ ᠦᠨᠳᠤᠰᠤᠳᠡᠨ ᠤ ᠪᠦᠷᠢᠨ ᠲᠤᠯᠢ︾᠎ ᠠᠴᠠ ᠪᠠᠭᠤᠯᠭᠠᠪᠠ
ᠢᠷᠡᠯᠲᠡ᠄ ᠲᠣᠰ ᠰᠥᠯᠵᠢᠶ᠎ᠠ