ᠤᠳᠤᠨᠪᠠᠷᠠ ︵1912 ~1989︶ ᠠᠷᠠᠳ ᠤᠨ ᠡᠮᠡᠭᠳᠠᠢ ᠲᠠᠭᠤᠴᠢ᠃ ᠦᠪᠤᠷ ᠮᠤᠩᠭᠤᠯ ᠤᠨ | ᠶᠡᠭᠡ ᠵᠤᠤ ᠠᠶᠢᠮᠠᠭ ︽ᠤᠳᠤ ᠶᠢᠨ ᠤᠷᠳᠤᠰ ᠬᠤᠳᠠ︾ ᠤᠨ | ᠦᠤᠰᠢᠨ ᠬᠤᠰᠢᠭᠤᠨ ᠤ ᠭᠦᠮᠤᠨ | | | ᠶᠠᠳᠠᠭᠤ ᠮᠠᠯᠴᠢᠨ ᠤ ᠭᠡᠷ ᠲᠤ ᠲᠦᠷᠤᠵᠡᠢ᠃ ᠡᠴᠢᠭᠡ ᠡᠭᠡ ᠨᠢ ᠲᠤᠰ ᠭᠠᠵᠡᠷ ᠤᠨ ᠢᠶᠠᠨ ᠠᠷᠠᠳ ᠤᠨ ᠲᠠᠭᠤᠴᠢ᠃ ᠪᠠᠯᠴᠢᠷ ᠨᠠᠰᠤᠨ ᠠᠴᠠ ᠪᠠᠨ ᠠᠪᠢᠶᠠᠰ | ᠪᠢᠯᠢᠭ ᠭᠦᠮᠤᠨ ᠠᠴᠠ ᠭᠡᠳᠤᠶᠢᠳᠴᠤ ᠲᠠᠭᠤᠤ ᠲᠠᠭᠤᠯᠠᠬᠤ ᠳᠤ ᠶᠡᠭᠡ ᠪᠠᠭ᠋ᠠᠳᠠᠢ ᠪᠠᠶᠢᠵᠡᠢ᠃ ᠦᠷᠭᠦᠯᠵᠢ ᠠᠪᠤ ᠡᠵᠢ ᠪᠠᠨ ᠲᠠᠭᠠᠵᠤ ᠬᠤᠷᠢᠮ ᠤᠨ ᠶᠤᠰᠤᠯᠡᠯ᠂ ᠪᠠᠶᠠᠷ | ᠲᠤᠷᠠᠰᠬᠠᠯ ᠤᠨ ᠴᠤᠭᠯᠠᠭᠠᠨ ᠳᠤ ᠤᠷᠤᠯᠴᠠᠵᠤ᠂ ᠠᠷᠠᠳ ᠤᠨ ᠲᠠᠭᠤᠴᠢᠳ ᠤᠨ ᠲᠠᠭᠤᠯᠠᠬᠤ ᠶᠢ ᠴᠢᠩᠨᠠᠨ ᠰᠤᠨᠢᠷᠬᠠᠭᠰᠠᠭᠠᠷ ᠪᠠᠶᠢᠵᠤ ᠤᠷᠳᠤᠰ ᠠᠷᠠᠳ ᠤᠨ ᠲᠠᠭᠤᠤ | ᠶᠢ ᠦᠯᠡᠮᠵᠢᠭᠡᠨ ᠰᠤᠷᠴᠤ ᠡᠵᠡᠮᠰᠢᠪᠠ᠃ ᠵᠠᠯᠠᠭᠤ ᠶᠢᠨ ᠦᠶ᠎ᠠ ᠳᠡᠭᠡᠨ ᠨᠠᠷᠠ ᠭᠠᠷᠴᠤ᠂ ᠤᠷᠢᠯᠭ᠎ᠠ ᠳᠤ ᠭᠦᠷᠳᠡᠭ ᠪᠤᠯᠵᠤ ᠡᠯ᠎ᠠ ᠵᠤᠶᠢᠯ ᠤᠨ ᠠᠷᠠᠳ ᠤᠨ ᠲᠠᠭᠤᠤ ᠶᠢ | ᠲᠠᠭᠤᠯᠠᠵᠤ ᠪᠠᠶᠢᠭᠰᠡᠨ᠂ ᠭᠡᠭᠦ ᠳᠡᠭᠡᠨ ᠮᠠᠯ ᠮᠠᠯᠵᠢᠬᠤ ᠭᠦᠳᠡᠯᠮᠤᠷᠢᠯᠡᠯ ᠠᠴᠠ ᠪᠠᠨ ᠶᠠᠷᠤ ᠰᠠᠯᠤᠭᠰᠡᠨ ᠦᠬᠡᠢ᠃ | ᠤᠳᠤᠨᠪᠠᠷᠠ ᠪᠤᠯ ᠤᠷᠳᠤᠰ ᠤᠨ ᠦᠨᠳᠦᠷᠯᠢᠭ ᠲᠠᠬᠢ ᠨᠢᠭᠡᠨ ᠰᠢᠯᠭᠠᠷᠠᠭᠰᠡᠨ ᠠᠷᠠᠳ ᠤᠨ ᠲᠠᠭᠤᠴᠢ ᠮᠦᠨ᠃ ᠲᠡᠭᠦᠨ ᠤ ᠲᠠᠭᠤᠤ ᠨᠢ ᠴᠡᠭᠡᠯᠭᠡᠨ ᠲᠤᠩᠭᠠᠯᠠᠭ᠂ | ᠠᠮᠢᠳᠤᠯᠢᠭ ᠰᠤᠨᠤᠰᠪᠤᠷᠢᠳᠠᠢ᠂ ᠲᠠᠭᠤᠨ ᠤ ᠬᠡᠪᠴᠢᠶ᠎ᠠ ᠨᠢ ᠦᠷᠭᠡᠨ᠂ ᠠᠮᠢᠰᠬᠤᠭ᠎ᠠ ᠭᠦᠴᠦᠯᠢᠭ᠂ ᠪᠤᠯᠪᠠᠰᠤᠷᠠᠯ ᠰᠠᠶᠢᠳᠠᠢ᠂ ᠨᠠᠶᠢᠯᠡᠮᠠᠯ ᠠᠶᠠᠯᠭᠤ ᠶᠢᠨ ᠲᠤᠭᠤᠷᠢᠭ ᠢ | ᠴᠢᠳᠠᠮᠠᠭᠠᠢ ᠭᠡᠷᠡᠭᠯᠡᠳᠡᠭ᠃ ᠲᠡᠭᠦᠨ ᠤ ᠲᠠᠭᠤᠯᠠᠭᠰᠡᠨ ᠲᠠᠭᠤᠤ ᠠᠴᠠ ᠤᠷᠳᠤᠰ ᠲᠠᠭᠤᠤ ᠶᠢᠨ ᠦᠨᠤᠷ ᠠᠮᠳᠠ ᠬᠠᠩᠬᠤᠯᠵᠤ ᠪᠠᠶᠢᠳᠠᠭ᠃ ᠲᠦᠯᠤᠭᠡᠯᠡᠭᠴᠢ ᠵᠠᠭᠪᠤᠷ ᠤᠨ | ᠲᠠᠭᠤᠤ ᠳᠤ ︽ᠰᠡᠨᠵᠢᠳᠮ᠎ᠠ︾᠂ ︽ᠴᠢᠩᠬᠢᠰ ᠤᠨ ᠬᠤᠶᠠᠷ ᠡᠷ᠎ᠠ ᠵᠠᠭᠠᠯ︾᠂ ︽ᠴᠢᠪᠠᠭ᠎ᠠ ᠶᠢᠨ ᠰᠢᠯᠢ︾᠂ ︽ᠵᠢᠷᠠᠨ ᠬᠠᠶᠢᠯᠠᠰᠤ︾᠂ ︽ᠤᠷᠠᠨ ᠲᠠᠩᠨᠠᠢ︾᠂ ︽ | ᠬᠠᠷ᠎ᠠ ᠲᠤᠷᠭᠠᠨ ᠬᠠᠨᠵᠢᠶᠠᠷ︾᠂ ︽ᠭᠤᠷᠪᠠᠨ ᠰᠠᠶᠢᠬᠠᠨ ᠭᠡᠭᠡᠷ︾ ᠵᠡᠷᠭᠡ ᠪᠤᠢ᠃ ᠤᠯᠤᠰ ᠪᠠᠶᠢᠭᠤᠯᠤᠭᠳᠠᠭᠰᠡᠨ ᠠᠴᠠ ᠬᠤᠶᠢᠰᠢ᠂ ᠤᠳᠤᠨᠪᠠᠷᠠ ᠦᠷᠭᠦᠯᠵᠢ ᠤᠯᠡᠨ | ᠲᠦᠮᠡᠨᠴᠢ ᠤᠷᠠᠯᠢᠭ ᠤᠨ ᠦᠵᠡᠭᠦᠯᠤᠯᠭᠡ ᠶᠢᠨ ᠲᠤᠭᠯᠠᠯᠳᠠ ᠳᠤ ᠤᠷᠤᠯᠴᠠᠬᠤ ᠪᠤᠯᠤᠭᠰᠡᠨ ᠪᠦᠭᠡᠳ ᠤᠯᠡᠨ ᠤᠳᠠᠭ᠎ᠠ ᠱᠠᠨᠩᠨᠠᠯ ᠭᠦᠷᠳᠡᠵᠡᠢ᠃ | 20 ᠳ᠋ᠤᠭᠠᠷ ᠵᠠᠭᠤᠨ ᠤ ᠲᠠᠪᠢᠭᠠᠳ ᠤᠨ ᠠᠴᠠ ᠡᠬᠢᠯᠡᠵᠤ᠂ ᠷᠠᠳᠢᠤ᠋ ᠬᠤᠷᠢᠶᠠᠨ ᠤ ᠤᠷᠳᠤᠰ ᠠᠷᠠᠳ ᠤᠨ ᠲᠠᠭᠤᠤ ᠰᠢᠩᠭᠡᠭᠡᠵᠤ᠂ ᠲᠤᠷ᠎ᠠ ᠰᠤᠨᠢᠷᠬᠠᠯ ᠢ ᠨᠢ | ᠲᠠᠳᠠᠵᠤ ᠪᠠᠶᠢᠯ᠎ᠠ᠃ ᠵᠢᠷᠠᠭᠠᠳ ᠤᠨ ᠤ ᠡᠬᠢ ᠪᠠᠷ ᠦᠪᠤᠷ ᠮᠤᠩᠭᠤᠯ ᠤᠨ ᠤᠷᠠᠯᠢᠭ ᠤᠨ ᠰᠤᠷᠭᠠᠭᠤᠯᠢ ᠳᠤ ᠤᠷᠢᠭᠳᠠᠨ ᠠᠷᠠᠳ ᠤᠨ ᠲᠠᠭᠤᠤ ᠵᠢᠭᠠᠵᠤ ᠪᠠᠶᠢᠵᠡᠢ᠃ | 1979 ᠤᠨ ᠳᠤ᠂ ᠦᠪᠤᠷ ᠮᠤᠩᠭᠤᠯ ᠤᠨ ᠠᠩᠭᠠᠳᠤᠭᠠᠷ ᠬᠤᠭᠤᠴᠠᠭᠠᠨ ᠤ ᠠᠷᠠᠳ ᠤᠨ ᠲᠠᠭᠤᠤ ᠭᠦᠭᠵᠢᠮ᠂ ᠰᠢ ᠵᠦᠴᠤᠭᠡ ᠶᠢᠨ ᠲᠠᠭᠤᠨ ᠰᠢᠩᠭᠡᠭᠡᠯᠳᠠ ᠶᠢᠨ | ᠬᠤᠷᠠᠯ ᠳᠤ ᠤᠷᠤᠯᠴᠠᠭᠠᠳ᠂ ᠠᠷᠠᠳ ᠤᠨ ᠲᠠᠭᠤᠤ ᠶᠢᠨ ᠦᠨᠡᠳᠤ ᠦᠪ ᠦᠯᠡᠳᠡᠭᠡᠵᠤ᠂ ᠦᠨᠳᠤᠰᠤᠳᠡᠨ ᠤ ᠰᠤᠶᠤᠯ ᠤᠷᠠᠯᠢᠭ ᠢ ᠮᠠᠨᠳᠤᠭᠤᠯᠬᠤ ᠠᠵᠢᠯ ᠳᠤ ᠭᠦᠴᠤ | ᠨᠠᠮᠡᠷᠢ ᠦᠵᠡᠭᠦᠯᠪᠠ᠃ | ︽ᠮᠤᠩᠭᠤᠯ ᠦᠨᠳᠤᠰᠤᠳᠡᠨ ᠤ ᠪᠦᠷᠢᠨ ᠲᠤᠯᠢ︾ ᠠᠴᠠ ᠪᠠᠭᠤᠯᠭᠠᠪᠠ | | |