ᠠᠯᠳᠠᠷᠳᠤ ᠪᠦᠵᠢᠭᠴᠢᠨ — ᠴᠠᠭᠠᠨᠴᠢᠯᠠᠭᠤ
ᠨᠡᠶᠢᠲᠡᠯᠡᠭᠰᠡᠨ ᠴᠠᠭ᠄
2018/2/1
ᠴᠠᠭᠠᠨᠴᠢᠯᠠᠭᠤ  ︵1936 ~  ︶     ᠪᠦᠵᠢᠭᠴᠢᠨ᠂ 1 ᠳ᠋ᠤᠭᠡᠷ ᠲᠡᠰ ᠤᠨ ᠲᠤᠭᠯᠠᠭᠴᠢ᠃ ᠦᠪᠤᠷ                                 ᠮᠤᠩᠭᠤᠯ ᠤᠨ ᠤᠷᠳᠤᠰ ᠬᠤᠳᠠ ᠶᠢᠨ ᠲᠠᠯᠠᠳ ᠬᠤᠰᠢᠭᠤᠨ ᠤ ᠭᠦᠮᠤᠨ      1952 ᠤᠨ ᠳᠤ ᠶᠡᠭᠡ ᠵᠤᠤ ᠠᠶᠢᠮᠠᠭ ᠤᠨ ᠤᠷᠠᠨ ᠰᠠᠶᠢᠬᠠᠨ ᠤ ᠪᠦᠯᠭᠦᠮ ᠳᠤ ᠤᠷᠤᠯᠴᠠᠵᠤ᠂1964 ᠤᠨ ᠳᠤ ᠦᠪᠤᠷ ᠮᠤᠩᠭᠤᠯ ᠤᠨ ᠲᠠᠭᠤᠤ ᠪᠦᠵᠢᠭ ᠎ ᠤᠨ ᠪᠦᠯᠭᠦᠮ ᠳᠤ ᠠᠵᠢᠯ ᠰᠢᠯᠵᠢᠭᠡᠳ ᠭᠤᠴᠤᠯᠡᠯ ᠪᠦᠵᠢᠭᠴᠢᠨ ᠢᠶᠠᠷ ᠠᠵᠢᠯᠯᠠᠪᠠ᠃ 1970 ᠤᠨ ᠳᠤ᠂ ᠨᠢᠩᠰᠢᠶᠠ ᠶᠢᠨ ᠢᠷᠭᠠᠢ ᠶᠢᠨ ᠤᠷᠠᠨ ᠰᠠᠶᠢᠬᠠᠨ ᠤ ᠪᠦᠯᠭᠦᠮ ᠳᠤ ᠠᠵᠢᠯ ᠰᠢᠯᠵᠢᠭᠡᠳ᠂1972 ᠤᠨ ᠳᠤ ᠦᠪᠤᠷ ᠮᠤᠩᠭᠤᠯ ᠤᠨ ᠲᠠᠭᠤᠤ ᠪᠦᠵᠢᠭ ᠤᠨ ᠪᠦᠯᠭᠦᠮ ᠳᠤ ᠪᠤᠴᠠᠵᠤ ᠢᠷᠡᠪᠠ᠃ 30 ᠭᠠᠷᠤᠢ ᠪᠦᠵᠢᠭ᠂ ᠲᠠᠭᠤᠤᠷᠢ ᠳᠤ ᠲᠠᠭᠠᠭᠤᠯᠤᠨ ᠪᠦᠵᠢᠭᠯᠡᠭᠴᠢ ᠪᠤᠶᠤ ᠡᠷᠡᠭᠳᠡᠢ ᠭᠤᠤᠯ ᠲᠤᠭᠯᠠᠭᠴᠢ ᠪᠤᠯᠵᠤ ᠪᠠᠶᠢᠪᠠ᠃      1958 ᠤᠨ ᠳᠤ᠂ ᠦᠪᠤᠷ ᠮᠤᠩᠭᠤᠯ ᠤᠨ ᠤᠷᠠᠯᠢᠭ ᠤᠨ ᠪᠦᠯᠭᠦᠮ ᠲᠠᠢ ᠬᠠᠮᠳᠤ ᠤᠤᠯ ᠤᠨ ᠵᠦᠪᠯᠡᠯᠳᠤ ᠬᠤᠯᠪᠤᠭᠠᠳᠤ ᠤᠯᠤᠰ ᠪᠠ ᠪᠦᠭᠦᠳᠠ ᠨᠠᠶᠢᠷᠠᠮᠳᠠᠬᠤ ᠮᠤᠩᠭᠤᠯ ᠠᠷᠠᠳ ᠤᠯᠤᠰ ᠲᠤ ᠠᠶᠢᠯᠴᠢᠯᠠᠯᠳᠠ ᠬᠢᠵᠤ ᠲᠤᠭᠯᠠᠯᠳᠠ ᠭᠠᠷᠭᠠᠵᠤ ᠪᠠᠶᠢᠵᠡᠢ᠃ ᠲᠡᠭᠦᠨ ᠤ ᠲᠤᠭᠯᠠᠬᠤ ᠬᠡᠪ ᠨᠠᠮᠪᠠ ᠪᠤᠯ ᠤᠷᠬᠢᠯᠤᠮ᠎ᠠ ᠰᠡᠳᠬᠢᠯᠭᠡ ᠲᠠᠢ ᠤᠮᠤᠭ ᠲᠡᠭᠦᠯᠳᠠᠷ᠂ ᠲᠡᠨᠢᠭᠦᠨ ᠢᠯᠡᠳᠠᠢ ᠪᠠᠶᠢᠵᠤ᠂ ᠮᠤᠩᠭᠤᠯᠴᠤᠳ ᠤᠨ ᠢᠷᠮᠡᠭᠦᠨ ᠭᠠᠪᠰᠢᠭᠠᠢ ᠵᠠᠩ ᠠᠭᠠᠯᠢ ᠶᠢ ᠢᠯᠡᠷᠡᠭᠦᠯᠵᠤ ᠪᠠᠶᠢᠳᠠᠭ᠃      ᠴᠠᠭᠠᠨᠴᠢᠯᠠᠭᠤ ᠪᠤᠯ ᠮᠤᠩᠭᠤᠯ ᠦᠨᠳᠤᠰᠤᠳᠠᠨ ᠤ ᠡᠷᠡᠭᠳᠡᠢ ᠶᠢᠨ ᠪᠦᠵᠢᠭᠴᠢᠳ ᠤᠨ ᠰᠢᠯᠭᠠᠷᠠᠭᠰᠡᠨ ᠲᠦᠯᠤᠭᠡᠯᠡᠭᠴᠢ ᠶᠤᠮ᠃ ︽ᠬᠠᠷᠠᠭᠤᠯ︾᠂ ᠭᠤᠴᠤᠯᠠᠯ ᠪᠦᠵᠢᠭ ︽ᠵᠤᠯᠵᠠᠭ᠎ᠠ ᠬᠠᠷᠢᠶᠠᠴᠡᠢ︾᠂ ︽ᠭᠠᠳᠠ ᠮᠠᠶᠢᠷᠡᠨ︾᠂ ᠬᠤᠤᠰᠯᠡᠯ ᠪᠦᠵᠢᠭ ︽ᠰᠡᠨᠵᠢᠳᠮ᠎ᠠ︾᠂ ᠲᠤᠮᠤ ᠬᠡᠯᠪᠡᠷᠢ ᠶᠢᠨ ᠪᠦᠵᠢᠭᠳᠦ ᠲᠤᠤᠯᠢᠰ ︽ᠴᠠᠭᠠᠨ ᠦᠩᠭᠡ ᠶᠢᠨ ᠡᠭᠦᠰᠤᠯ ᠭᠦᠭᠵᠢᠯ︾ ᠵᠡᠷᠭᠡ ᠶᠢ ᠵᠤᠬᠢᠶᠠᠨ ᠪᠦᠳᠤᠭᠡᠵᠡᠢ᠃ ᠲᠤᠮᠤ ᠬᠡᠯᠪᠡᠷᠢ ᠶᠢᠨ ᠲᠠᠭᠤᠯᠠᠯᠳᠤ ᠪᠦᠵᠢᠭ ︽ᠭᠦᠳᠡᠭᠡ ᠲᠠᠯ᠎ᠠ ᠳᠤ ᠮᠦᠩᠭᠡ ᠶᠢᠨ ᠨᠠᠷᠠ ᠮᠠᠨᠳᠤᠯ᠎ᠠ︾᠎ ᠶᠢᠨ ᠵᠤᠬᠢᠶᠠᠨ ᠪᠦᠳᠤᠭᠡᠭᠦ ᠪᠠ ᠲᠤᠭᠯᠠᠯᠳᠠ ᠳᠤ ᠤᠷᠤᠯᠴᠠᠪᠠ᠃ ᠲᠤᠮᠳᠠᠳᠤ᠂ ᠢᠲ᠋ᠠᠯᠢ ᠶᠢᠨ ᠬᠠᠮᠳᠤᠷᠠᠨ ᠵᠢᠷᠤᠭ ᠲᠠᠳᠠᠭᠰᠡᠨ ᠺᠢᠨᠤ᠋ ︽ᠮᠠᠷᠺᠤ ᠫᠤᠯᠤ︾ ᠎ ᠶᠢᠨ ᠪᠦᠵᠢᠭ ᠢ ᠨᠠᠶᠢᠷᠠᠭᠤᠯᠤᠨ ᠪᠤᠯᠪᠠᠰᠤᠷᠠᠭᠤᠯᠪᠠ᠃ ᠤᠯᠡᠨ ᠤᠳᠠᠭ᠎ᠠ ᠦᠪᠤᠷ ᠮᠤᠩᠭᠤᠯ ᠤᠨ ᠦᠨᠳᠤᠰᠤᠳᠠᠡ ᠤ ᠠᠷᠠᠳ ᠤᠨ ᠪᠦᠵᠢᠭ ᠤᠨ ᠪᠤᠯᠪᠠᠰᠤᠷᠠᠯ ᠤᠨ ᠠᠩᠬᠢ᠂ ᠤᠯᠠᠭᠠᠡᠮᠦ᠋ᠴᠢᠷ ᠤᠨ ᠪᠤᠯᠪᠠᠰᠤᠷᠠᠯ ᠤᠨ ᠠᠩᠬᠢ ᠳᠤ ᠮᠤᠩᠭᠤᠯ ᠠᠷᠠᠳ ᠤᠨ ᠪᠦᠵᠢᠭ ᠢ ᠵᠢᠭᠠᠨ ᠰᠤᠷᠭᠠᠵᠤ ᠪᠠᠶᠢᠭᠰᠡᠨ ᠪᠠ 1994 ᠤᠨ ᠳᠤ᠂ ᠪᠡᠭᠡᠵᠢᠩ ᠎ ᠤᠨ ᠪᠦᠵᠢᠭ ᠤᠨ ᠲᠡᠭᠡᠳᠤ ᠰᠤᠷᠭᠠᠭᠤᠯᠢ ᠳᠤ ᠤᠷᠢᠭᠳᠠᠨ ᠭᠦᠷᠴᠤ ᠡᠷᠳᠡᠮ ᠰᠢᠨᠵᠢᠯᠡᠭᠦᠨ ᠤ ᠶᠠᠷᠢᠶ᠎ᠠ ᠬᠢᠪᠠ᠂ ᠪᠠᠰᠠ ᠨᠢᠭᠡ ᠪᠦᠯᠤᠭ᠌ ᠪᠦᠵᠢᠭ ᠵᠢᠭᠠᠬᠤ ᠮᠠᠲ᠋ᠧᠷᠢᠶᠠᠯ ᠨᠠᠶᠢᠷᠠᠭᠤᠯᠤᠨ ᠪᠢᠴᠢᠪᠠ᠃      ᠦᠪᠤᠷ ᠮᠤᠩᠭᠤᠯ ᠤᠨ ᠲᠠᠭᠤᠤ ᠪᠦᠵᠢᠭ ᠤᠨ ᠪᠦᠯᠭᠦᠮ ᠤᠨ ᠵᠤᠬᠢᠶᠠᠨ ᠪᠦᠳᠤᠭᠡᠭᠦ ᠲᠡᠰᠤᠭ ᠤᠨ ᠲᠡᠳ᠋ ᠡᠷᠬᠢᠯᠡᠭᠴᠢ ᠪᠠᠶᠢᠪᠠ᠃ ᠤᠳᠤ ᠪᠤᠯ ᠲᠤᠮᠳᠠᠳᠤ ᠤᠯᠤᠰ ᠤᠨ ᠪᠦᠵᠢᠭᠴᠢᠳ ᠤᠨ ᠨᠠᠶᠢᠭᠡᠮᠯᠢᠭ ᠤᠨ ᠦᠪᠤᠷ ᠮᠤᠩᠭᠤᠯ ᠤᠨ ᠬᠤᠪᠢᠶᠠᠷᠢ ᠨᠠᠶᠢᠭᠡᠮᠯᠢᠭ ᠤᠨ ᠲᠡᠷᠢᠭᠦᠯᠡᠭᠴᠢ᠂ ᠦᠪᠤᠷ ᠮᠤᠩᠭᠤᠯ ᠤᠨ ᠤᠳᠬ᠎ᠠ ᠤᠷᠠᠯᠢᠭ ᠎ ᠤᠨ ᠬᠤᠯᠪᠤᠭᠠᠨ ᠤ ᠭᠡᠰᠢᠭᠦᠨ ᠢᠶᠠᠷ ᠪᠤᠢ᠃                          ︽ᠮᠤᠩᠭᠤᠯ ᠦᠨᠳᠤᠰᠤᠳᠡᠨ ᠤ ᠪᠦᠷᠢᠨ ᠲᠤᠯᠢ︾᠎ ᠠᠴᠠ ᠪᠠᠭᠤᠯᠭᠠᠪᠠ
ᠢᠷᠡᠯᠲᠡ᠄ ᠲᠣᠰ ᠰᠥᠯᠵᠢᠶ᠎ᠠ