ᠲᠠᠯᠠᠢ ᠶᠢᠨ ᠠᠮᠢᠳᠠᠨ ᠢ ᠲᠠᠨᠢᠵᠤ ᠲᠠᠯᠠᠢ ᠲᠠᠩᠬᠢᠰ ᠢ ᠬᠠᠶᠢᠷᠠᠯᠠᠶ᠎ᠠ
ᠨᠡᠶᠢᠲᠡᠯᠡᠭᠰᠡᠨ ᠴᠠᠭ᠄
2018/2/26
     ᠤᠢᠢᠷ᠎ᠠ ᠶᠢᠨ ᠡᠳᠦᠷ ᠤᠷᠳᠤᠰ ᠤᠨ ᠲᠠᠯᠠᠢ ᠶᠢᠨ ᠠᠮᠢᠳᠠᠨ ᠤ ᠤᠷᠳᠤᠨ ᠳᠤ ᠲᠠᠯᠠᠢ ᠲᠠᠩᠬᠢᠰ ᠵᠢᠴᠢ ᠲᠠᠯᠠᠢ ᠶᠢᠨ  ᠠᠮᠢᠳᠤ ᠪᠤᠳᠠᠰ ᠢ ᠬᠠᠮᠠᠭᠠᠯᠠᠬᠤ ᠨᠡᠶᠢᠳᠡ ᠶᠢᠨ ᠠᠰᠠᠷᠠᠮᠵᠢ ᠶᠢᠨ ᠠᠵᠢᠯᠯᠠᠭ᠎ᠠ ᠶᠠᠪᠤᠭᠳᠠᠵᠠᠢ᠃ ᠲᠤᠰ ᠠᠵᠢᠯᠯᠠᠭ᠎ᠠ ᠪᠠᠷ  ᠲᠠᠮᠵᠢᠭᠤᠯᠤᠨ ᠬᠦᠮᠦᠰ ᠢ ᠲᠠᠯᠠᠢ ᠲᠠᠩᠬᠢᠰ ᠢ ᠲᠠᠨᠢᠵᠤ᠂ ᠲᠠᠯᠠᠢ ᠲᠠᠩᠬᠢᠰ ᠢ ᠬᠠᠶᠢᠷᠠᠯᠠᠬᠤ ᠤᠬᠠᠮᠰᠠᠷ ᠢᠶᠠᠨ  ᠲᠡᠭᠡᠭᠰᠢᠯᠡᠬᠦᠯᠵᠤ᠂ ᠬᠦᠮᠦᠨ ᠲᠦᠷᠦᠯᠬᠢᠳᠡᠨ ᠤ ᠬᠠᠮᠳᠤ ᠶᠢᠨ ᠬᠡᠷ ᠤᠷᠤᠨ ᠢᠶᠠᠨ ᠰᠠᠬᠢᠨ ᠬᠠᠮᠠᠭᠠᠯᠠᠬᠤ ᠶᠢ  ᠰᠠᠨᠠᠭᠠᠴᠢᠯᠠᠭᠰᠠᠨ ᠪᠠᠶᠢᠨ᠎ᠠ᠃
   
     ᠤᠷᠴᠢᠮᠬᠠᠨ ᠤᠷᠳᠤᠰ ᠤᠨ ᠲᠠᠯᠠᠢ ᠶᠢᠨ ᠠᠮᠢᠳᠠᠨ ᠤ ᠤᠷᠳᠤᠨ ᠤ ᠨᠢᠭᠡᠳᠦᠭᠡᠷ ᠬᠤᠭᠤᠴᠠᠭᠠᠨ ᠤ ᠪᠠᠷᠢᠯᠭ᠎ᠠ  ᠠᠰᠢᠭᠯᠠᠯᠳᠠ ᠳᠤ ᠤᠷᠤᠭᠰᠠᠨ ᠠᠴᠠ ᠨᠠᠭᠠᠰᠢ ᠬᠤᠳᠠ ᠶᠢᠨ ᠠᠷᠠᠳ ᠬᠢᠭᠡᠳ ᠵᠤᠭᠠᠴᠠᠭᠰᠠᠳ ᠳ᠋ᠦᠡᠭᠱᠧᠡᠭ  ᠲᠤᠭᠤᠷᠢᠭ ᠲᠠᠬᠢ ᠤᠷᠳᠤᠰ ᠤᠨ ᠲᠠᠯᠠᠢ ᠶᠢᠨ ᠠᠮᠢᠳᠠᠨ ᠤ ᠤᠷᠳᠤᠨ ᠠᠴᠠ ᠲᠠᠯᠠᠢ ᠲᠠᠩᠬᠢᠰ ᠤᠨ ᠦᠡᠭᠭᠡ ᠦᠵᠡᠮᠵᠢ᠂  ᠲᠠᠯᠠᠢ ᠶᠢᠨ ᠠᠮᠢᠳᠠᠨ ᠤ ᠲᠦᠷᠢ ᠪᠠᠶᠢᠳᠠᠯ ᠢ ᠰᠤᠨᠢᠷᠬᠠᠵᠤ ᠲᠡᠶᠢᠯᠬᠦ ᠪᠤᠯᠤᠯ᠎ᠠ᠃          ᠤᠢᠢᠯᠠᠭᠠᠭᠰᠠᠨ ᠢᠶᠠᠷ᠂ ᠤᠷᠳᠤᠰ ᠤᠨ ᠲᠠᠯᠠᠢ ᠶᠢᠨ ᠠᠮᠢᠳᠠᠨ ᠤ ᠤᠷᠳᠤᠨ ᠪᠤᠯ ᠮᠠᠨ ᠤ ᠤᠯᠤᠰ ᠤᠨ ᠪᠠᠷᠠᠭᠤᠨ  ᠬᠤᠶᠢᠳᠤ ᠶᠢᠨ ᠭᠠᠵᠠᠷ ᠤᠷᠤᠨ ᠳᠠᠬᠢ ᠡᠵᠡᠯᠡᠬᠦᠨ ᠢᠶᠠᠷ ᠬᠠᠮᠤᠭ ᠶᠡᠭᠡ᠂ ᠠᠮᠢᠳᠤ ᠪᠤᠳᠠᠰ ᠤᠨ ᠲᠦᠷᠦᠯ ᠵᠦᠢᠯ ᠢᠶᠠᠷ  ᠬᠠᠮᠤᠭ ᠤᠯᠠᠨ᠂ ᠲᠤᠨᠤᠭ ᠲᠦᠭᠦᠭᠡᠷᠦᠮᠵᠢ ᠨᠢ ᠬᠠᠮᠤᠭ ᠰᠢᠯᠢᠳᠡᠭ᠂ ᠤᠷᠴᠢᠨ ᠲᠤᠭᠤᠷᠢᠨ ᠬᠠᠮᠤᠭ ᠰᠠᠶᠢᠨ  ᠲᠠᠯᠠᠢ ᠶᠢᠨ ᠠᠮᠢᠳᠠᠨ ᠤ ᠤᠷᠳᠤᠨ ᠪᠠᠶᠢᠵᠤ᠂ ᠲᠠᠯᠠᠢ ᠲᠠᠩᠬᠢᠰ ᠤᠨ ᠰᠤᠶᠤᠯ᠂ ᠰᠢᠨᠵᠢᠯᠡᠬᠦ ᠤᠬᠠᠭᠠᠨ ᠰᠤᠶᠤᠯ  ᠰᠤᠷᠭᠠᠨ ᠬᠦᠮᠦᠵᠢᠯ᠂ ᠭᠠᠵᠠᠷ ᠤᠷᠤᠨ ᠤ ᠤᠨᠴᠠᠯᠢᠭ ᠢ ᠲᠤᠪᠤᠶᠢᠯᠭᠠᠬᠤ ᠶᠢ ᠴᠤᠭᠴᠠᠵᠢᠭᠤᠯᠤᠭᠰᠠᠨ ᠲᠠᠯᠠᠢ  ᠲᠠᠩᠬᠢᠰ ᠤᠨ ᠰᠤᠶᠤᠯ ᠢ ᠤᠢᠢᠯᠠᠭᠠᠬᠤ ᠤᠷᠳᠤᠨ ᠪᠤᠯᠤᠨ᠎ᠠ᠃ ᠤᠷᠳᠤᠰ ᠤᠨ ᠲᠠᠯᠠᠢ ᠶᠢᠨ ᠠᠮᠢᠳᠠᠨ ᠤ ᠤᠷᠳᠤᠨ ᠤ  ᠡᠵᠡᠯᠡᠬᠦ ᠲᠠᠯᠠᠪᠠᠢ ᠨᠢ 1.7 ᠲᠦᠮᠡᠨ ᠲᠡᠭᠰᠢ ᠲᠦᠷᠪᠡᠯᠵᠢᠨ ᠮᠧᠲᠷ ᠪᠠᠶᠢᠵᠤ᠂ ᠨᠡᠶᠢᠳᠡ ᠭᠤᠷᠪᠠᠨ ᠲᠠᠪᠬᠤᠷᠭ᠎ᠠ  ᠪᠠᠷᠢᠯᠭ᠎ᠠ ᠲᠠᠢ ᠃ ᠶᠠᠪᠠᠭᠠᠨ ᠭᠠᠯᠠᠭᠤ ᠶᠢᠨ ᠦᠵᠡᠬᠦᠯᠦᠯᠭᠡ ᠶᠢᠨ ᠤᠷᠳᠤᠨ᠂ ᠲᠠᠯᠠᠢ ᠶᠢᠨ ᠢᠷᠤᠭᠠᠷ ᠤᠨ ᠨᠦᠭᠡᠨ ᠵᠠᠮ᠂  ᠱᠢᠷᠤ ᠶᠢᠨ ᠠᠮᠢᠳᠤ ᠪᠤᠳᠠᠰ ᠤᠨ ᠦᠵᠡᠬᠦᠯᠦᠯᠭᠡ᠂ ᠬᠠᠯᠠᠭᠤᠨ ᠪᠦᠰᠡᠨ ᠤ ᠤᠢᠢᠳᠤ ᠭᠠᠵᠠᠷ ᠤᠨ ᠦᠵᠡᠬᠦᠯᠦᠯᠭᠡ ᠵᠢᠴᠢ  ᠲᠠᠯᠠᠢ ᠶᠢᠨ ᠠᠮᠢᠳᠤ ᠪᠤᠳᠠᠰ ᠤᠨ ᠦᠵᠡᠬᠦᠯᠦᠯᠭᠡ ᠵᠡᠷᠭᠡ ᠦᠵᠡᠬᠦᠯᠦᠯᠭᠡ ᠶᠢᠨ ᠲᠤᠭᠤᠷᠢᠭ ᠲᠤ ᠪᠠᠨ ᠶᠠᠪᠠᠭᠠᠨ ᠭᠠᠯᠠᠭᠤ᠂  ᠵᠢᠭᠠᠰᠤ᠂ ᠵᠠᠯᠬᠠᠭ᠂ ᠱᠢᠷᠦ᠂ ᠬᠠᠯᠢᠮᠤ ᠵᠡᠷᠭᠡ ᠲᠠᠯᠠᠢ ᠶᠢᠨ ᠠᠮᠢᠳᠠᠳ ᠢ ᠦᠵᠡᠬᠦᠯᠵᠤ ᠪᠤᠢ᠃ ᠤᠳᠤᠬᠠᠨ ᠳᠤ 100  ᠭᠠᠷᠤᠢ ᠲᠦᠷᠦᠯ ᠤᠨ ᠨᠡᠶᠢᠳᠡ ᠲᠦᠮᠡ ᠭᠠᠷᠤᠢ ᠲᠠᠯᠠᠢ ᠶᠢᠨ ᠠᠮᠢᠳᠠᠨ ᠠᠳᠡ ᠨᠤᠳᠤᠭᠰᠢᠵᠤ ᠪᠠᠶᠢᠨ᠎ᠠ᠃    
     ᠤᠷᠳᠤᠰ ᠤᠨ ᠲᠠᠯᠠᠢ ᠶᠢᠨ ᠠᠮᠢᠳᠠᠨ ᠤ ᠤᠷᠳᠤᠨ ᠨᠢ ︽ᠲᠠᠯᠠᠢ ᠲᠠᠩᠬᠢᠰ ᠤᠨ ᠰᠤᠶᠤᠯ︾᠎ ᠤᠨ ᠭᠤᠤᠯ  ᠰᠡᠳᠦᠪ ᠤᠨ ᠲᠤᠭᠤᠷᠢᠨ ᠳᠤ ᠯᠤᠤᠰ ᠤᠨ ᠲᠠᠬᠢᠨᠢ ᠶᠢᠨ ᠲᠤᠭᠯᠠᠯᠳᠠ ᠮᠡᠳᠦ ᠶᠢᠨ ᠠᠵᠢᠯᠯᠠᠭ᠎ᠠ ᠶᠢ ᠤᠶᠠᠯᠳᠤᠭᠤᠯᠵᠤ᠂  ᠵᠤᠭᠠᠴᠠᠭᠰᠠᠳ ᠲᠤ ᠭᠠᠶᠢᠬᠠᠮᠰᠢᠭᠳᠤ ᠲᠠᠯᠠᠢ ᠲᠠᠩᠬᠢᠰ ᠤᠨ ᠶᠢᠷᠳᠢᠨᠴᠤ ᠶᠢ ᠲᠡᠯᠭᠡᠨ ᠦᠵᠡᠬᠦᠯᠵᠤ᠂ ᠤᠯᠠᠨ ᠬᠦᠮᠦᠨ ᠤ  ᠠᠩᠬᠠᠷᠤᠯ ᠢ ᠲᠠᠳᠠᠭᠰᠠᠨ ᠪᠢᠯᠡ᠃ ᠤᠷᠳᠤᠰ ᠤᠨ ᠲᠠᠯᠠᠢ ᠶᠢᠨ ᠠᠮᠢᠳᠠᠨ ᠤ ᠤᠷᠳᠤᠨ ᠨᠢ ᠤᠷᠳᠤᠰ ᠤᠨ ᠬᠡᠭᠡᠷ᠎ᠡ ᠶᠢᠨ  ᠠᠮᠢᠳᠠᠨ ᠤ ᠬᠦᠷᠢᠶᠡᠯᠡᠩ ᠤᠨ ᠬᠦᠭᠵᠢᠯᠳᠡ ᠶᠢᠨ ᠰᠢᠨ᠎ᠡ ᠱᠠᠳᠤ ᠶᠢ ᠨᠡᠭᠡᠭᠡᠵᠤ᠂ ᠤᠷᠳᠤᠰ ᠤᠨ ᠪᠦᠬᠦ ᠤᠷᠤᠨ  ᠲᠤᠭᠤᠷᠢᠭ ᠤᠨ ᠵᠤᠭᠠᠴᠠᠯ ᠤᠨ ᠬᠦᠭᠵᠢᠯᠳᠡ ᠶᠢᠨ ᠰᠢᠨ᠎ᠡ ᠲᠡᠮᠳᠡᠭ ᠪᠤᠯᠵᠤ᠂ ︽ᠲᠦᠷᠪᠡᠨ ᠤᠯᠠᠷᠢᠯ ᠤᠨ ᠵᠤᠭᠠᠴᠠᠯ︾ ᠎ ᠤᠨ ᠬᠦᠭᠵᠢᠯᠳᠡ ᠶᠢ ᠠᠬᠢᠭᠤᠯᠬᠤ ᠪᠠ ᠪᠠᠷᠠᠭᠤᠨ ᠬᠤᠶᠢᠳᠤ ᠤᠷᠤᠨ ᠤ ᠵᠤᠭᠠᠴᠠᠯ ᠤᠨ ᠬᠦᠭᠵᠢᠯᠳᠡ ᠶᠢ  ᠠᠬᠢᠭᠤᠯᠬᠤ ᠳᠤ ᠰᠢᠨ᠎ᠡ ᠵᠠᠮ ᠰᠦᠪᠡᠭᠴᠢᠯᠡᠭᠰᠡᠨ ᠪᠠᠶᠢᠨ᠎ᠠ᠃
ᠢᠷᠡᠯᠲᠡ᠄ ᠤᠷᠳᠤᠰ ᠮᠤᠩᠭᠤᠯ ᠰᠦᠯᠵᠢᠶ᠎ᠠ