ᠵᠢᠭᠳᠡᠨ ︵1920 ~ ︶ ︽ᠰᠠᠪᠬ᠎ᠠ ᠶᠢᠨ ᠪᠦᠵᠢᠭ︾ ᠤᠨ ᠤᠯᠠᠮᠵᠢᠯᠭᠠᠳᠠᠨ᠃ | ᠦᠪᠤᠷ ᠮᠤᠩᠭᠤᠯ ᠤᠨ ᠤᠳᠤᠭ ᠬᠤᠰᠢᠭᠤᠨ ᠤ ᠭᠦᠮᠤᠨ᠃ | | | ᠮᠠᠯᠴᠢᠨ᠂ ᠪᠠᠭ᠎ᠠ ᠠᠴᠠ ᠪᠠᠨ ᠤᠷᠳᠤᠰ ᠠᠷᠠᠳ ᠤᠨ ᠤᠷᠠᠯᠢᠭ ᠤᠨ ᠨᠦᠯᠤᠭᠡ ᠶᠢ ᠭᠦᠷᠳᠡᠵᠤ ᠪᠠᠶᠢᠪᠠ᠃ ᠪᠠᠯᠴᠢᠷ ᠦᠶ᠎ᠠ ᠳᠡᠭᠡᠨ ᠠᠷᠠᠳ ᠤᠨ ᠤᠷᠠᠯᠢᠭᠴᠢ | ᠨᠡᠩᠵᠢᠯᠸᠠᠩᠴᠤᠭ ᠵᠡᠷᠭᠡ ᠭᠦᠮᠤᠰ ᠠᠴᠠ ᠰᠠᠪᠬ᠎ᠠ ᠶᠢᠨ ᠪᠦᠵᠢᠭ ᠰᠤᠷᠴᠤ᠂ ᠬᠤᠷᠢᠮ ᠨᠠᠶᠢᠷ ᠲᠡᠭᠡᠷ᠎ᠠ ᠠᠪᠤᠨ ᠪᠦᠵᠢᠭᠯᠡᠳᠡᠭ ᠪᠠᠶᠢᠯ᠎ᠠ᠃ ᠲᠡᠭᠦᠨ ᠤ ᠪᠦᠵᠢᠭᠯᠡᠭᠦ | ᠭᠦᠳᠡᠯᠭᠡᠭᠡᠨ ᠨᠢ ᠢᠳᠡᠷᠭᠡᠭ ᠴᠢᠩᠭ᠎ᠠ᠂ ᠰᠦᠯᠵᠢᠨ ᠰᠤᠯᠪᠢᠴᠠᠬᠤ ᠨᠢ ᠵᠢᠭᠳᠡ ᠲᠡᠭᠰᠢ᠂ ᠤᠷ᠎ᠠ ᠮᠡᠷᠭᠡᠵᠢᠯ ᠨᠢ ᠲᠦᠷᠢᠮᠵᠢᠯ ᠲᠠᠢ ᠮᠦᠷᠳᠡᠭᠡᠨ ᠪᠤᠯᠪᠠᠰᠤᠷᠠᠩᠭᠤᠢ᠂ | ᠠᠯᠢᠶ᠎ᠠ ᠱᠤᠭᠳᠠᠢ᠂ ᠭᠦᠭᠵᠢᠯᠳᠠᠢ ᠤᠮᠤᠭ ᠵᠤᠷᠢᠭᠳᠠᠢ ᠪᠠᠶᠢᠭ᠎ᠠ ᠪᠠᠷ ᠢᠶᠠᠨ ᠭᠤᠴᠤ ᠰᠠᠶᠢᠬᠠᠨ ᠲᠤᠭᠯᠠᠯᠳᠠ ᠶᠢᠨ ᠬᠡᠪ ᠨᠡᠮᠪᠠ ᠶᠢ ᠪᠦᠷᠢᠯᠳᠤᠭᠦᠯᠵᠡᠢ᠃ | ᠵᠢᠭᠳᠡᠨ ᠲᠡᠰᠤᠷᠠᠯᠳᠠ ᠦᠬᠡᠢ ᠰᠢᠨ᠎ᠠ ᠶᠢ ᠡᠭᠦᠳᠭᠦ ᠪᠠᠷ ᠤᠶᠤᠨ ᠤᠬᠠᠭᠠᠨ ᠢᠶᠠᠨ ᠰᠢᠪᠬᠠᠵᠤ᠂ ᠤᠤᠯ ᠤᠨ ᠭᠡᠷ ᠲᠤᠳᠤᠷ᠎ᠠ ᠪᠦᠵᠢᠭᠯᠡᠳᠡᠭ ᠪᠤᠶᠤ ᠤᠭ ᠤᠷᠤᠨ | ᠳᠠᠭᠠᠨ ᠯᠠ ᠪᠦᠵᠢᠭᠯᠡᠳᠡᠭ ᠲᠦᠭᠦᠮ ᠬᠡᠯᠪᠡᠷᠢ ᠶᠢ ᠦᠭᠡᠷᠡᠴᠢᠯᠡᠭᠡᠳ᠂ ᠲᠡᠳᠡᠭᠡᠷ ᠢ ᠤᠷᠠᠯᠢᠭ ᠤᠨ ᠲᠠᠶᠢᠰᠠᠨ᠎ᠠ ᠲᠡᠪᠰᠢᠭᠦᠯᠤᠨ ᠭᠠᠷᠭᠠᠵᠤ ᠲᠤᠭᠯᠠᠯᠳᠠ ᠶᠢ ᠨᠡᠩ ᠪᠦᠷᠢᠨ | ᠲᠡᠭᠦᠯᠳᠠᠷ ᠤᠷᠠᠯᠢᠭᠳᠤ ᠴᠢᠨᠠᠷ ᠲᠠᠢ ᠪᠤᠯᠭᠠᠨ ᠢᠳᠠᠪᠬᠢᠵᠢᠭᠦᠯᠪᠠ᠃ | 1955 ᠤᠨ ᠪᠠ1960 ᠤᠨ ᠳᠤ ᠲᠠᠷᠠ ᠦᠪᠤᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠪᠠ ᠠᠶᠢᠮᠠᠭ ᠤᠨ ᠲᠡᠰ ᠤᠨ ᠠᠵᠢᠯ ᠤᠨ ᠴᠢᠯᠤᠭᠡᠨ ᠤ | ᠤᠷᠠᠨ ᠰᠠᠶᠢᠬᠠᠨ ᠤ ᠲᠤᠭᠯᠠᠯᠳᠠ ᠳᠤ ︽ᠰᠠᠪᠬᠠᠨ ᠪᠦᠵᠢᠭ︾ ᠢ ᠲᠤᠭᠯᠠᠵᠤ᠂ ᠠᠯᠳᠠᠨ ᠮᠧᠳᠡᠯ ᠢᠶᠠᠷ ᠱᠠᠩᠨᠠᠭᠳᠠᠨ᠂ ᠨᠢᠭᠡᠳᠤᠭᠡᠷ ᠲᠡᠰ ᠤᠨ ᠱᠠᠩᠨᠠᠯ ᠢ ᠭᠦᠷᠳᠡᠪᠠ᠃ | 1964 ᠤᠨ ᠳᠤ᠂ ᠪᠦᠬᠦ ᠤᠯᠤᠰ ᠤᠨ ᠴᠦᠭᠡᠨ ᠲᠤᠭᠠᠳᠤ ᠦᠨᠳᠤᠰᠤᠳᠡᠨ ᠤ ᠠᠵᠢᠯ ᠤᠨ ᠴᠢᠯᠤᠭᠡᠨ ᠤ ᠤᠷᠠᠨ ᠰᠠᠶᠢᠬᠠᠨ ᠤ ᠦᠵᠡᠭᠦᠯᠤᠯᠭᠡ ᠶᠢᠨ ᠲᠤᠭᠯᠠᠯᠳᠠ ᠳᠤ | ᠤᠷᠤᠯᠴᠠᠭᠠᠳ ᠦᠵᠡᠭᠴᠢᠳ ᠤᠨ ᠰᠠᠶᠢᠨ ᠦᠨᠡᠯᠠᠯᠳᠠ ᠶᠢ ᠤᠯᠤᠭᠰᠡᠨ ᠪᠠᠶᠢᠨ᠎ᠠ᠃ ᠠᠷᠠᠳ ᠤᠨ ᠪᠦᠵᠢᠭ ᠢ ᠮᠠᠨᠳᠤᠭᠤᠯᠤᠨ᠂ ︽ᠰᠠᠪᠬᠠᠨ ᠪᠦᠵᠢᠭ︾ ᠢ | ᠲᠦᠭᠡᠮᠡᠯᠵᠢᠭᠦᠯᠭᠦ ᠳᠤ ᠴᠢᠬᠤᠯᠠ ᠶᠡᠭᠡ ᠬᠤᠪᠢ ᠨᠠᠮᠡᠷᠢ ᠦᠵᠡᠭᠦᠯᠪᠠ᠃ | ︽ᠮᠤᠩᠭᠤᠯ ᠦᠨᠳᠤᠰᠤᠳᠡᠨ ᠤ ᠪᠦᠷᠢᠨ ᠲᠤᠯᠢ︾ ᠠᠴᠠ ᠪᠠᠭᠤᠯᠭᠠᠪᠠ | |