ᠤᠷᠠᠨ ᠵᠤᠬᠢᠶᠠᠯ ᠤᠨ ᠵᠢᠳᠬᠦᠯᠳᠡᠨ — ᠬᠡᠰᠢᠭᠪᠡᠳᠤ
ᠨᠡᠶᠢᠲᠡᠯᠡᠭᠰᠡᠨ ᠴᠠᠭ᠄
2018/2/9
ᠬᠡᠰᠢᠭᠪᠡᠳᠤ ︵1849 ~1915︶  ᠴᠢᠩ ᠤᠯᠤᠰ ᠤᠨ ᠰᠡᠭᠦᠯᠴᠢ  ᠂ ᠢᠷᠭᠡᠨ                                ᠤᠯᠤᠰ ᠤᠨ ᠡᠬᠢᠨ ᠤ ᠦᠶ᠎ᠠ ᠶᠢᠨ ᠰᠢᠯᠤᠭ᠍ᠴᠢᠨ        ᠦᠪᠤᠷ ᠮᠤᠩᠭᠤᠯ ᠤᠨ ᠤᠷᠳᠤᠰ ᠠᠶᠢᠮᠠᠭ ᠤᠨ ᠦᠤᠰᠢᠨ ᠬᠤᠰᠢᠭᠤᠨ ᠤ ᠱᠠᠷᠯᠢᠭ ᠰᠤᠮᠤᠨ ᠤ ᠨᠢᠭᠡᠨ ᠶᠠᠳᠠᠭᠤ ᠮᠠᠯᠴᠢᠨ ᠤ ᠭᠡᠷ ᠲᠤ ᠲᠦᠷᠤᠵᠡᠢ᠃ 19 ᠨᠠᠰᠤᠳᠠᠢ ᠠᠴᠠ ᠪᠠᠨ ᠡᠬᠢᠯᠡᠨ ᠰᠤᠮᠤᠨ ᠤ ᠰᠤᠷᠭᠠᠭᠤᠯᠢ ᠳᠤ ᠮᠤᠩᠭᠤᠯ ᠬᠡᠯᠡ ᠰᠤᠷᠤᠯᠴᠠᠭᠰᠡᠨ ᠪᠦᠭᠡᠳ ᠰᠢᠷᠭᠠᠭᠤ ᠬᠠᠳᠠᠭᠤᠵᠢᠯᠳᠠᠢ ᠦᠪᠠᠷ ᠤᠨ ᠰᠤᠷᠤᠯᠴᠠᠯᠭ᠎ᠠ ᠪᠠᠷ ᠲᠠᠮᠵᠢᠨ ᠬᠢᠳᠠᠳ ᠬᠡᠯᠡ᠂ ᠲᠦᠪᠡᠳ ᠬᠡᠯᠡ ᠳᠤ ᠴᠤ ᠨᠠᠪᠳᠠᠷᠡᠵᠡᠢ᠃ 20 ᠨᠠᠰᠤᠳᠠᠢ ᠠᠴᠠ ᠪᠠᠨ ᠪᠠᠯᠵᠤᠤᠷ ᠭᠦᠩ ᠳᠤ ᠭᠡᠷ ᠤᠨ ᠪᠢᠴᠢᠭᠡᠴᠢ ᠪᠠᠷ ᠵᠠᠷᠤᠭᠳᠠᠪᠠ᠃ ᠬᠤᠵᠢᠮ ᠨᠢ ︽ᠲᠤᠭᠤᠶᠢᠯᠠᠩ ᠤᠨ ᠭᠦᠳᠡᠯᠭᠡᠭᠡᠨ︾᠎ ᠤ ᠭᠡᠷᠡᠭ ᠲᠤ ᠬᠤᠯᠪᠤᠭᠳᠠᠵᠤ᠂ ᠲᠤᠰᠢᠶᠠᠯ ᠢᠶᠠᠨ ᠤᠭᠴᠤᠷᠠᠭᠳᠠᠪᠠ᠃ ᠲᠡᠭᠦᠨ ᠠᠴᠠ ᠬᠤᠶᠢᠰᠢ ᠲᠠᠷᠠ ᠡᠷᠭᠡ ᠲᠠᠷᠠᠬᠤᠨ ᠲᠠᠢ ᠨᠦᠭᠦᠷᠯᠡᠵᠤ᠂ ᠠᠯᠪᠠ ᠬᠠᠭᠠᠭᠰᠡᠨ ᠦᠬᠡᠢ᠂ ᠮᠠᠯ ᠬᠠᠷᠢᠭᠤᠯᠤᠨ ᠲᠠᠷᠢᠶ᠎ᠠ ᠲᠠᠷᠢᠵᠤ᠂ ᠶᠠᠪᠠᠭᠠᠨ ᠡᠮᠴᠢ ᠪᠤᠯᠬᠤ ᠪᠠᠷ ᠠᠮᠢ ᠵᠢᠭᠤᠵᠤ ᠪᠠᠶᠢᠪᠠ᠃      ᠲᠠᠷᠠ ᠰᠢᠯᠤᠭ᠌ ᠲᠠᠭᠤᠯᠠᠯ ᠳᠤ ᠲᠤᠷ᠎ᠠ ᠪᠠᠬ᠎ᠠ ᠲᠠᠢ᠂ ᠲᠡᠭᠦᠨ ᠤ ᠤᠯᠠᠮᠵᠢᠯᠠᠭᠳᠠᠵᠤ ᠢᠷᠡᠭᠰᠡᠨ ᠰᠢᠯᠤᠭ᠌ ᠲᠤ ︽ᠦᠤᠰᠢᠨ ᠬᠤᠰᠢᠭᠤᠨ ᠤ ᠲᠤᠭᠤᠶᠢᠯᠠᠩ︾᠂ ︽ᠬᠤᠤᠰ ᠮᠤᠷᠢᠨ ᠤ ᠰᠠᠶᠢᠪᠤᠷ︾᠂ ︽ᠦᠨᠳᠤᠷ ᠭᠦᠭᠡ ᠤᠭᠳᠠᠷᠭᠤᠢ︾᠂ ︽ᠡᠷᠭᠡ ᠲᠡᠭᠰᠢ︾᠂ ︽ᠮᠠᠭᠤ ᠴᠠᠭ ᠤᠨ ᠰᠠᠯᠬᠢ︾᠂ ︽ᠵᠤᠭᠠᠩ ᠮᠢᠨᠢ︾ ᠵᠡᠷᠭᠡ ᠨᠠᠢᠮᠡᠨ ᠵᠤᠬᠢᠶᠠᠯ ᠪᠤᠢ᠃ ᠲᠠᠷᠠ ᠰᠢᠯᠤᠭ᠌ ᠲᠡᠭᠡᠨ ᠭᠤᠤᠯ ᠨᠢ ᠨᠠᠶᠢᠭᠡᠮ ᠤᠨ ᠪᠤᠳᠠᠳᠤ ᠠᠬᠤᠢ ᠳᠤ ᠲᠤᠷ᠎ᠠ ᠦᠬᠡᠶᠢᠴᠡᠵᠤ᠂ ᠹᠸᠤᠳᠠᠯ ᠤᠨ ᠸᠠᠩ ᠭᠥᠩ ᠢ ᠰᠢᠭᠦᠮᠵᠢᠯᠡᠨ ᠂ ᠲᠤᠭᠤᠶᠢᠯᠠᠩ ᠤᠨ ᠭᠦᠳᠡᠯᠭᠡᠭᠡᠨ ᠢ ᠭᠦᠭᠡᠷᠤᠭᠦᠶᠢᠯᠡᠵᠤ᠂ ᠡᠷᠡᠭᠳᠡᠢ ᠡᠮᠡᠭᠳᠡᠢ ᠶᠢᠨ ᠢᠨᠠᠭ ᠬᠠᠶᠢᠷ᠎ᠠ ᠶᠢ ᠵᠢᠷᠤᠭᠯᠠᠭᠰᠡᠨ ᠪᠠᠶᠢᠳᠠᠭ᠃      ᠡᠭᠦᠨ ᠠᠴᠠ ᠭᠠᠳᠠᠨ᠎ᠠ᠂ ᠲᠠᠷᠠ ᠰᠤᠶᠤᠯ ᠰᠤᠷᠭᠠᠨ ᠭᠦᠮᠤᠵᠢᠯ ᠤᠨ ᠲᠠᠯ᠎ᠠ ᠪᠠᠷ ᠪᠠᠰᠠ ᠪᠠᠭ᠎ᠠ ᠪᠤᠰᠤ ᠠᠮᠵᠢᠯᠳᠠ ᠪᠦᠳᠤᠭᠡᠯ ᠲᠠᠢ ᠪᠠᠶᠢᠳᠠᠭ᠃ ᠲᠠᠷᠠ ︽ᠠᠩᠬ᠎ᠠ ᠰᠤᠷᠤᠭᠰᠡᠳ ᠤᠨ ᠲᠤᠯᠢ ᠪᠢᠴᠢᠭ︾᠎ ᠢ ᠨᠠᠶᠢᠷᠠᠭᠤᠯᠵᠤ᠂ ᠰᠢᠯᠤᠭ᠌ ᠤᠨ ᠬᠡᠯᠪᠡᠷᠢ ᠪᠠᠷ ᠪᠠᠶᠢᠭᠠᠯᠢ ᠨᠠᠶᠢᠭᠡᠮ ᠤᠨ ᠮᠡᠳᠡᠯᠭᠡ ᠶᠢ ᠲᠠᠨᠢᠯᠴᠠᠭᠤᠯᠤᠭᠰᠡᠨ ᠪᠠᠶᠢᠨ᠎ᠠ᠃ ᠡᠨᠡ ᠨᠤᠮ ᠨᠢ ᠪᠦᠬᠦᠳᠠ ᠨᠠᠶᠢᠷᠠᠮᠳᠠᠬᠤ ᠲᠤᠮᠳᠠᠳᠤ ᠠᠷᠠᠳ ᠤᠯᠤᠰ ᠪᠠᠶᠢᠭᠤᠯᠤᠭᠳᠠᠭᠰᠡᠨ ᠤ ᠡᠬᠢᠨ ᠤ ᠦᠶ᠎ᠠ ᠭᠦᠷᠳᠡᠯ᠎ᠡ ᠤᠷᠳᠤᠰ ᠨᠤᠳᠤᠭ ᠤᠨ ᠴᠦᠭᠡᠨ ᠪᠤᠰᠤ ᠲᠤᠰᠬᠤᠨ ᠤ ᠰᠤᠷᠭᠠᠭᠤᠯᠢ ᠶᠢᠨ ᠬᠢᠴᠢᠶᠠᠯ ᠤᠨ ᠨᠤᠮ ᠪᠤᠯᠵᠤ ᠪᠠᠶᠢᠵᠡᠢ᠃      ᠲᠡᠭᠦᠨ ᠤ ︽ᠭᠤᠷᠪᠠᠨ ᠤᠯᠤᠰ ᠤᠨ ᠲᠤᠪᠴᠢᠶᠠᠨ ᠤ ᠰᠢᠯᠤᠭ᠌︾᠂ ︽ᠪᠠᠷᠠᠭᠤᠨᠰᠢ ᠵᠤᠷᠴᠢᠭᠰᠡᠨ ᠲᠡᠮᠳᠡᠭᠯᠡᠯ︾᠂ ︽ᠡᠷᠳᠡᠨ ᠡᠳᠤᠭᠡᠬᠢ ᠡᠷᠳᠡᠨᠢ ᠶᠢᠨ ᠲᠤᠪᠴᠢ ᠶᠢᠨ ᠲᠡᠮᠳᠡᠭᠯᠡᠯ ᠰᠢᠯᠤᠭ᠌︾ ᠵᠡᠷᠭᠡ ᠵᠤᠬᠢᠶᠠᠯ ᠨᠢ ᠲᠤᠮᠳᠠᠳᠤ ᠤᠯᠤᠰ ᠤᠨ ᠲᠡᠤᠭᠡ ᠤᠷᠠᠨ ᠵᠤᠬᠢᠶᠠᠯ᠂ ᠮᠤᠩᠭᠤᠯ ᠦᠨᠳᠤᠰᠤᠳᠠᠨ ᠤ ᠲᠡᠤᠭᠡ ᠶᠢᠨ ᠮᠡᠳᠡᠯᠭᠡ ᠵᠡᠷᠭᠡ ᠶᠢ ᠲᠠᠨᠢᠯᠴᠠᠭᠤᠯᠵᠤ᠂ ᠮᠤᠩᠭᠤᠯ ᠬᠢᠳᠠᠳ ᠰᠤᠶᠤᠯ ᠤᠨ ᠰᠤᠯᠢᠯᠴᠠᠭ᠎ᠠ ᠳᠤ ᠢᠳᠠᠪᠬᠢᠳᠠᠢ ᠤᠶᠢᠯᠡᠳᠤᠯ ᠦᠵᠡᠭᠦᠯᠪᠠ᠃                          ︽ᠮᠤᠩᠭᠤᠯ ᠦᠨᠳᠤᠰᠤᠳᠡᠨ ᠤ ᠪᠦᠷᠢᠨ ᠲᠤᠯᠢ︾᠎ ᠠᠴᠠ ᠪᠠᠭᠤᠯᠭᠠᠪᠠ
ᠢᠷᠡᠯᠲᠡ᠄ ᠲᠣᠰ ᠰᠥᠯᠵᠢᠶ᠎ᠠ