ᠦᠪ ᠰᠤᠶᠤᠯ ᠤᠨ ᠭᠤᠯᠤᠮᠲᠠ ᠳᠤ ᠴᠤᠭ ᠪᠠᠳᠠᠷᠠᠭᠠᠵᠤ ᠢᠵᠠᠭᠤᠷ ᠳᠠᠭᠤᠤ ᠬᠦᠭᠵᠢᠮ ᠢᠶᠠᠨ ᠤᠯᠠᠮᠵᠢᠯᠠᠨ᠎ᠠ
ᠨᠡᠶᠢᠲᠡᠯᠡᠭᠰᠡᠨ ᠴᠠᠭ᠄
2019/1/21
     ᠤᠷᠳᠤᠰ ᠠᠷᠠᠳ ᠤᠨ ᠢᠵᠠᠭᠤᠷ ᠳᠠᠭᠤᠤ ᠤᠷᠠᠯᠢᠭ ᠢ ᠶᠡᠭᠡ ᠰᠤᠷᠭᠠᠭᠤᠯᠢ ᠶᠢᠨ ᠬᠦᠷᠢᠶᠡᠨ ᠳᠤ ᠤᠷᠤᠭᠤᠯᠵᠤ᠂  ᠠᠯᠳᠠᠭᠳᠠᠨ ᠬᠡᠬᠡᠭᠳᠡᠵᠤ ᠪᠠᠶᠢᠭ᠎ᠠ ᠦᠨᠳᠦᠰᠦᠲᠡᠨ ᠤ ᠦᠪ ᠰᠤᠶᠤᠯ ᠤᠨ ᠳᠠᠯᠠᠰᠲᠤ ᠪᠠᠨ ᠠᠪᠤᠷᠠᠨ ᠬᠠᠮᠠᠭᠠᠯᠠᠬᠤ  ᠡᠬᠦᠳᠡᠨ ᠠᠴᠠ ᠬᠢᠭᠳᠡᠭᠰᠡᠨ ᠤᠷᠳᠤᠰ ᠠᠷᠠᠳ ᠤᠨ ᠢᠵᠠᠭᠤᠷ ᠳᠠᠭᠤᠤ ᠬᠦᠭᠵᠢᠮ ᠢ ᠶᠡᠭᠡ ᠲᠡᠭᠡᠳᠦ ᠰᠤᠷᠭᠠᠭᠤᠯᠢ ᠶᠢᠨ  ᠬᠦᠷᠢᠶᠡᠨ ᠳᠤ ᠲᠦᠬᠡᠮᠡᠯᠵᠢᠬᠦᠯᠬᠦ ᠵᠢᠴᠢ ᠰᠤᠳᠤᠯᠤᠨ ᠶᠠᠷᠯᠴᠠᠬᠤ ᠬᠤᠷᠠᠯ 1 ᠰᠠᠷ᠎ᠠ ᠶᠢᠨ 8᠎ ᠤ ᠡᠳᠦᠷ ᠦᠪᠦᠷ  ᠮᠤᠩᠭᠤᠯ ᠤᠨ ᠦᠨᠳᠦᠰᠦᠲᠡᠨ ᠤ ᠴᠡᠴᠡᠷᠯᠢᠭ ᠤᠨ ᠪᠠᠭᠰᠢ ᠶᠢᠨ ᠲᠤᠰᠬᠠᠢ ᠮᠡᠷᠬᠡᠵᠢᠯ ᠤᠨ ᠲᠡᠭᠡᠳᠦ ᠰᠤᠷᠭᠠᠭᠤᠯᠢ ᠳᠤ  ᠶᠠᠪᠤᠭᠳᠠᠯ᠎ᠠ᠃ ᠮᠦᠨ ᠤᠷᠤᠢ ᠨᠢ ᠲᠤᠰ ᠰᠤᠷᠭᠠᠭᠤᠯᠢ ᠶᠢᠨ ᠶᠤᠰᠤᠯᠠᠯ ᠤᠨ ᠲᠢᠩᠭᠢᠮ ᠳᠤ ᠵᠢᠷᠬᠢᠶ᠎ᠡ ᠪᠠᠷ 100  ᠤᠷᠳᠤᠰ ᠠᠷᠠᠳ ᠤᠨ ᠢᠵᠠᠭᠤᠷ ᠳᠠᠭᠤᠤ ᠶᠢ ᠰᠤᠷᠤᠭᠰᠠᠨ ᠰᠤᠷᠤᠭᠴᠢᠳ ᠤᠨ ᠲᠡᠭᠦᠰᠬᠦ ᠶᠤᠰᠤᠯᠠᠯ ᠶᠠᠪᠤᠭᠳᠠᠭᠰᠠᠨ  ᠪᠠᠶᠢᠨ᠎ᠠ᠃          ᠲᠤᠰ ᠠᠵᠢᠯᠯᠠᠭ᠎ᠠ ᠶᠢ ᠦᠪᠦᠷ ᠮᠤᠩᠭᠤᠯ ᠤᠨ ᠦᠨᠳᠦᠰᠦᠲᠡᠨ ᠤ ᠴᠡᠴᠡᠷᠯᠢᠭ ᠤᠨ ᠪᠠᠭᠰᠢ ᠶᠢᠨ ᠲᠤᠰᠬᠠᠢ  ᠮᠡᠷᠬᠡᠵᠢᠯ ᠤᠨ ᠲᠡᠭᠡᠳᠦ ᠰᠤᠷᠭᠠᠭᠤᠯᠢ ᠠᠴᠠ ᠭᠤᠤᠯᠯᠠᠨ ᠡᠷᠭᠢᠯᠡᠵᠤ᠂ ᠲᠤᠰ ᠰᠤᠷᠭᠠᠭᠤᠯᠢ ᠶᠢᠨ ᠳᠠᠭᠤᠤ ᠬᠦᠭᠵᠢᠮ ᠤᠨ  ᠰᠠᠯᠪᠤᠷᠢ ᠶᠢᠨ ᠵᠢᠭᠠᠨ ᠰᠤᠳᠤᠯᠬᠤ ᠲᠠᠰᠤᠭ᠂ ᠤᠷᠳᠤᠰ ᠠᠷᠠᠳ ᠤᠨ ᠢᠵᠠᠭᠤᠷ ᠳᠠᠭᠤᠤ ᠬᠦᠭᠵᠢᠮ ᠤᠨ  ᠰᠤᠳᠤᠯᠭᠠᠨ ᠤ ᠨᠡᠶᠢᠬᠡᠮᠯᠢᠭ ᠠᠴᠠ ᠳᠠᠭᠠᠭᠠᠴᠢᠯᠠᠨ ᠡᠷᠭᠢᠯᠡᠭᠰᠡᠨ ᠪᠠᠶᠢᠨ᠎ᠠ᠃ ᠰᠤᠳᠤᠯᠤᠨ ᠶᠠᠷᠢᠯᠴᠠᠬᠤ ᠬᠤᠷᠠᠯ ᠳᠤ  ᠤᠷᠳᠤᠰ ᠬᠤᠲᠠ ᠶᠢᠨ ᠡᠯ᠎ᠡ ᠬᠤᠰᠢᠭᠤ ᠲᠤᠭᠤᠷᠢᠭ ᠤᠨ ᠠᠷᠠᠳ ᠤᠨ ᠤᠷᠠᠯᠢᠭᠴᠢᠳ ᠵᠢᠴᠢ ᠬᠠᠮᠢᠶ᠎ᠠ ᠪᠦᠬᠦᠢ  ᠮᠡᠷᠬᠡᠵᠢᠯ ᠤᠨ ᠬᠦᠮᠦᠨ ᠤᠷᠤᠯᠴᠠᠵᠤ᠂ ᠤᠷᠳᠤᠰ ᠠᠷᠠᠳ ᠤᠨ ᠢᠵᠠᠭᠤᠷ ᠳᠠᠭᠤᠤ ᠬᠦᠭᠵᠢᠮ ᠤᠨ ᠢᠷᠡᠯ ᠭᠠᠷᠤᠯ᠂  ᠤᠯᠠᠮᠵᠢᠯᠠᠯ ᠰᠢᠨᠡᠴᠢᠯᠡᠯ ᠤᠨ ᠲᠠᠯ᠎ᠠ ᠪᠠᠷ ᠦᠵᠡᠯ ᠪᠤᠳᠤᠯ ᠢᠶᠠᠨ ᠰᠤᠯᠢᠯᠴᠡᠨ᠂ ᠡᠷᠲᠡᠬᠡᠨ ᠠᠴᠠ ᠡᠬᠢᠯᠡᠨ ᠠᠪᠤᠷᠠᠨ  ᠬᠠᠮᠠᠭᠠᠯᠠᠵᠤ᠂ ᠤᠯᠠᠮᠵᠢᠯᠠᠨ ᠳᠡᠯᠬᠡᠷᠡᠬᠦᠯᠬᠦ ᠦᠭᠡᠢ ᠪᠤᠯ ᠰᠢᠨ᠎ᠡ ᠦᠶ᠎ᠡ ᠶᠢᠨ ᠵᠠᠯᠠᠭᠤᠰ ᠤᠨ ᠲᠤᠮᠳᠠ ᠤᠷᠤᠰᠢᠨ  ᠲᠤᠭᠲᠠᠨᠢᠬᠤ ᠤᠷᠤᠨ ᠪᠠᠶᠢᠷᠢ ᠦᠭᠡᠢ ᠪᠤᠯᠵᠤ᠂ ᠤᠳᠤᠮᠪᠠᠷᠠ ᠵᠡᠷᠭᠡ ᠲᠡᠭᠡᠷ᠎ᠡ ᠦᠶ᠎ᠡ ᠶᠢᠨ ᠠᠷᠠᠳ ᠤᠨ  ᠤᠷᠠᠯᠢᠭᠴᠢᠳ ᠲᠠᠢ ᠪᠠᠨ ᠲᠡᠤᠬᠡ ᠶᠢᠨ ᠬᠦᠷᠳᠦᠨ ᠳᠤ ᠡᠷᠭᠢᠰᠢ ᠦᠭᠡᠢ ᠤᠳᠬᠤ ᠠᠶᠤᠯᠲᠠᠢ ᠪᠤᠯᠵᠠᠢ ᠬᠡᠮᠡᠨ ᠰᠠᠨᠠᠯ  ᠨᠢᠬᠡᠲᠡᠢ ᠦᠵᠡᠵᠡᠭᠡᠭᠰᠡᠨ ᠪᠠᠶᠢᠨ᠎ᠠ᠃          ᠦᠪᠦᠷ ᠮᠤᠩᠭᠤᠯ ᠤᠨ ᠦᠨᠳᠦᠰᠦᠲᠡᠨ ᠤ ᠴᠡᠴᠡᠷᠯᠢᠭ ᠤᠨ ᠪᠠᠭᠰᠢ ᠶᠢᠨ ᠲᠤᠰᠬᠠᠢ ᠮᠡᠷᠬᠡᠵᠢᠯ ᠤᠨ ᠲᠡᠭᠡᠳᠦ  ᠰᠤᠷᠭᠠᠭᠤᠯᠢ ᠶᠢᠨ ᠳᠡᠳ᠋ ᠫᠷᠤᠹᠧᠰᠰᠤᠷ ᠪᠦᠭᠡᠳ ᠲᠤᠰ ᠠᠵᠢᠯᠯᠠᠭ᠎ᠠ ᠶᠢ ᠵᠤᠬᠢᠶᠠᠨ ᠪᠠᠶᠢᠭᠤᠯᠤᠭᠰᠠᠨ ᠰ᠊ · ᠰᠤᠶᠤᠯᠲᠤ  ᠪᠢᠳᠠᠨ ᠳᠤ᠄ ︽ᠦᠨᠦᠳᠦᠷ ᠪᠢᠳᠠ ᠤᠷᠳᠤᠰ ᠢᠵᠠᠭᠤᠷ ᠳᠠᠭᠤᠤ ᠬᠦᠭᠵᠢᠮ ᠶᠡᠭᠡ ᠳᠡᠭᠡᠳᠤ ᠰᠤᠷᠭᠠᠭᠤᠯᠢ ᠶᠢᠨ  ᠬᠦᠷᠢᠶᠡᠨ ᠳᠤ ᠤᠷᠤᠭᠰᠠᠨ ᠬᠡᠬᠦ ᠰᠡᠲᠦᠪ ᠤᠨ ᠲᠤᠭᠤᠷᠢᠨ ᠳᠤ ᠵᠢᠷᠬᠢᠶ᠎ᠡ ᠪᠠᠷ ᠢᠵᠠᠭᠤᠷ ᠳᠠᠭᠤᠤ ᠰᠤᠷᠤᠯᠴᠠᠵᠤ  ᠪᠠᠶᠢᠭ᠎ᠠ ᠠᠩᠭᠢ ᠶᠢᠨ ᠬᠢᠨ 100 ᠳᠠᠭᠤᠤ ᠪᠠᠨ ᠰᠤᠷᠴᠤ ᠪᠠᠷᠠᠭᠠᠳ ᠲᠡᠭᠦᠰᠬᠦ ᠶᠤᠰᠤᠯᠠᠯ ᠬᠢᠭᠰᠡᠨ᠂ ᠰᠤᠳᠤᠯᠤᠨ  ᠶᠠᠷᠢᠯᠴᠠᠬᠤ ᠬᠤᠷᠠᠯ᠂ ᠲᠤᠰᠬᠠᠢ ᠮᠡᠷᠬᠡᠵᠢᠯᠲᠡᠨ ᠢᠯᠡᠳᠬᠡᠯ ᠬᠢᠭᠰᠡᠨ ᠵᠡᠷᠭᠡ ᠠᠭᠤᠯᠭ᠎ᠠ ᠪᠠᠷ ᠨᠢᠬᠡ ᠡᠳᠦᠷ ᠶᠠᠪᠤᠭᠳᠠᠯ᠎ᠠ᠃  ᠰᠤᠳᠤᠯᠤᠨ ᠶᠠᠷᠢᠯᠴᠠᠬᠤ ᠬᠤᠷᠠᠯ ᠳᠤ ᠦᠪᠦᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠰᠦᠮᠪᠦᠷ ᠪᠠᠭᠰᠢ  ᠂ ᠦᠪᠦᠷ ᠮᠤᠩᠭᠤᠯ ᠤᠨ ᠤᠷᠠᠯᠢᠭ ᠤᠨ ᠲᠡᠭᠡᠳᠦ ᠰᠤᠷᠭᠠᠭᠤᠯᠢ ᠶᠢᠨ ᠬᠠᠰᠪᠠᠭᠠᠲᠤᠷ ᠪᠠᠭᠰᠢ ᠨᠠᠷ ᠠᠴᠠ ᠶᠠᠷᠢᠶ᠎ᠠ  ᠢᠯᠡᠳᠬᠡᠯ ᠬᠢᠵᠤ᠂ ᠮᠠᠨ ᠤ ᠠᠵᠢᠯᠯᠠᠭ᠎ᠠ ᠶᠢ ᠪᠠᠶᠠᠯᠢᠭ ᠠᠭᠤᠯᠭ᠎ᠠ ᠲᠠᠢ ᠪᠤᠯᠭᠠᠭᠰᠠᠨ ᠪᠠᠶᠢᠨ᠎ᠠ᠃ ᠮᠦᠨ ᠴᠤ ᠡ᠊ᠨᠳᠡ  ᠬᠦᠷᠦᠯᠴᠡᠨ ᠢᠷᠡᠭᠰᠡᠨ 100 ᠭᠠᠷᠤᠢ ᠬᠦᠮᠦᠨ ᠳᠡᠭᠡᠨ ᠵᠤᠷᠢᠭᠵᠢᠭᠤᠯᠤᠯ ᠤᠨ ᠱᠠᠩᠨᠠᠯ ᠤᠯᠭᠤᠭᠰᠠᠨ ᠪᠠᠶᠢᠨ᠎ᠠ᠃  ᠲᠤᠭᠯᠠᠯᠲᠠ ᠪᠠᠷ ᠬᠦᠷᠦ ᠳᠠᠭᠤᠤ᠂ ᠱᠠᠨᠵᠠ ᠬᠦᠭᠵᠢᠮ ᠢ ᠬᠦᠭᠵᠢᠮᠳᠡᠬᠦ᠂ ᠪᠠᠭ᠎ᠠ ᠰᠤᠷᠭᠠᠭᠤᠯᠢ ᠶᠢᠨ ᠬᠡᠤᠬᠡᠳ ᠤᠷᠳᠤᠰ  ᠢᠵᠠᠭᠤᠷ ᠳᠠᠭᠤᠤ ᠪᠠᠨ ᠳᠠᠭᠤᠯᠠᠬᠤ ᠵᠡᠷᠭᠡ ᠠᠭᠤᠯᠭ᠎ᠠ ᠪᠠᠷ ᠪᠠᠶᠠᠯᠢᠭ ᠦᠵᠡᠬᠦᠯᠬᠡ ᠲᠤᠬᠢᠷᠠᠭᠤᠯᠤᠭᠰᠠᠨ ᠪᠠᠶᠢᠨ᠎ᠠ︾  ᠬᠡᠮᠡᠨ ᠲᠠᠨᠢᠯᠴᠠᠭᠤᠯᠵᠤ ᠪᠠᠶᠢᠯ᠎ᠠ᠃          ᠵᠢᠷᠬᠢᠶ᠎ᠡ ᠪᠠᠷ 100 ᠤᠷᠳᠤᠰ ᠠᠷᠠᠳ ᠤᠨ ᠢᠵᠠᠭᠤᠷ ᠳᠠᠭᠤᠤ ᠶᠢ ᠰᠤᠷᠤᠭᠰᠠᠨ ᠰᠤᠷᠤᠭᠴᠢᠳ ᠤᠨ ᠲᠡᠭᠦᠰᠬᠦ  ᠶᠤᠰᠤᠯᠠᠯ ᠢᠶᠠᠷ 2 ᠵᠢᠯ ᠭᠠᠷᠤᠢ ᠶᠢᠨ ᠲᠤᠷᠰᠢᠲᠡ ᠤᠷᠳᠤᠰ ᠤᠨ ᠡᠯ᠎ᠡ ᠭᠠᠵᠠᠷ ᠤᠷᠤᠨ ᠤ ᠡᠯ᠎ᠡ ᠠᠵᠢᠯ ᠲᠦᠷᠦᠯ ᠤᠨ  200 ᠭᠠᠷᠤᠢ ᠬᠦᠮᠦᠨ ᠵᠠᠪ ᠯᠠ ᠭᠠᠷᠪᠠᠯ ᠤᠷᠳᠤᠰ ᠢᠵᠠᠭᠤᠷ ᠳᠠᠭᠤᠤ ᠬᠦᠭᠵᠢᠮ ᠢᠶᠠᠨ ᠰᠤᠷᠤᠯᠴᠠᠵᠤ᠂ ᠲᠤᠰ  ᠬᠤᠯᠪᠤᠭᠠᠨ ᠳᠠᠭᠠᠨ ᠬᠤᠪᠢᠰᠬᠠᠯᠮ᠎ᠠ ᠵᠡᠷᠬᠡ ᠪᠠᠭᠰᠢ ᠤᠷᠢᠨ ᠬᠢᠴᠢᠶᠡᠯᠯᠡᠬᠦᠯᠵᠤ᠂ ᠬᠢᠨᠠᠭᠴᠢ ᠲᠤᠬᠢᠷᠠᠭᠤᠯᠤᠭᠰᠠᠨ ᠢᠶᠠᠷ  ᠡᠳᠡᠬᠡᠷ ᠰᠤᠷᠤᠭᠴᠢᠳ ᠤᠷᠳᠤᠰ ᠢᠵᠠᠭᠤᠷ ᠳᠠᠭᠤᠤ ᠪᠠᠨ ᠤᠤᠯ ᠦᠨᠦᠷ ᠠᠮᠲᠠ ᠪᠠᠷ ᠨᠢ ᠤᠯᠠᠮᠵᠢᠯᠠᠨ ᠰᠤᠷᠴᠤ  ᠡᠳᠦᠬᠡ ᠲᠡᠭᠦᠰᠬᠦ ᠬᠡᠮᠵᠢᠶᠡᠨ ᠳᠤ ᠬᠦᠷᠦᠭᠰᠡᠨ ᠪᠤᠯᠬᠤᠷ ᠱᠠᠩᠨᠠᠯ᠂ ᠦᠨᠡᠮᠯᠡᠯ ᠤᠯᠭᠤᠬᠤ ᠶᠢᠨ ᠬᠠᠮᠲᠤ ᠲᠡᠳᠡᠨ ᠢᠶᠠᠷ  ᠬᠦᠷᠦ ᠳᠠᠭᠤᠤ᠂ ᠱᠠᠨᠵᠠ ᠬᠦᠭᠵᠢᠮ ᠵᠡᠷᠭᠡ ᠶᠢᠨ ᠦᠵᠡᠬᠦᠯᠬᠡ ᠭᠠᠷᠭᠠᠵᠤ᠂ 100 ᠭᠠᠷᠤᠢ ᠬᠦᠮᠦᠨ ᠬᠠᠮᠲᠤ ᠪᠠᠷ ᠢᠶᠠᠨ  ᠤᠷᠳᠤᠰ ᠢᠵᠠᠭᠤᠷ ᠳᠠᠭᠤᠤ ᠪᠠᠨ ᠳᠠᠭᠤᠯᠠᠭᠰᠠᠨ ᠪᠠᠶᠢᠨ᠎ᠠ᠃ ᠲᠤᠰ ᠬᠤᠯᠪᠤᠭᠠᠨ ᠳᠤ ᠪᠠᠶᠢᠭ᠎ᠠ ᠳᠠᠯᠠᠳ ᠬᠤᠰᠢᠭᠤᠨ ᠤ  ᠰᠤᠬᠠᠢᠢᠲᠤ ᠭᠠᠴᠠᠭᠠᠨ ᠤ ᠮᠠᠯᠴᠢᠨ ᠪᠦᠷᠢᠨᠬᠡᠰᠢᠭ ᠡᠨᠡ ᠤᠳᠠᠭᠠᠨ ᠤ ᠠᠵᠢᠯᠯᠠᠭ᠎ᠠ ᠳᠤ ᠤᠷᠤᠯᠴᠠᠭᠠᠳ ᠲᠤᠩ ᠪᠠᠶᠠᠷᠲᠠᠢ  ᠪᠠᠶᠢᠯ᠎ᠠ᠃ ᠲᠡᠷᠡ ᠰᠤᠷᠪᠤᠯᠵᠢᠯᠠᠭᠴᠢ ᠳᠤ᠄ ︽ᠲᠤᠰ ᠬᠤᠯᠪᠤᠭ᠎ᠠ ᠠᠩᠬ᠎ᠠ ᠪᠠᠶᠢᠭᠤᠯᠤᠭᠳᠠᠬᠤ ᠳᠤ 2016 ᠤᠨ ᠤ 8  ᠰᠠᠷ᠎ᠠ ᠳᠤ ᠮᠠᠨ ᠤ ᠬᠤᠰᠢᠭᠤᠨ ᠠᠴᠠ 24 ᠬᠦᠮᠦᠨ ᠨᠡᠷ᠎ᠡ ᠮᠡᠳᠡᠬᠦᠯᠵᠤ ᠤᠷᠤᠯᠴᠠᠭᠰᠠᠨ᠂ ᠬᠡᠪᠡᠴᠤ ᠵᠠᠷᠢᠮ ᠬᠦᠮᠦᠨ  ᠠᠵᠢᠯ ᠤᠨ ᠶᠠᠭᠠᠷᠠᠤ ᠡᠨᠡ ᠲᠡᠷᠡ ᠰᠢᠯᠲᠠᠭᠠᠨ ᠠᠴᠠ ᠪᠤᠯᠤᠭᠠᠳ ᠪᠦᠬᠦᠳᠡ ᠶᠢ ᠰᠤᠷᠤᠯᠴᠠᠵᠤ ᠴᠢᠳᠠᠭᠰᠠᠨ ᠦᠭᠡᠢ᠂  ᠤᠳᠤ ᠲᠤᠰ ᠬᠤᠯᠪᠤᠭᠠᠨ ᠳᠤ ᠮᠠᠨ ᠤ ᠬᠤᠰᠢᠭᠤᠨ ᠤ 13 ᠬᠦᠮᠦᠨ ᠪᠠᠶᠢᠨ᠎ᠠ᠃ ᠪᠢᠳᠠ ᠬᠤᠶᠠᠷ ᠵᠢᠯ ᠭᠠᠷᠤᠢ ᠶᠢᠨ  ᠬᠤᠭᠤᠴᠠᠭᠠᠨ ᠳᠤ ᠨᠡᠶᠢᠲᠡ 120 ᠤᠷᠳᠤᠰ ᠢᠵᠠᠭᠤᠷ ᠳᠠᠭᠤᠤ ᠰᠤᠷᠤᠯᠴᠠᠴᠢᠬᠠᠯ᠎ᠠ᠃ ᠤᠷᠵᠢᠳᠤᠷ ᠮᠠᠨ ᠤ  ᠬᠡᠳᠦᠬᠦᠯᠡ ᠦᠤᠰᠢᠨ ᠬᠤᠰᠢᠭᠤᠨ ᠤ ᠴᠠᠭᠠᠨ ᠰᠠᠷ᠎ᠠ ᠶᠢᠨ ᠦᠳᠡᠰᠢᠯᠡᠭᠡ ᠳᠤ ᠲᠤᠭᠯᠠᠯᠲᠠ ᠪᠠᠨ ᠭᠠᠷᠭᠠᠭᠠᠳ ᠢᠷᠡᠯ᠎ᠡ᠃  ᠡᠨᠡ ᠨᠢ ᠬᠦᠳᠡᠭᠡ ᠶᠢᠨ ᠬᠤᠷᠢᠮ ᠨᠠᠶᠢᠷ ᠤᠨ ᠲᠠᠯᠠᠪᠠᠢ ᠠᠴᠠ ᠦᠭᠡᠷ᠎ᠡ ᠳᠠᠶᠢᠰᠠᠨ ᠳᠤ ᠭᠠᠷᠤᠭ᠎ᠠ ᠦᠭᠡᠢ ᠪᠢᠳᠠᠨ ᠳᠤ  ᠮᠠᠰᠢ ᠶᠡᠭᠡ ᠤᠷᠮᠠᠰᠢᠭᠤᠯᠤᠯ ᠪᠤᠯᠤᠭᠰᠠᠨ ᠪᠠᠶᠢᠨ᠎ᠠ ᠃ ᠦᠨᠦᠳᠦᠷ ᠪᠢᠳᠠ ᠨᠢᠬᠡ ᠬᠤᠯᠪᠤᠭᠠᠨ ᠤ ᠪᠦᠬᠦᠳᠡᠭᠡᠷ ᠢᠶᠠᠨ ᠨᠢᠬᠡ  ᠲᠤᠤᠷ᠎ᠠ ᠴᠤᠭᠯᠠᠷᠠᠭᠠᠳ ᠢᠵᠠᠭᠤᠷ ᠳᠠᠭᠤᠤ ᠪᠠᠨ ᠳᠠᠭᠤᠯᠠᠬᠤ ᠪᠠᠷ ᠪᠦᠷ ᠠᠯᠢ ᠡᠷᠲᠡᠨ ᠤ ᠠᠬ᠎ᠠ ᠲᠡᠭᠦᠦ ᠨᠠᠶᠢᠵᠠ  ᠮᠡᠲᠤ ᠲᠤᠳᠤᠨᠤ ᠰᠠᠨᠠᠭᠳᠠᠵᠤ ᠪᠠᠶᠢᠨ᠎ᠠ︾ ᠬᠡᠮᠡᠨ ᠶᠠᠷᠢᠵᠤ ᠪᠢᠯᠡ᠃        ᠲᠤᠰ ᠠᠵᠢᠯᠯᠠᠭ᠎ᠠ ᠨᠢ ᠤᠷᠳᠤᠰ ᠢᠵᠠᠭᠤᠷ ᠳᠠᠭᠤᠤ ᠬᠦᠭᠵᠢᠮ ᠢ ᠠᠪᠤᠷᠠᠨ ᠬᠠᠮᠠᠭᠠᠯᠠᠬᠤ ᠠᠵᠢᠯ ᠳᠤ ᠬᠤᠪᠢ  ᠨᠡᠮᠡᠷᠢ ᠪᠠᠨ ᠦᠵᠡᠬᠦᠯᠥᠭᠰᠡᠨ ᠢᠶᠠᠷ ᠪᠠᠷᠠᠬᠤ ᠦᠭᠡᠢ ᠤᠯᠠᠨ ᠤ ᠠᠩᠬᠠᠷᠤᠯ ᠳᠤ ᠬᠦᠷᠴᠤ ᠨᠡᠩ ᠤᠯᠠᠨ ᠬᠦᠮᠦᠨ ᠡᠨᠡ  ᠲᠠᠯ᠎ᠠ ᠪᠠᠷ ᠤᠢᠢᠯᠠᠭᠠᠯᠲᠠ ᠲᠠᠨᠢᠯᠲᠠ ᠲᠠᠢ ᠪᠤᠯᠬᠤ ᠳᠤ ᠲᠤᠰᠠ ᠪᠤᠯᠤᠭᠰᠠᠨ ᠨᠢ ᠮᠡᠳᠡᠬᠡᠵᠢ᠃  
ᠢᠷᠡᠯᠲᠡ᠄ ᠤᠷᠳᠤᠰ ᠮᠤᠩᠭᠤᠯ ᠰᠦᠯᠵᠢᠶ᠎ᠠ