ᠴᠡᠴᠡᠭ ᠬᠤᠸᠠᠷ ᠤᠨ ᠮᠦᠰᠢᠶᠡᠯ ᠲᠠᠢ ᠴᠡᠩᠬᠡᠯ ᠤᠨ ᠰᠠᠶᠢᠬᠠᠠ ᠤᠷᠤᠨ
ᠨᠡᠶᠢᠲᠡᠯᠡᠭᠰᠡᠨ ᠴᠠᠭ᠄
2019/7/14
     ︽ᠨᠠᠢᠮᠠᠨ ᠵᠠᠭᠤᠨ ᠭᠠᠵᠠᠷ ᠤᠨ ᠬᠠᠳᠤᠨ ᠭᠤᠤᠯ ᠤᠨ ᠠᠶᠠᠯᠠᠯ︾ ᠲᠤᠮᠤ ᠬᠡᠯᠪᠡᠷᠢ ᠶᠢᠨ ᠰᠤᠷᠪᠤᠯᠵᠢᠯᠠᠭ᠎ᠠ ᠶᠢᠨ ᠠᠵᠢᠯᠯᠠᠭ᠎ᠠ ᠦᠷᠬᠦᠯᠵᠢᠯᠡᠵᠦ ᠤᠷᠳᠤᠰ ᠬᠤᠳᠡ ᠶᠢᠨ ᠬᠢᠶ᠎ᠠ ᠪᠠᠭᠰᠢ ᠲᠤᠭᠤᠷᠢᠭ ᠲᠤ ᠬᠦᠷᠴᠦ ᠢᠷᠡᠯ᠎ᠠ᠃     ᠴᠡᠴᠡᠭ ᠬᠤᠸᠠᠷ ᠤᠨ ᠮᠦᠰᠢᠶᠡᠯ ᠲᠠᠢ ᠴᠡᠩᠬᠡᠯ ᠤᠨ ᠰᠠᠶᠢᠬᠠᠠ ᠤᠷᠤᠨ ᠪᠤᠯᠬᠤ ᠡᠨᠡ ᠬᠦ ᠴᠡᠪᠡᠷ ᠴᠡᠮᠴᠡᠬᠡᠷ ᠬᠤᠳᠡ ᠳᠤ ᠨᠠᠮᠢᠷᠠᠭ᠎ᠠ ᠬᠤᠷ᠎ᠠ ᠱᠠᠬᠢᠨ᠎ᠠ᠃ ᠰᠤᠷᠪᠤᠯᠵᠢᠯᠠᠭ᠎ᠠ ᠶᠢᠨ ᠪᠦᠯᠬᠦᠮ ᠭᠠᠵᠠᠷ ᠤᠰᠤᠨ ᠤ ᠨᠠᠪᠳᠠᠭ ᠰᠠᠪᠳᠠᠭ ᠪᠤᠯᠤᠭᠰᠠᠨ ᠶᠡᠭᠡ ᠤᠪᠤᠭᠠᠨ ᠤ ᠤᠷᠤᠢ ᠲᠡᠭᠡᠷ᠎ᠠ ᠭᠠᠷᠴᠦ ᠬᠢᠶ᠎ᠠ ᠪᠠᠭᠰᠢ ᠲᠤᠭᠤᠷᠢᠭ ᠤᠨ ᠪᠦᠬᠦ ᠦᠵᠡᠮᠵᠢ ᠶᠢ ᠪᠠᠷᠠᠯᠠᠯ᠎ᠠ᠃ ᠤᠨᠢᠶᠠᠷ ᠪᠤᠳᠡᠩ ᠬᠦᠰᠢᠬᠡᠯᠡᠭᠰᠡᠨ ᠬᠢᠶ᠎ᠠ ᠪᠠᠭᠰᠢ ᠲᠤᠭᠤᠷᠢᠭ ᠲᠠᠯ᠎ᠠ ᠨᠤᠲᠤᠭ ᠤᠨ ᠤᠨᠴᠠᠯᠢᠭᠳᠤ ᠬᠤᠳᠡ ᠶᠢᠨ ᠦᠡᠭᠬᠡ ᠦᠵᠡᠮᠵᠢ ᠪᠠᠨ ᠴᠤᠬᠤᠢᠢᠯᠭᠠᠨ ᠤᠨᠴᠠ ᠶᠢᠨ ᠭᠤᠶᠤᠬᠠᠨ ᠬᠠᠷᠠᠭᠳᠠᠨ᠎ᠠ᠃
     ᠭᠢᠶ᠎ᠡ ᠪᠠᠭᠰᠢ ᠲᠤᠭᠤᠷᠢᠭ ᠤᠨ ᠬᠠᠷᠢᠶ᠎ᠡ ᠲᠤᠭᠤᠷᠢᠭ ᠤᠨ ᠶᠠᠷᠦᠩᠭᠡᠢ ᠡᠵᠡᠯᠡᠭᠦ ᠲᠡᠯᠡᠪᠡᠢ ᠨᠢ 372.55 ᠲᠡᠭᠰᠢ ᠲᠦᠷᠪᠡᠯᠵᠢᠨ ᠺᠢᠯᠤᠮᠧᠲᠷ᠂ 4 ᠵᠡᠭᠡᠯᠢ ᠭᠤᠳᠤᠮᠵᠢ᠂ 15 ᠨᠡᠶᠢᠭᠡᠮ ᠲᠤᠭᠤᠷᠢᠭ ︵ᠲᠤᠰᠬᠤᠨ︶᠂ ᠨᠡᠶᠢᠲᠡ 15.3 ᠲᠦᠮᠡᠨ ᠭᠦᠮᠦᠨ ᠠᠮᠠ ᠲᠠᠢ ᠪᠠᠶᠢᠳᠠᠭ᠃ 2016 ᠤᠨ ᠤ 6 ᠰᠠᠷ᠎ᠡ ᠶᠢᠨ 8᠎ ᠤ ᠡᠳᠦᠷ ᠲᠦᠷᠦ ᠶᠢᠨ ᠶᠠᠪᠤᠳᠡᠯ ᠤᠨ ᠬᠤᠷᠢᠶ᠎ᠡ ᠠᠴᠠ ᠭᠢᠶ᠎ᠡ ᠪᠠᠭᠰᠢ ᠲᠤᠭᠤᠷᠢᠭ ᠢ ᠰᠢᠶᠡᠨ ᠤ ᠲᠡᠰ ᠤᠨ ᠵᠠᠰᠠᠭ ᠵᠠᠭᠢᠷᠭᠠᠨ ᠤ ᠤᠷᠤᠨ ᠪᠤᠯᠭᠠᠨ ᠪᠦᠳᠦᠭᠡᠨ ᠪᠠᠶᠢᠭᠤᠯᠬᠤ ᠶᠢ ᠭᠢᠨᠡᠨ ᠵᠦᠪᠰᠢᠶᠡᠷᠠᠵᠤ᠂ ᠦᠪᠡᠷᠳᠡᠭᠡᠨ ᠵᠠᠰᠠᠬᠤ ᠤᠷᠤᠨ ᠤ 103᠎ ᠳᠠᠬᠢ ᠰᠢᠶᠡᠨ ᠤ ᠲᠡᠰ ᠤᠨ ᠵᠠᠰᠠᠭ ᠵᠠᠭᠢᠷᠭᠠᠨ ᠤ ᠲᠤᠭᠤᠷᠢᠭ ᠪᠤᠯᠤᠬᠰᠡᠨ ᠪᠠᠶᠢᠨ᠎ᠠ᠃      ᠬᠢᠶ᠎ᠠ ᠪᠠᠭᠰᠢ ᠳᠤᠭᠤᠷᠢᠭ ᠪᠤᠯ ᠰᠢᠨ᠎ᠠ ᠪᠠᠷ ᠪᠠᠶᠢᠭᠤᠯᠤᠭᠳᠠᠬᠰᠠᠨ ᠲᠠᠯ᠎ᠠ ᠨᠤᠲᠤᠭ ᠤᠨ ᠬᠤᠳᠡ ᠤᠴᠢᠷ ᠠᠴᠠ ᠰᠢᠨᠡᠷᠬᠦᠦ ᠮᠠᠶ᠋ᠢᠭ ᠤᠨ ᠵᠢᠷᠤᠭ ᠲᠦᠯᠦᠪᠯᠡᠭᠡ᠂ ᠬᠠᠴᠢᠨ ᠰᠤᠨᠢᠨ ᠬᠤᠳᠡ ᠶᠢᠨ ᠦᠵᠡᠮᠵᠢ᠂ ᠤᠷᠤᠰᠢᠨ ᠠᠮᠢᠳᠤᠷᠠᠬᠤ ᠤᠷᠴᠢᠨ ᠲᠤᠭᠤᠷᠢᠨ ᠨᠢ ᠲᠠᠭᠠᠯᠠᠮᠵᠢᠳᠡᠢ ᠰᠠᠶᠢᠬᠠᠨ ᠢᠶᠠᠷ ᠢᠶᠠᠨ ᠠᠯᠳᠠᠷᠰᠢᠬᠰᠡᠨ ᠪᠠᠶᠢᠳᠠᠭ᠃ ᠬᠢᠶ᠎ᠠ ᠪᠠᠭᠰᠢ ᠲᠤᠭᠤᠷᠢᠭ ᠦᠨᠳᠦᠷ ᠪᠠᠷᠢᠮᠵᠢᠶᠠᠳᠤ ᠪᠦᠳᠦᠬᠡᠨ ᠪᠠᠶᠢᠭᠤᠯᠤᠯᠳᠡ᠂ ᠦᠨᠳᠦᠷ ᠲᠦᠪᠰᠢᠨ ᠪᠦᠭᠦᠢ ᠬᠠᠮᠢᠶᠠᠷᠤᠯᠳᠡ ᠶᠢ ᠪᠠᠷᠢᠮᠳᠠᠯᠠᠭᠰᠠᠨ ᠠᠴᠠ ᠰᠦᠷᠯᠢᠭ ᠶᠡᠬᠡᠮᠰᠦᠭ᠂ ᠲᠠᠭᠠᠯᠠᠮᠵᠢᠳᠡᠢ ᠰᠠᠶᠢᠬᠠᠨ᠂ ᠡᠮᠬᠢ ᠳᠢᠭᠯᠢᠮ ᠲᠠᠢ ᠬᠤᠳᠡ ᠶᠢᠨ ᠬᠡᠪ ᠨᠠᠮᠪᠠ ᠶᠢ ᠪᠦᠷᠢᠯᠳᠦᠬᠦᠯᠦᠭᠰᠡᠨ ᠪᠠᠶᠢᠨ᠎ᠠ᠃ ᠬᠢᠶ᠎ᠠ ᠪᠠᠭᠰᠢ ᠲᠤᠭᠤᠷᠢᠭ ︽ᠲᠠᠯ᠎ᠠ ᠨᠤᠲᠤᠭ ᠲᠤ ᠮᠦᠡᠭᠬᠡ ᠶᠢᠨ ᠨᠠᠷᠠᠨ ᠮᠠᠨᠳᠤᠯ᠎ᠠ︾ ᠬᠡᠬᠦ ᠰᠡᠳᠦᠪ ᠢᠶᠠᠷ ᠪᠦᠳᠦᠬᠡᠨ ᠪᠠᠶᠢᠭᠤᠯᠬᠤ ᠭᠤᠤᠯ ᠲᠦᠰᠦᠪ ᠢᠶᠠᠨ ᠪᠤᠯᠭᠠᠵᠦ᠂ ᠬᠤᠳᠡ ᠶᠢᠨ ᠲᠦᠪ ᠲᠤᠮᠳᠡ ᠠᠴᠠ ᠲᠦᠷᠪᠡᠨ ᠵᠦᠭ ᠨᠡᠢᠮᠠᠨ ᠵᠤᠪᠬᠢᠰ ᠲᠤ ᠦᠷᠬᠦᠯᠵᠢᠯᠡᠭᠰᠡᠨ ᠭᠤᠷᠪᠠᠨ ᠵᠤᠷᠪᠤᠰ ᠵᠡᠬᠦᠨᠰᠢ ᠪᠠᠷᠠᠭᠤᠨᠰᠢ ᠨᠡᠪᠳᠡᠷᠡᠭᠰᠡᠨ ᠵᠠᠮ ᠱᠤᠭᠤᠮ᠂ 8 ᠵᠤᠷᠪᠤᠰ ᠡᠮᠦᠨ᠎ᠠ ᠤᠮᠠᠷ᠎ᠡ ᠨᠡᠪᠳᠡᠷᠡᠬᠦ ᠭᠤᠤᠯ ᠱᠤᠭᠤᠮ ᠢᠶᠠᠷ ᠬᠤᠳᠡ ᠶᠢᠨ ᠪᠦᠳᠦᠭᠡᠨ ᠪᠠᠶᠢᠭᠤᠯᠤᠯᠳᠡ ᠶᠢᠨ ᠭᠤᠤᠯ ᠵᠠᠭᠪᠤᠷ ᠪᠤᠯᠭᠠᠵᠦ᠂ ︽ᠨᠢᠬᠡ ᠪᠠᠷᠢᠯᠭ᠎ᠠ ᠨᠢᠬᠡ ᠤᠨᠴᠠᠯᠢᠭ᠂ ᠨᠢᠬᠡ ᠵᠡᠬᠡᠯᠢ ᠨᠢᠬᠡ ᠦᠵᠡᠮᠵᠢ︾᠎ ᠶᠢᠨ ᠪᠦᠳᠦᠴᠡ ᠶᠢ ᠢᠯᠡᠷᠡᠭᠦᠯᠦᠭᠰᠡᠨ ᠪᠠᠶᠢᠳᠠᠭ᠃      ᠪᠤᠭᠤᠳᠦ ᠶᠢᠨ ᠡᠳᠦᠷ ᠤᠨ ᠰᠤᠨᠢᠨ ᠤ ᠰᠤᠷᠪᠤᠯᠵᠢᠯᠬᠠᠴᠢ ᠯᠢ ᠴᠢᠶᠠᠩ᠄ ︽ᠦᠬᠠᠢ᠂ ᠪᠠᠶᠡᠨᠨᠠᠭᠤᠷ᠂ ᠪᠤᠭᠤᠳᠦ᠂ ᠤᠷᠳᠤᠰ ᠲᠦᠷᠪᠡᠨ ᠬᠤᠳᠡ ᠠᠴᠠ ᠵᠤᠬᠢᠶᠠᠨ ᠪᠠᠶᠢᠭᠤᠯᠤᠬᠰᠠᠠ ︿ᠨᠠᠢᠮᠠᠨ ᠵᠠᠭᠤᠨ ᠭᠠᠵᠠᠷ ᠤᠨ ᠬᠠᠳᠤᠨ ᠭᠤᠤᠯ ᠤᠨ ᠠᠶᠠᠯᠠᠯ﹀ ᠲᠤᠮᠦ ᠬᠡᠯᠪᠡᠷᠢ ᠶᠢᠨ ᠰᠤᠷᠪᠤᠯᠵᠢᠯᠠᠭ᠎ᠠ ᠶᠢᠨ ᠠᠵᠢᠯᠯᠠᠭᠠᠠ ᠤ ᠰᠡᠬᠦᠯᠴᠢ ᠶᠢᠨ ᠦᠷᠳᠡᠭᠡ ᠪᠤᠯᠬᠤ ᠤᠷᠳᠤᠰ ᠬᠤᠳᠡ ᠳᠤ ᠢᠷᠡᠬᠡᠳ 70%᠎ ᠶᠢᠨ ᠵᠢᠷᠤᠭ ᠰᠡᠬᠦᠳᠡᠷ ᠢ ᠪᠦᠷ ᠵᠢᠯᠤᠭᠤᠴᠢ ᠦᠭᠡᠢ ᠨᠢᠰᠬᠡᠯ ᠢᠶᠠᠷ ᠰᠡᠬᠦᠳᠡᠷᠯᠡᠯ᠎ᠠ᠂ ᠢᠯᠠᠩᠭᠤᠶ ᠎ᠠ ᠬᠢᠶ᠎ᠠ ᠪᠠᠭᠰᠢ ᠲᠤᠭᠤᠷᠢᠭ ᠤᠨ ᠠᠭᠤᠳᠠᠮ ᠲᠠᠯᠡᠪᠡᠢ᠂ ᠰᠦᠷᠯᠢᠭ ᠶᠡᠬᠡᠮᠰᠦᠭ ᠶᠡᠭᠡ ᠤᠪᠤᠭ᠎ᠠ᠂ ᠴᠡᠴᠡᠭ ᠬᠤᠸᠠᠷ ᠤᠨ ᠲᠠᠯᠠᠢ᠂ ᠬᠠᠴᠢᠨ ᠰᠤᠨᠢᠨ ᠪᠠᠷᠢᠯᠭ᠎ᠠ ᠨᠢ ᠪᠤᠰᠤᠳ ᠬᠤᠳᠡ ᠠᠴᠠ ᠤᠨᠴᠠᠯᠢᠭᠳᠠᠵᠦ ᠮᠢᠨᠦ ᠰᠡᠳᠬᠢᠯ ᠢ ᠶᠡᠬᠡᠳᠡ ᠲᠠᠳᠠᠯ᠎ᠠ᠃ ᠡ᠊ᠨᠳᠡᠬᠢ ᠬᠤᠳᠠ ᠶᠢᠨ ᠠᠷᠠᠳ ᠲᠤᠩ ᠵᠤᠯ ᠵᠢᠷᠭᠠᠯ ᠲᠠᠢ ᠰᠠᠨᠠᠭᠳᠠᠨ᠎ᠠ︾ ᠬᠡᠵᠦ ᠪᠠᠶᠢᠯ᠎ᠠ᠃      ᠤᠳᠤᠬᠠᠨ ᠳᠤ᠂ ᠭᠢᠶ᠎ᠡ ᠪᠠᠭᠰᠢ ᠲᠤᠭᠤᠷᠢᠭ ᠨᠢ ᠤᠯᠤᠰ ᠤᠨ 5A ᠲᠡᠰ ᠤᠨ ᠵᠤᠭᠠᠴᠡᠯ ᠤᠨ ᠤᠷᠤᠨ ᠢ ᠡᠭᠦᠳᠦᠨ ᠪᠠᠶᠢᠭᠤᠯᠬᠤ᠂ ᠤᠯᠤᠰ ᠤᠨ ᠵᠤᠭᠠᠴᠡᠯ ᠤᠨ ᠰᠡᠯᠡᠭᠦᠴᠡᠯ ᠤᠨ ᠤᠷᠤᠨ᠂ ᠪᠦᠬᠦ ᠤᠷᠤᠨ ᠪᠦᠰᠡ ᠶᠢᠨ ᠵᠤᠭᠠᠴᠡᠯ ᠤᠨ ᠳᠠᠭᠤᠷᠢᠶᠠᠯ ᠦᠵᠡᠭᠦᠯᠭᠦ ᠤᠷᠤᠨ᠂ ᠤᠯᠤᠰ ᠤᠨ ᠠᠮᠢ ᠠᠬᠤᠢ ᠶᠢᠨ ᠵᠤᠭᠠᠴᠡᠯ ᠤᠨ ᠲᠠᠭᠤᠷᠢᠶᠡᠯ ᠦᠵᠡᠭᠦᠯᠭᠦ ᠤᠷᠤᠨ᠂ ᠤᠯᠤᠰ ᠤᠨ ᠪᠤᠭᠢᠷᠳᠦᠯ ᠦᠭᠡᠢ ᠵᠤᠭᠠᠴᠡᠯ ᠤᠨ ᠲᠠᠭᠤᠷᠢᠶᠡᠯ ᠦᠵᠡᠭᠦᠯᠭᠦ ᠰᠠᠭᠤᠷᠢᠨ ᠭᠠᠵᠠᠷ ᠵᠡᠷᠭᠡ ᠨᠡᠷᠡᠳᠤ ᠲᠡᠮᠳᠡᠭᠳᠤ ᠵᠤᠭᠠᠴᠡᠯ ᠤᠨ ᠤᠷᠤᠨ ᠢ ᠡᠭᠦᠳᠦᠨ ᠪᠠᠶᠢᠭᠤᠯᠬᠤ ᠪᠠᠷ ᠴᠢᠷᠮᠠᠶᠢᠵᠤ ᠪᠠᠶᠢᠨ᠎ᠠ᠃     ︽ᠬᠢᠶ᠎ᠠ ᠪᠠᠭᠰᠢ ᠲᠤᠭᠤᠷᠢᠭ ᠨᠢ ᠵᠦᠪᠬᠡᠨ ᠨᠢᠬᠡ ᠬᠤᠳᠡ ᠲᠡᠳᠦᠢ ᠦᠭᠡᠢ᠂ ᠬᠠᠷᠢᠨ ᠶᠠᠮᠠᠷ ᠨᠢᠬᠡᠡ ᠦᠯᠢᠭᠡᠷ ᠲᠡᠦᠬᠡ ᠶᠢ ᠶᠠᠷᠢᠵᠦ ᠪᠠᠶᠢᠬᠤ ᠰᠢᠭ᠋ ᠰᠠᠨᠠᠬᠳᠠᠨ᠎ᠠ᠃ ᠬᠢᠶ᠎ᠠ ᠪᠠᠭᠰᠢ ᠲᠤᠭᠤᠷᠢᠭ ᠤᠨ ᠠᠭᠤᠳᠠᠮ ᠲᠠᠯᠠᠪᠡᠢ ᠪᠠᠷ ᠠᠯᠬᠤᠯᠠᠬᠤ ᠳᠤ᠂ ᠭᠠᠵᠠᠷ ᠰᠠᠢ ᠦᠭᠡᠢ ᠭᠤᠶᠤ ᠦᠵᠡᠮᠵᠢ᠂ ᠦᠵᠡᠮᠵᠢ ᠪᠦᠷᠢ ᠶᠢᠨ ᠠᠭᠤᠯᠤᠬᠳᠠᠬᠤᠨ ᠨᠢ ᠪᠠᠶᠠᠯᠢᠭ ᠰᠠᠶᠢᠬᠠᠠ᠃ ᠮᠢᠨᠦ ᠤᠢᠢᠯᠠᠭᠠᠭᠰᠠᠨ ᠢᠶᠠᠷ᠂ ᠴᠢᠩᠬᠢᠰ ᠬᠠᠭᠠᠨ ᠠᠭᠤᠳᠠᠮ ᠲᠡᠯᠡᠪᠡᠢ ᠳᠤ ᠪᠠᠶᠢᠭ᠎ᠠ ᠲᠦᠷᠪᠡᠨ ᠬᠡᠰᠡᠭ ᠱᠤᠭᠤᠮᠠᠯ ᠨᠢ ᠪᠦᠷ ᠠᠳᠠᠯᠢ ᠪᠤᠰᠦ ᠰᠡᠳᠦᠪ ᠪᠤᠯᠤᠨ ᠦᠯᠢᠬᠡᠷ ᠶᠠᠪᠤᠳᠠᠯ ᠢᠶᠠᠷ ᠪᠦᠳᠦᠭᠰᠡᠨ ᠪᠠᠶᠢᠨ᠎ᠠ᠃ ᠤᠷᠳᠤᠰ ᠤᠨ ᠨᠤᠮ ᠤᠨ ᠰᠠᠩ ᠨᠢ ︿ᠮᠤᠩᠭᠤᠯ ᠤᠨ ᠨᠢᠭᠤᠴᠠ ᠲᠤᠪᠴᠢᠶᠠᠨ﹀᠂ ︿ᠡᠷᠳᠡᠨᠢ ᠶᠢᠨ ᠲᠤᠪᠴᠢ﹀᠂ ︿ᠠᠯᠳᠠᠨ ᠲᠤᠪᠴᠢ﹀ ᠭᠡᠭᠦ ᠭᠤᠷᠪᠠᠨ ᠲᠤᠮᠤ ᠪᠦᠳᠦᠬᠡᠯ ᠢᠶᠠᠷ ᠭᠠᠳᠠᠷ ᠲᠦᠷᠰᠦ ᠪᠤᠯᠭᠠᠵᠦ᠂ ᠤᠷᠳᠤᠰ ᠲᠤᠮᠤ ᠵᠦᠴᠦᠬᠡ ᠶᠢᠨ ᠬᠦᠷᠢᠶᠡᠯᠡᠩ ᠨᠢ ᠤᠷᠳᠤᠰ ᠮᠤᠩᠭᠤᠯᠴᠤᠳ ᠤᠨ ᠲᠤᠯᠤᠭᠠᠢ ᠶᠢᠨ ᠵᠠᠰᠠᠯ ᠪᠤᠯᠬᠤ ᠲᠠᠷᠤᠭᠤᠯᠭ᠎ᠠ ᠪᠠᠷ ᠤᠨᠴᠠᠯᠢᠭ ᠢᠶᠠᠨ ᠪᠤᠯᠭᠠᠭᠰᠠᠨ ᠪᠠᠶᠢᠨ᠎ᠠ᠃ ᠡᠳᠡᠬᠡᠷ ᠨᠢ ᠵᠦᠪᠬᠡᠨ ᠲᠦᠬᠦᠮᠬᠡᠨ ᠪᠠᠷᠢᠯᠭ᠎ᠠ ᠲᠠᠳᠦᠢ ᠪᠢᠰᠢ᠂ ᠬᠠᠷᠢᠨ ᠯᠤᠳᠦ ᠶᠡᠭᠡ ᠰᠤᠶᠤᠯ ᠤᠨ ᠦᠨ᠎ᠠ ᠴᠠᠨ᠎ᠠ ᠲᠠᠢ᠃ ᠪᠢᠳᠡᠨ ᠤ ᠦᠨᠦᠳᠦᠷ ᠤᠨ ᠬᠠᠷᠠᠵᠦ ᠪᠠᠶᠢᠭ᠎ᠠ ᠡᠷᠳᠡᠨ ᠤ ᠪᠠᠷᠢᠯᠭ᠎ᠠ ᠨᠢ ᠪᠦᠷ ᠴᠠᠭ ᠡᠷᠢᠨ ᠤ ᠤᠯᠠᠷᠢᠯ ᠬᠤᠪᠢᠰᠦᠯᠳᠡ ᠳᠤ ᠦᠪᠡᠷ ‍ᠦᠪᠡᠷ ᠤᠨ ᠪᠠᠶᠠᠯᠢᠭ ᠦᠨ᠎ᠠ ᠦᠷᠳᠡᠭ ᠪᠠ ᠠᠭᠤᠯᠬᠤᠨ ᠢᠶᠠᠨ ᠢᠯᠡᠷᠡᠬᠦᠯᠵᠦ ᠪᠠᠶᠢᠳᠠᠭ᠂ ᠤᠷᠳᠤᠰ ᠬᠤᠳᠡ ᠶᠢᠨ ᠪᠦᠳᠦᠬᠡᠨ ᠪᠠᠶᠢᠭᠤᠯᠤᠯᠳᠡ ᠨᠢ ᠡᠷᠢᠨ ᠵᠠᠭᠤᠨ ᠤ ᠬᠠᠳᠠᠭᠤ ᠰᠢᠯᠭᠠᠯᠳᠡ ᠶᠢ ᠲᠤᠭᠤᠯᠵᠦ ᠲᠡᠶᠢᠯᠬᠦ ᠮᠦᠷᠳᠡᠬᠡᠨ ᠦᠨᠢᠳᠡ ᠬᠡᠷᠡᠯ ᠬᠢᠯᠪᠠᠭ᠎ᠠ ᠪᠠᠨ ᠪᠠᠳᠠᠷᠠᠭᠤᠯᠵᠦ ᠲᠡᠶᠢᠯᠬᠦ ᠨᠢ ᠢᠯᠡᠷᠬᠡᠢ ᠪᠠᠶᠢᠨ᠎ᠠ᠃ ᠤᠷᠳᠤᠰ ᠬᠤᠳᠡ ᠡᠬᠢ ᠪᠠᠶᠠᠯᠢᠭ ᠢᠶᠠᠨ ᠠᠰᠢᠭᠯᠠᠵᠦ ᠴᠢᠳᠠᠭᠰᠠᠨ ᠮᠦᠷᠳᠡᠬᠡᠨ ᠡᠬᠢ ᠪᠠᠶᠠᠯᠢᠭ ᠢᠶᠠᠨ ᠬᠠᠮᠠᠭᠠᠯᠠᠵᠦ ᠴᠢᠳᠠᠭᠰᠠᠨ ᠪᠠᠶᠢᠨ᠎ᠠ︾ ᠬᠡᠵᠦ ᠭᠢᠶ᠎ᠠ ᠪᠠᠭᠰᠢ ᠲᠤᠭᠤᠷᠢᠭ ᠤᠨ ᠬᠤᠳᠠ ᠶᠢᠨ ᠪᠦᠳᠦᠭᠡᠨ ᠪᠠᠶᠢᠭᠤᠯᠤᠯᠳᠡ ᠶᠢᠨ ᠲᠤᠬᠠᠢ ᠪᠠᠶᠡᠨᠨᠠᠭᠤᠷ ᠤᠨ ᠤᠷᠤᠢ ᠶᠢᠨ ᠰᠤᠨᠢᠨ ᠤ ᠲᠡᠳ᠋ ᠶᠡᠷᠦᠩᠬᠡᠢ ᠨᠠᠶᠢᠷᠠᠭᠤᠯᠤᠭᠴᠢ ᠸᠠᠩ ᠱᠦ ᠸᠧᠢ ᠤᠢᠢᠯᠠᠭᠠᠯᠳᠡ ᠪᠠᠨ ᠶᠠᠷᠢᠨ᠎ᠠ᠃     ᠬᠢᠶ᠎ᠠ ᠪᠠᠭᠰᠢ ᠲᠤᠭᠤᠷᠢᠭ ᠤᠨ ᠤᠷᠴᠢᠨ ᠠᠬᠤᠢ᠂ ᠠᠷᠠᠳ ᠤᠨ ᠠᠮᠢᠳᠤᠷᠠᠯ᠂ ᠠᠵᠦ ᠠᠬᠤᠢ ᠨᠢᠰᠬᠦ ᠮᠡᠳᠦ ᠲᠦᠷᠭᠡᠨ ᠬᠦᠭᠵᠢᠵᠦ᠂ ᠪᠤᠯᠪᠠᠰᠤᠨᠵᠢᠵᠦ ᠰᠤᠶᠤᠯᠵᠢᠬᠰᠠᠠ ᠵᠠᠮ ᠢᠶᠠᠷ ᠤᠷᠤᠭᠰᠢᠯᠠᠵᠦ᠂ ᠬᠦᠮᠦᠰ ᠤᠨ ᠤᠢ ᠰᠡᠷᠡᠯ ᠪᠡ ᠬᠠᠷᠠᠭᠠᠨ ᠳᠤ ︽ᠲᠠᠯ᠎ᠠ ᠨᠤᠲᠤᠭ ᠤᠨ ᠬᠡᠷᠡᠯᠳᠦ ᠰᠤᠪᠤᠳ︾ ᠬᠡᠰᠡᠨ ᠰᠠᠭᠤᠭᠳᠠᠯ ᠦᠯᠡᠳᠡᠬᠡᠭᠰᠡᠨ ᠪᠠᠶᠢᠳᠠᠭ᠃ ᠬᠢᠶ᠎ᠠ ᠪᠠᠭᠰᠢ ᠲᠤᠭᠤᠷᠢᠭ ᠨᠢ ᠤᠷᠳᠤᠰ ᠤᠨ ᠦᠨᠳᠦᠷᠯᠢᠭ ᠤᠨ ᠬᠡᠷᠡᠯᠳᠦ ᠰᠤᠪᠤᠳ ᠪᠤᠯᠵᠦ ᠦᠨᠢ ᠡᠬᠦᠷᠢᠳᠡ ᠬᠡᠷᠡᠯ ᠬᠢᠯᠪᠠᠭ᠎ᠠ ᠪᠠᠨ ᠰᠠᠴᠤᠷᠠᠭᠤᠯᠬᠤ ᠶᠤᠮᠰᠠᠠ᠃
ᠢᠷᠡᠯᠲᠡ᠄ ᠤᠷᠳᠤᠰ ᠮᠤᠩᠭᠤᠯ ᠰᠦᠯᠵᠢᠶ᠎ᠠ