ᠴᠠᠭᠠᠨ ᠰᠦᠯᠳᠠ ᠶᠢᠨ ᠲᠠᠬᠢᠯᠭ᠎ᠠ —  ᠡᠳᠤᠷ ᠤᠨ ᠳᠠᠬᠢᠯᠭ᠎ᠠ
ᠨᠡᠶᠢᠲᠡᠯᠡᠭᠰᠡᠨ ᠴᠠᠭ᠄
2019/8/1
     ᠮᠤᠩᠭᠤᠯ ᠬᠠᠭᠠᠨᠳᠤ ᠲᠦᠷᠤ ᠶᠢᠨ ᠶᠡᠭᠡ ᠴᠠᠭᠠᠨ ᠰᠦᠯᠳᠠ ᠳᠤ ᠡᠳᠤᠷ ᠤᠨ ᠲᠠᠬᠢᠯᠭ᠎ᠠ᠂ ᠰᠠᠷ᠎ᠠ ᠶᠢᠨ ᠲᠠᠬᠢᠯᠭ᠎ᠠ᠂ ᠪᠠᠭ᠎ᠠ ᠲᠠᠬᠢᠯᠭ᠎ᠠ᠂ ᠶᠡᠭᠡ ᠲᠠᠬᠢᠯᠭ᠎ᠠ ︵ᠲᠤᠭᠰᠢᠭᠤᠯᠬᠤ ᠲᠠᠬᠢᠯᠭ᠎ᠠ︶ ᠭᠡᠭᠦ ᠭᠡᠳᠤᠨ ᠵᠤᠶᠢᠯ ᠤᠨ ᠲᠠᠬᠢᠯᠭ᠎ᠠ ᠪᠤᠢ᠃      ᠡᠳᠤᠷ ᠤᠨ ᠲᠠᠬᠢᠯᠭ᠎ᠠ᠄ ᠲᠠᠶᠢᠯᠭ᠎ᠠ ᠭᠦᠢᠴᠡᠳᠭᠡᠭᠴᠢ ᠲᠤᠭᠴᠢ ᠨᠢ ᠨᠠᠷᠡᠨ ᠤ ᠡᠮᠤᠨ᠎ᠠ ᠪᠤᠰᠴᠤ ᠲᠤᠭ ᠤᠨ ᠭᠦᠷᠢᠶ᠎ᠠ ᠪᠠᠨ ᠲᠤᠳᠤᠷ᠎ᠠ ᠭᠠᠳᠠᠨ᠎ᠠ ᠦᠬᠡᠢ ᠰᠠᠶᠢᠬᠠᠨ ᠴᠡᠪᠡᠷᠯᠡᠭᠡᠳ ᠨᠠᠷᠡᠨ ᠠᠴᠠ ᠭᠦᠵᠢ ᠰᠢᠳᠠᠭᠠᠵᠤ᠂ ᠰᠠᠩ ᠲᠠᠯᠪᠢᠵᠤ ᠲᠤᠩ ᠢᠶᠠᠨ ᠭᠤᠷᠪᠠᠨᠳᠠ ᠦᠯᠢᠶᠠᠵᠤ ᠰᠦᠭᠦᠳᠴᠤ ᠰᠠᠭᠤᠭᠠᠳ ︽ᠰᠦᠯᠳᠠ ᠶᠢᠨ ᠰᠠᠩ ︾ ᠤᠩᠰᠢᠭᠰᠡᠨ ᠤ ᠲᠠᠷᠠᠭ᠎ᠠ ᠰᠦᠯᠳᠠ ᠳᠡᠭᠡᠨ ᠭᠤᠷᠪᠠᠨᠳᠠ ᠮᠦᠷᠭᠦᠵᠤ ᠬᠤᠶᠢᠰᠢ ᠭᠤᠷᠪᠠᠨ ᠠᠯᠬᠤᠮ ᠤᠬᠤᠷᠢᠵᠤ ᠨᠠᠮᠡᠨᠴᠢᠯᠠᠭᠠᠳ ᠰᠦᠯᠳᠠ ᠶᠢᠨ ᠭᠦᠷᠢᠶᠠᠨ ᠠᠴᠠ ᠎ ᠪᠠᠨ ᠭᠠᠷᠴᠤ ᠶᠠᠪᠤᠨ᠎ᠠ᠃ ᠡᠳᠤᠷ ᠤᠨ ᠲᠠᠬᠢᠯᠭ᠎ᠠ ᠶᠢᠨ ᠤᠶᠢᠯᠡ ᠨᠢ ᠡᠶᠢᠮᠤ ᠪᠤᠯᠠᠢ᠃                                      ︽ᠮᠤᠩᠭᠤᠯ ᠳᠠᠬᠢᠯᠭ᠎ᠠ︾᠎ ᠠᠴᠠ ᠪᠠᠭᠤᠯᠭᠠᠪᠠ
ᠢᠷᠡᠯᠲᠡ᠄ ᠲᠣᠰ ᠰᠥᠯᠵᠢᠶ᠎ᠠ