ᠳ᠋ᠦᠩᠱᠧᠩ ᠳᠤᠭᠤᠷᠢᠭ — ᠮᠤᠤᠡᠤᠰᠤ ᠶᠢᠨ ᠡᠯᠡᠰᠤᠨ ᠤ ᠪᠤᠢ ᠪᠤᠯᠤᠭᠰᠡᠨ ᠲᠤᠮᠤᠭ
ᠨᠡᠶᠢᠲᠡᠯᠡᠭᠰᠡᠨ ᠴᠠᠭ᠄
2019/8/5
     ᠡᠷᠳᠡ ᠤᠷᠢᠳᠤ ᠶᠢᠨ ᠴᠠᠭ ᠲᠤ᠂ ᠤᠷᠳᠤᠰ ᠤᠨ ᠦᠨᠳᠦᠷᠯᠢᠭ ᠤᠨ ᠪᠠᠷᠠᠭᠤᠨ ᠡᠮᠤᠨ᠎ᠠ ᠪᠠᠶ᠎ᠠ ᠨᠢ ᠡᠪᠡᠰᠤ ᠤᠷᠭᠤᠮᠡᠯ ᠵᠢᠭᠳᠡᠷᠡᠨ᠂ ᠤᠷᠤᠰᠬᠠᠯ ᠭᠤᠤᠯ ᠮᠠᠯᠮᠡᠯᠵᠡᠨ᠂ ᠠᠯᠳᠠᠨ ᠭᠤᠷᠭᠤᠤᠯᠳᠠᠢ ᠲᠤᠩᠭᠤᠳᠤᠨ ᠠᠳᠤᠭᠤ ᠮᠠᠯ ᠠᠯᠠᠭᠰᠢᠭᠰᠡᠨ ᠲᠠᠩᠰᠤᠭ ᠰᠠᠶᠢᠬᠠᠨ ᠤᠷᠤᠨ ᠪᠠᠶᠢᠵᠡᠢ᠃ ᠨᠢᠭᠡᠨ ᠡᠳᠤᠷ ᠬᠡᠨᠡᠳᠳᠠ ᠰᠠᠷ ᠰᠠᠷ ᠰᠠᠯᠬᠢᠯᠡᠵᠤ ᠰᠡᠨᠡᠭ ᠰᠡᠨᠡᠭ ︵ᠭᠡᠰᠡᠭ ᠦᠶᠠᠰ︶ ᠪᠤᠷᠤᠭᠠᠯᠠᠵᠤ ᠪᠠᠶᠢᠭᠰᠡᠨ ᠠᠴᠠ ᠪᠠᠨ ᠬᠠᠳᠠ ᠴᠢᠯᠠᠭᠤ ᠦᠩᠭᠦᠷᠢᠨ ᠬᠠᠶᠢᠷ ᠡᠯᠡᠰᠤ ᠭᠡᠶᠢᠰᠴᠤ ᠭᠠᠵᠡᠷ ᠲᠡᠭᠷᠢ ᠶᠢ ᠪᠦᠷᠭᠦᠭᠰᠡᠨ ᠭᠠᠶᠢᠬᠠᠯᠳᠠᠢ ᠶᠠᠭᠤᠮ᠎ᠠ ᠤᠨᠠᠵᠤ ᠢᠷᠡᠭᠰᠡᠨ ᠭᠡᠨ᠎ᠠ᠃ ᠬᠤᠯᠠ ᠤᠶᠢᠷ᠎ᠠ ᠶᠢᠨ ᠭᠦᠮᠤᠰ ᠬᠢᠷᠳ᠋ᠬᠢᠨ ᠰᠤᠴᠢᠵᠤ ᠠᠶᠢᠯ ᠠᠶᠢᠮᠠᠭ ᠲᠠᠭᠠᠨ ᠤᠯᠠᠮᠵᠢᠯᠠᠵᠤ᠂ ᠠᠵᠢᠭᠯᠡᠨ ᠨᠠᠷᠢᠪᠴᠢᠯᠠᠵᠤ ᠦᠵᠡᠭᠦᠯ᠎ᠠ ᠬᠠᠷᠢᠨ ᠦᠳᠤ ᠰᠦᠳᠤ ᠨᠢ ᠬᠤᠭᠤᠷᠠᠭᠰᠡᠨ ᠬᠠᠨ ᠭᠠᠷᠤᠳᠢ ᠰᠢᠪᠠᠭᠤ ᠪᠠᠶᠢᠵᠡᠢ ᠭᠡᠨ᠎ᠠ᠃ ᠤᠯᠠᠶᠢᠭᠰᠡᠨ ᠢ ᠦᠵᠡᠪᠠᠯ ᠡᠮᠭᠦᠭᠡᠳ ᠠᠪᠳᠠᠭ ᠤᠨᠵᠠᠶᠢᠭᠰᠡᠨ ᠢ ᠦᠵᠡᠪᠠᠯ ᠲᠠᠰᠤᠳᠠᠭᠠᠳ ᠠᠪᠳᠠᠭ ᠬᠤᠪᠳᠤᠭ ᠰᠢᠨᠤᠬᠠᠢ ᠸᠠᠩ ᠨᠤᠶᠠᠨ ᠬᠠᠨ ᠭᠠᠷᠤᠳᠢ ᠶᠢᠨ ᠤᠨᠠᠵᠤ ᠢᠷᠡᠭᠰᠡᠨ ᠢ ᠰᠤᠨᠤᠰᠤᠮᠠᠭᠴᠠ ︽ᠭᠠᠷᠤᠳᠢ ᠭᠠᠯᠪᠢᠩᠭ᠎ᠠ ᠶᠢᠨ ᠵᠢᠭᠦᠷ ᠰᠦᠳᠤ ᠪᠤᠯᠪᠠᠰᠤ ᠭᠠᠯᠪᠠ ᠶᠢᠷᠳᠢᠨᠴᠤ ᠳᠤ ᠴᠤᠬᠠᠭ ᠡᠷᠳᠡᠨᠢ ᠪᠤᠯᠠᠢ᠃ ᠬᠠᠨ ᠭᠠᠷᠤᠳᠢ ᠶᠢᠨ ᠦᠳᠤ ᠪᠠᠷ ᠬᠠᠶᠢᠷᠠᠳᠤ ᠬᠠᠳᠤᠨ ᠎ ᠢᠶᠠᠨ ᠴᠢᠮᠡᠭᠯᠡᠪᠠᠯ ᠸᠠᠩ ᠮᠢᠨᠤ ᠨᠠᠷ᠎ᠠ ᠰᠦᠷ ᠮᠠᠨᠳᠤᠵᠤ ᠬᠠᠮᠤᠭ ᠲᠠᠯᠠᠬᠡᠢ ᠳᠤᠷ ᠠᠯᠳᠠᠷᠰᠢᠨ᠎ᠠ︾ ᠭᠡᠵᠤ ᠪᠤᠳᠤᠵᠡᠢ᠃ ᠲᠡᠭᠡᠭᠡᠳ ᠸᠠᠩ ᠨᠤᠶᠠᠨ ᠭᠤᠷᠪᠠᠨ ᠮᠢᠩᠭᠠᠨ ᠬᠤᠶᠠᠭ ᠢ ᠲᠤᠮᠢᠯᠡᠨ ᠠᠷᠪᠠᠨ ᠦᠩᠭᠡ ᠶᠢᠨ ᠰᠦᠷᠳᠠᠢ ᠠᠯᠳᠠᠨ ᠭᠠᠷᠤᠳᠢ ᠶᠢᠨ ᠦᠳᠤ ᠶᠢ ᠲᠡᠭᠦᠯᠭᠡᠭᠰᠡᠨ ᠭᠡᠨ᠎ᠠ᠃ ᠸᠠᠩ ᠤᠨ ᠬᠤᠶᠠᠭ ᠤᠳ ᠡᠳᠤᠷ ᠰᠦᠨᠢ ᠶᠢ ᠢᠯᠭᠠᠯ ᠦᠬᠡᠢ ᠭᠤᠷᠪᠠᠨ ᠵᠢᠯ ᠠᠮᠠᠷᠠᠯ ᠦᠬᠡᠢ ᠲᠡᠭᠦᠭᠡᠳ ᠭᠠᠭᠴᠠᠬᠠᠨ ᠴᠤ ᠦᠳᠤ ᠦᠯᠡᠳᠡᠭᠡᠯ ᠦᠬᠡᠢ ᠲᠠᠷᠠ ᠭᠠᠷᠤᠳᠢ ᠶᠢ ᠨᠢᠴᠤᠭᠦᠷᠡᠭᠦᠯᠵᠡᠢ ᠭᠡᠨ᠎ᠠ᠃ ᠡᠭᠦᠨ ᠠᠴᠠ ᠬᠤᠶᠢᠰᠢ ᠨᠢᠴᠤᠭᠦᠨ ᠪᠤᠯᠤᠭᠰᠡᠨ ᠭᠠᠷᠤᠳᠢ ᠰᠢᠪᠠᠭᠤ ᠨᠢᠰᠴᠤ ᠴᠢᠳᠠᠬᠤ ᠦᠬᠡᠢ ᠬᠡᠪᠳᠡᠭᠰᠡᠭᠡᠷ ᠰᠠᠷ᠎ᠠ ᠵᠢᠯ ᠤᠳᠠᠵᠤ᠂ ᠰᠠᠯᠬᠢᠨ ᠪᠤᠷᠤᠭᠠᠨ ᠳᠤ ᠴᠤᠬᠢᠭᠳᠠᠨ᠂ ᠡᠴᠤᠰ ᠎ ᠲᠡᠭᠡᠨ ᠡᠪᠡᠰᠤ ᠮᠤᠳᠤ ᠦᠨᠳᠤᠰᠤᠯᠡᠳᠡᠭ ᠦᠬᠡᠢ᠂ ᠱᠤᠷᠪᠤᠭ ᠨᠠᠭᠤᠷ᠂ ᠨᠢᠴᠤᠭᠦᠨ ᠡᠯᠡᠰᠤ ᠪᠤᠯᠤᠨ ᠬᠤᠪᠢᠷᠠᠭᠠᠳ ︽ᠮᠤᠤᠡᠤᠰᠤ ᠶᠢᠨ ᠡᠯᠡᠰᠤ︾ ᠭᠡᠵᠤ ᠨᠠᠷᠡᠶᠢᠳᠤᠭ᠍ᠳᠡᠵᠡᠢ ᠭᠡᠨ᠎ᠠ᠃         ︽ ᠤᠷᠳᠤᠰ ᠤᠨ ᠬᠠᠵᠠᠷ ᠤᠰᠤᠨ ᠤ ᠨᠡᠷ᠎ᠡ ᠶᠢᠨ ᠳᠤᠮᠤᠭ ᠤᠨ ᠳᠤᠯᠢ︾᠎ ᠠᠴᠠ ᠪᠠᠭᠤᠯᠭᠠᠪᠠ
ᠢᠷᠡᠯᠲᠡ᠄ ᠲᠣᠰ ᠰᠥᠯᠵᠢᠶ᠎ᠠ