ᠲᠠᠪᠤᠨ ᠬᠤᠰᠢᠭᠤ ᠮᠠᠯ ᠲᠠᠢ ᠬᠤᠯᠪᠤᠭᠳᠠᠬᠤ ᠬᠡᠯᠡᠯᠭᠡ — ᠦᠭᠡᠷ ᠤᠨ ᠲᠤᠬᠠᠢ ᠨᠡᠷᠡᠯᠡᠯ ᠬᠡᠯᠡᠯᠭᠡ
ᠨᠡᠶᠢᠲᠡᠯᠡᠭᠰᠡᠨ ᠴᠠᠭ᠄
2019/8/5
     ᠦᠭᠡᠷ ᠢ ᠨᠠᠰᠤ ᠰᠢᠳᠤ ᠪᠠᠷ ᠨᠡᠷᠡᠯᠡᠭᠦ ᠳᠤ ᠪᠠᠨ ᠲᠤᠭᠤᠯ᠂ ᠪᠢᠷᠠᠭᠤ᠂ ᠰᠢᠳᠤᠯᠡᠩ᠂ ᠬᠢᠵᠠᠭᠠᠯᠠᠩ᠂ ᠰᠤᠶᠤᠭᠠᠯᠠᠩ᠂ ᠭᠦᠢᠴᠡᠭᠡᠮᠡᠯ ᠭᠡᠨ᠎ᠠ᠃ ᠨᠠᠷᠢᠨ ᠢᠯᠭᠠᠪᠠᠯ ᠲᠤᠰ ᠵᠢᠯ ᠤᠨ ᠲᠦᠯ ᠢ ᠲᠤᠭᠤᠯ᠂ ᠬᠤᠶᠠᠷ ᠨᠠᠰᠤᠳᠠᠢ ᠶᠢ ᠪᠢᠷᠠᠭᠤ᠂ ᠭᠤᠷᠪᠠᠨ ᠨᠠᠰᠤ ᠲᠠᠢ ᠭᠦᠩᠭᠡᠯᠡᠭᠰᠡᠨ ᠦᠬᠡᠢ ᠡᠷ᠎ᠡ ᠦᠭᠡᠷ ᠢ ᠪᠤᠬᠠᠨᠳᠠᠢ᠂ ᠡᠮ᠎ᠠ ᠦᠭᠡᠷ ᠢ ᠨᠢ ᠭᠤᠨᠵᠢ ᠭᠡᠵᠤ᠂ ᠲᠦᠷᠪᠡᠨ ᠨᠠᠰᠤ ᠠᠴᠠ ᠲᠡᠭᠡᠭᠰᠢᠬᠢ ᠶᠡᠭᠡ ᠡᠮ᠎ᠠ ᠦᠭᠡᠷ ᠢ ᠦᠨᠢᠶ᠎ᠠ ᠭᠡᠵᠤ᠂ ᠴᠠᠭᠠᠯᠠᠭᠰᠡᠨ ᠶᠡᠭᠡ ᠡᠷ᠎ᠠ ᠦᠭᠡᠷ ᠢ ᠨᠢ ᠭᠤᠨ᠎ᠠ᠂ ᠴᠠᠭᠠᠯᠠᠭᠰᠡᠨ ᠦᠬᠡᠢ ᠶᠢ ᠨᠢ ᠪᠤᠬ᠎ᠠ ᠭᠡᠨ᠎ᠠ᠃ ᠲᠦᠷᠪᠠᠨ ᠨᠠᠰᠤ ᠠᠴᠠ ᠲᠡᠭᠡᠭᠰᠢᠬᠢ ᠡᠷ᠎ᠠ ᠦᠭᠡᠷ ᠢ ᠲᠦᠨ᠎ᠠ᠂ ᠲᠦᠨᠵᠢ ᠭᠡᠨ᠎ᠠ᠃ ᠦᠩᠭᠡ ᠵᠢᠰᠤ ᠪᠠᠷ ᠨᠡᠷᠡᠯᠡᠭᠦ ᠳᠤ ᠭᠦᠷᠡᠭᠴᠢ ᠦᠨᠢᠶ᠎ᠠ᠂ ᠬᠠᠷᠠᠭᠴᠢ ᠦᠨᠢᠶ᠎ᠠ᠂ ᠠᠯᠠᠭ ᠭᠤᠨᠵᠢ ᠭᠡᠨ᠎ᠠ᠃ ᠵᠠᠩ ᠠᠷᠠᠨᠰᠢᠨ ᠢᠶᠠᠷ ᠢᠶᠠᠨ ᠨᠡᠷᠡᠯᠡᠪᠠᠯ ᠮᠦᠷᠭᠦᠳᠡᠭ ᠴᠠᠭᠠᠨ᠂ ᠦᠷᠭᠦᠮᠡᠳᠡᠬᠡᠢ ᠤᠯᠠᠭᠠᠨ᠂ ᠬᠡᠪᠳᠡᠭᠡ ᠪᠤᠷᠤ᠂ ᠭᠤᠯᠤᠩᠬᠠᠢ ᠠᠯᠠᠭ ᠭᠡᠭᠦ ᠮᠡᠳᠤ᠃                       ︽ᠤᠷᠳᠤᠰ ᠰᠤᠶᠤᠯ ᠵᠠᠩ ᠦᠢᠯᠡ︾᠎ ᠠᠴᠠ ᠪᠠᠭᠤᠯᠭᠠᠪᠠ
ᠢᠷᠡᠯᠲᠡ᠄ ᠲᠣᠰ ᠰᠥᠯᠵᠢᠶ᠎ᠠ