ᠴᠠᠭᠠᠨ ᠰᠦᠯᠳᠠ ᠶᠢᠨ ᠬᠡᠯᠪᠡᠷᠢ ᠪᠦᠳᠤᠴᠠ
ᠨᠡᠶᠢᠲᠡᠯᠡᠭᠰᠡᠨ ᠴᠠᠭ᠄
2019/8/6
     ᠶᠢᠰᠤᠨ ᠭᠦᠯᠳᠤ ᠴᠠᠭᠠᠨ ᠲᠤᠭ ᠨᠢ ᠭᠤᠤᠯ ᠰᠦᠯᠳᠠ ᠪᠠ ᠡᠯᠴᠢ ᠰᠦᠯᠳᠠ ᠪᠠᠷ ᠪᠦᠷᠢᠯᠳᠤᠨ᠎ᠠ᠃ ᠭᠤᠤᠯ ᠰᠦᠯᠳᠠ ᠶᠢᠨ ᠤᠷᠤᠢ ᠨᠢ ᠨᠢᠭᠡ ᠲᠤᠬᠤᠢ ᠤᠷᠳᠤ ᠠᠯᠳᠠ ᠰᠢᠷᠠᠭᠰᠡᠨ ᠭᠤᠷᠪᠠᠨ ᠦᠵᠤᠭᠦᠷᠳᠤ ᠲᠡᠮᠤᠷ ᠰᠡᠷᠡᠭᠡ ᠮᠠᠶ᠋ᠢᠭ ᠲᠠᠢ ᠡᠳ᠋ ︵ᠡᠭᠦᠨ ᠢ ᠪᠠᠰᠠ ᠰᠠᠶᠢᠰᠤᠮ ᠬᠡᠳᠡᠭ︶᠃ ᠢᠩᠬᠢᠵᠤ ᠬᠢᠭᠰᠡᠨ ᠨᠢ ᠬᠤᠶᠠᠷ ᠲᠠᠯ᠎ᠠ ᠎ ᠶᠢᠨ ᠬᠢᠨᠢ ᠨᠤᠮᠤ ᠪᠠᠨ ᠲᠦᠯᠤᠭᠡᠯᠡᠵᠤ᠂ ᠭᠤᠤᠯ ᠤᠨ ᠬᠢᠨᠢ ᠰᠤᠮᠤ ᠪᠠᠨ ᠲᠦᠯᠤᠭᠡᠯᠡᠵᠤ ᠪᠠᠶᠢᠨ᠎ᠠ ᠬᠡᠮᠡᠳᠡᠭ᠃ ᠵᠠᠷᠢᠮ ᠭᠦᠮᠤᠰ ᠭᠤᠤᠯ ᠤᠨ ᠰᠢᠯᠤᠭᠤᠨ ᠰᠡᠷᠡᠭᠡ ᠶᠢ ᠨᠢ ᠢᠯᠳᠤ᠂ ᠵᠢᠳᠠ ᠶᠢ ᠢᠯᠡᠳᠭᠡᠵᠡᠢ ᠭᠡᠵᠤ ᠬᠡᠯᠡᠳᠡᠭ᠃ ᠮᠤᠩᠭᠤᠯ ᠤᠯᠤᠰ ᠲᠤ ᠲᠠᠬᠢᠵᠤ ᠪᠠᠶᠢᠭᠰᠡᠨ ᠵᠠᠷᠢᠮ ᠴᠠᠭᠠᠨ ᠰᠦᠯᠳᠠ ᠨᠢ ᠭᠠᠯ ᠤᠨ ᠲᠦᠯᠤ ᠲᠠᠢ ᠭᠤᠷᠪᠠᠨ ᠦᠵᠤᠭᠦᠷᠳᠤ ᠰᠡᠷᠡᠭᠡ ᠪᠡᠶᠢᠵᠡᠢ᠃ ᠭᠠᠯ ᠤᠨ ᠰᠤᠷ ᠭᠠᠷᠭᠠᠭᠰᠡᠨ ᠢᠶᠠᠨ ︽ᠮᠦᠩᠭᠡᠵᠢᠭᠦ ᠶᠢᠨ ᠤᠳᠬᠠᠳᠤ ᠭᠤᠷᠪᠠᠨ ᠲᠦᠯᠤ ᠳᠤ ᠭᠠᠯ︾ ᠬᠡᠮᠡᠨ ᠲᠠᠶᠢᠯᠪᠤᠷᠢᠯᠡᠵᠡᠢ᠃ ᠡᠶᠢᠮᠤ ᠭᠠᠯ ᠤᠨ ᠰᠤᠷ ᠲᠠᠢ ᠰᠠᠶᠢᠰᠤᠮ ᠤᠷᠳᠤᠰ ᠤᠨ ᠮᠠᠯᠴᠢᠳ ᠤᠨ ᠡᠭᠦᠳᠡᠨ ᠡᠮᠤᠨᠡᠬᠢ ᠰᠠᠩ ᠤᠨ ᠰᠦᠷ ᠲᠤ ᠪᠢᠰᠢᠭᠦᠢ ᠦᠵᠡᠭᠳᠡᠵᠤ ᠪᠠᠶᠢᠳᠠᠭ᠃ ᠴᠠᠭᠠᠨ ᠰᠦᠯᠳᠠ ᠶᠢᠨ ᠰᠡᠷᠡᠭᠦᠨ ︵ᠰᠠᠶᠢᠰᠤᠮ︶᠎ ᠤ ᠲᠤᠤᠷ᠎ᠠ ᠲᠠᠯ᠎ᠠ ᠶᠢ ᠱᠤᠷᠤᠯᠡᠨ ᠦᠵᠤᠭᠦᠷᠯᠡᠵᠤ ᠡᠰᠢ ᠮᠤᠳᠤᠨ ᠳᠤ ᠬᠠᠳᠬᠤᠵᠤ ᠪᠤᠯᠬᠤ ᠪᠠᠷ ᠤᠶᠢᠯᠡᠳᠤᠭ᠍ᠰᠡᠨ ᠪᠠᠶᠢᠨ᠎ᠠ᠃ ᠭᠦᠭᠦᠯ ᠢ ᠲᠤᠭᠳᠠᠭᠠᠬᠤ ᠴᠠᠷ᠎ᠠ ︵ᠪᠠᠰᠠ ᠲᠠᠪᠠᠭ ᠭᠡᠭᠦ︶᠎ ᠶᠢ ᠰᠡᠷᠡᠭᠡᠨ ᠤ ᠲᠤᠤᠷ᠎ᠠ ᠲᠤᠭᠳᠠᠭᠠᠵᠤ ᠭᠦᠭᠦᠯ ᠢ ᠬᠤᠶᠠᠷ ᠵᠤᠶᠢᠯ ᠤᠨ ᠠᠷᠭ᠎ᠠ ᠪᠠᠷ ᠲᠤᠭᠳᠠᠭᠠᠳᠠᠭ᠃ ︽ᠡᠪᠦᠭᠡ ᠶᠢᠨ ᠦᠭᠦᠯᠡᠭᠰᠡᠨ ᠲᠡᠤᠭᠡ︾᠎ ᠳᠤ ᠮᠤᠩᠭᠤᠯ ᠤᠯᠤᠰ ᠲᠠᠬᠢ ᠴᠠᠭᠠᠨ ᠰᠦᠯᠳᠠ ᠨᠢ ᠴᠠᠷ᠎ᠠ ᠶᠢᠨ ᠭᠦᠪᠡᠭᠡ ᠪᠠᠷ ᠨᠠᠶᠠᠨ ᠨᠢᠭᠡ ᠨᠦᠭᠡ ᠴᠤᠭᠤᠯᠵᠤ ᠭᠦᠭᠦᠯ ᠲᠠᠯ ᠎ ᠢᠶᠠᠨ ᠢᠮᠠᠭᠠᠨ ᠠᠷᠠᠰᠤᠨ ᠲᠠᠰᠠᠮ᠎ᠠ ᠪᠠᠷ ᠰᠦᠯᠵᠢᠨ ᠲᠠᠷᠤᠵᠤ ᠲᠤᠭᠳᠠᠭᠠᠭᠰᠡᠨ ᠪᠠᠶᠢᠨ᠎ᠠ᠃ ᠦᠤᠰᠢᠨ ᠬᠤᠰᠢᠭᠤᠨ ᠳᠤ ᠲᠠᠬᠢᠵᠤ ᠪᠦᠬᠦᠢ ᠴᠠᠭᠠᠨ ᠰᠦᠯᠳᠠ ᠨᠢ ᠰᠡᠷᠡᠭᠡᠨ ᠤ ᠲᠤᠤᠷ᠎ᠠ ᠲᠠᠯ᠎ᠠ ᠳᠤ ᠨᠢᠭᠡ ᠢᠮᠠᠬᠤ ᠲᠠᠪᠤᠨ ᠹᠦᠨ ᠵᠤᠵᠠᠭᠠᠨ ᠳ᠋ᠢᠶᠠᠮᠧᠲᠷ ᠨᠢ ᠨᠠᠢᠮᠡᠨ ᠢᠮᠠᠬᠤ ᠲᠤᠭᠤᠢ ᠪᠠᠨᠵᠡᠨ ᠮᠤᠳᠤ ᠲᠠᠭᠠᠷᠠᠭᠤᠯᠵᠤ ᠮᠤᠳᠤᠨ ᠤ ᠭᠠᠳᠠᠭᠤᠷ ᠮᠤᠳᠤᠨ ᠤ ᠵᠤᠵᠠᠭᠠᠨ ᠲᠠᠢ ᠠᠳᠠᠯᠢᠬᠠᠨ ᠨᠠᠷᠢᠬᠠᠨ ᠢᠰᠡᠬᠡᠢ ᠲᠤᠭᠤᠷᠢᠭᠤᠯᠤᠨ ᠬᠠᠳᠠᠵᠤ ᠰᠡᠷᠡᠯ ᠠᠵᠢᠷᠭᠠᠨ ᠲᠠᠯ ᠢᠶᠠᠨ ᠨᠢᠭᠡᠨ ᠲᠡᠭᠰᠢ ᠲᠤᠭᠤᠷᠢᠭᠤᠯᠤᠨ ᠰᠤᠯᠡ ᠲᠠᠯᠪᠢᠵᠤ᠂ ᠴᠠᠭᠠᠨ ᠶᠤᠷᠤᠭ ᠢᠶᠠᠷ ᠬᠠᠪᠴᠢᠨ ᠲᠠᠷᠤᠵᠤ ᠭᠠᠳᠠᠭᠤᠷ ᠨᠢ ᠠᠯᠳᠠ ᠰᠢᠷᠠᠭᠰᠡᠨ ᠭᠠᠤᠯᠢᠨ ᠴᠠᠭᠠᠷᠢᠭ ᠤᠷᠤᠭᠤᠯᠵᠤ ᠴᠢᠩᠭᠠᠯᠡᠨ ᠲᠠᠯ ᠢ ᠤᠨᠵᠠᠶᠢᠯᠭᠠᠳᠠᠭ ᠪᠠᠶᠢᠨ᠎ᠠ᠃ ᠤᠨᠵᠠᠶᠢᠯᠭᠠᠭᠰᠡᠨ ᠲᠠᠯ ᠬᠢᠯᠭᠠᠰᠤ ᠶᠢ ᠭᠦᠭᠦᠯ ᠬᠡᠳᠡᠭ᠃ ᠪᠠᠰᠠ ︽ᠵᠢᠪᠠᠷ᠂ ᠮᠠᠨᠵᠢᠯᠭ᠎ᠠ︾ ᠭᠡᠵᠤ ᠬᠡᠯᠡᠭᠰᠡᠨ ᠴᠤ ᠪᠠᠶᠢᠳᠠᠭ᠃ ᠰᠦᠯᠳᠠ ᠎ ᠶᠢᠨ ᠲᠤᠬᠠᠢ ᠬᠠᠭᠤᠴᠢᠨ ᠰᠤᠳᠤᠷ ᠪᠢᠴᠢᠭ ᠪᠠᠷᠢᠮᠳᠠ ᠠᠴᠠ ᠦᠵᠡᠪᠠᠯ ᠪᠦᠷ ᠯᠠ ︽ᠭᠦᠭᠦᠯ︾ ᠬᠡᠮᠡᠨ ᠪᠢᠴᠢᠭᠰᠡᠨ ᠪᠠᠶᠢᠬᠤᠯ᠎ᠠ ᠬᠤᠶᠢᠰᠢᠳᠠ ᠡᠨᠡ ᠨᠠᠷᠡᠶᠢᠳᠤᠯ ᠢ ᠨᠢ ᠨᠢᠭᠡᠳᠤᠯᠳᠠᠢ ᠬᠡᠷᠡᠭᠯᠡᠪᠠᠯ ᠵᠤᠬᠢᠰᠳᠠᠢ ᠪᠤᠶᠤ᠃ ᠭᠦᠭᠦᠯ ᠵᠡᠭᠦᠭᠰᠡᠨ ᠴᠠᠷ᠎ᠠ ᠮᠡᠳᠤ ᠲᠦᠭᠦᠷᠢᠭ ᠮᠤᠳᠤ ᠪᠠᠨ ᠰᠦᠯᠳᠠ ᠶᠢᠨ ᠮᠠᠯᠠᠭ᠎ᠠ ᠭᠡᠵᠤ ᠬᠡᠯᠡᠳᠡᠭ ᠵᠠᠩᠰᠢᠯ ᠪᠤᠢ᠃ ᠢᠰᠡᠬᠡᠢ ᠪᠠ ᠶᠤᠷᠤᠭ ᠢᠶᠠᠷ ᠲᠠᠯ ᠢᠶᠠᠨ ᠬᠠᠪᠴᠢᠵᠤ ᠭᠠᠳᠠᠭᠤᠷ ᠨᠢ ᠴᠠᠭᠠᠷᠢᠭ ᠤᠷᠤᠭᠤᠯᠤᠭᠰᠡᠨ ᠢᠶᠠᠨ ᠪᠠᠰᠠ ︽ᠮᠠᠩᠷᠠ︾ ︽ᠲᠤᠵᠢᠷᠭ᠎ᠠ︾ ᠬᠡᠳᠡᠭ᠃ ᠭᠤᠤᠯ ᠰᠦᠯᠳᠠ ᠳᠡᠭᠡᠨ ᠪᠦᠳᠤᠭᠦᠨ ᠢᠶᠠᠷ ᠢᠶᠠᠨ ᠲᠠᠪᠤᠨ ᠢᠮᠠᠬᠤ᠂ ᠤᠷᠳᠤ ᠪᠠᠷ ᠢᠶᠠᠨ ᠠᠷᠪᠠᠨ ᠭᠤᠷᠪᠠᠨ ᠲᠤᠬᠤᠢ ᠬᠠᠷ᠎ᠠ ᠮᠤᠳᠤᠨ ᠡᠰᠢ ᠲᠠᠭᠠᠷᠠᠭᠤᠯᠳᠠᠭ᠃ ᠡᠭᠦᠨ ᠢ ᠨᠢ ᠰᠦᠯᠳᠠ ᠶᠢᠨ ᠰᠢᠯᠪᠢ ᠬᠡᠳᠡᠭ᠃ ᠰᠦᠯᠳᠠ ᠶᠢᠨ ᠡᠰᠢ ᠪᠠᠨ ᠲᠤᠮᠳᠠ ᠪᠠ ᠨᠦᠭᠡ ᠲᠠᠢ ᠭᠤᠵᠤᠭᠤᠷ ᠲᠦᠷᠪᠠᠯᠵᠢᠨ ᠪᠤᠷᠵᠢᠨ ᠴᠢᠯᠠᠭᠤᠨ ᠳᠤ ᠬᠠᠳᠬᠤᠵᠤ ᠪᠤᠰᠬᠠᠳᠠᠭ᠃ ᠡᠭᠦᠨ ᠢ ᠨᠢ ᠰᠦᠯᠳᠠ ᠶᠢᠨ ᠰᠠᠭᠤᠳᠠᠯ ᠬᠡᠳᠡᠭ᠃ ᠴᠠᠭᠠᠨ ᠰᠦᠯᠳᠠ ᠶᠢᠨ ᠰᠠᠭᠤᠳᠠᠯ ᠢ ᠵᠠᠷᠢᠮ ᠭᠠᠵᠡᠷ ᠲᠤ ᠰᠢᠪᠠᠷ ᠲᠤᠭᠤᠰᠬ᠎ᠠ ᠪᠠᠷ ᠪᠠᠷᠢᠭᠰᠡᠨ ᠲᠠᠪᠴᠠᠩ ᠪᠤᠶᠤ ᠪᠤᠷᠭᠠᠰᠤ ᠪᠠᠷ ᠲᠤᠭᠤᠶᠢᠯᠠᠨ ᠭᠦᠷᠤᠵᠤ ᠲᠤᠳᠤᠷ᠎ᠠ ᠨᠢ ᠰᠢᠷᠤᠢ ᠬᠢᠵᠤ ᠤᠶᠢᠯᠡᠳᠳᠡᠭ ᠪᠠᠶᠢᠵᠡᠢ᠃ ᠭᠤᠤᠯ ᠰᠦᠯᠳᠠ ᠠᠴᠠ ᠪᠠᠨ ᠭᠤᠷᠪᠠᠨ ᠠᠯᠳᠠ ᠵᠠᠶᠢᠳᠠᠢ ᠲᠦᠷᠪᠠᠨ ᠦᠨᠴᠤᠭ᠌᠂ ᠲᠦᠷᠪᠠᠨ ᠲᠠᠯ᠎ᠠ ᠳᠤᠨᠢ ᠨᠠᠢᠮᠡᠨ ᠡᠯᠴᠢ ᠰᠦᠯᠳᠠ ᠪᠤᠰᠬᠠᠵᠤ ᠬᠢᠯᠭᠠᠰᠤ ᠪᠠᠷ ᠲᠠᠮᠤᠭᠰᠡᠨ ᠭᠦᠭᠡᠨᠠᠴᠤᠭ᠌ ᠢᠶᠠᠷ ᠭᠤᠤᠯ ᠰᠦᠯᠳᠠ ᠲᠠᠢ ᠪᠠᠨ ᠴᠢᠭᠳᠠᠯᠡᠨ ᠬᠤᠯᠪᠤᠳᠠᠭ᠃ ᠡᠯᠴᠢ ᠰᠦᠯᠳᠠ ᠶᠢᠨ ᠡᠰᠢ ᠨᠢ ᠶᠢᠰᠤᠨ ᠲᠤᠬᠤᠢ᠂ ᠰᠡᠷᠡᠭᠡ ᠨᠢ ᠭᠤᠤᠯ ᠰᠦᠯᠳᠠ ᠲᠠᠢ ᠪᠠᠨ ᠠᠳᠠᠯᠢ᠃ ᠡᠯᠴᠢ ᠰᠦᠯᠳᠠ ᠶᠢ ᠪᠠᠰᠠ ︽ᠪᠠᠭ᠎ᠠ ᠰᠦᠯᠳᠠ︾᠂ ︽ᠲᠠᠭᠠᠯᠳᠠ ᠰᠦᠯᠳᠠ︾᠂ ︽ᠵᠠᠷᠤᠴᠠ ᠰᠦᠯᠳᠠ︾᠂ ︽ᠭᠦᠯ ᠰᠦᠯᠳᠠ︾ ᠬᠡᠮᠡᠨ ᠲᠡᠮᠳᠡᠭᠯᠡᠭᠰᠡᠨ ᠪᠠᠶᠢᠨ᠎ᠠ᠃ ᠡᠯᠴᠢ ᠰᠦᠯᠳᠠ ᠶᠢᠨ ᠤᠶᠢᠯᠡᠳᠤᠯ ᠎ ᠨᠢ ᠭᠤᠤᠯ ᠰᠦᠯᠳᠠ ᠪᠠᠨ ᠪᠠᠳᠤ ᠪᠠᠬᠢ ᠲᠤᠭᠳᠠᠭᠠᠬᠤ᠂ ᠨᠠᠰᠢ ᠴᠠᠰᠢ ᠵᠠᠯᠠᠵᠤ ᠲᠠᠬᠢᠬᠤ ᠳᠤ ᠬᠡᠷᠡᠭᠯᠡᠭᠦ ᠪᠡᠯᠡᠳᠭᠡᠯ ᠰᠦᠯᠳᠠ ᠪᠤᠯᠳᠠᠭ᠃ ᠴᠠᠭᠠᠨ ᠰᠦᠯᠳᠠ ᠶᠢ ᠦᠪᠤᠷ ᠮᠤᠩᠭᠤᠯ ᠤᠨ ᠰᠢᠯᠢ ᠶᠢᠨ ᠭᠤᠤᠯ ᠴᠢᠭᠤᠯᠭᠠᠨ ᠤ ᠠᠪᠠᠭ᠎ᠠ ᠬᠤᠰᠢᠭᠤ᠂ ᠶᠡᠭᠡ ᠵᠤᠤ ᠴᠢᠭᠤᠯᠭᠠᠨ ᠤ ᠦᠤᠰᠢᠨ ᠬᠤᠰᠢᠭᠤ᠂ ᠠᠷᠤ ᠮᠤᠩᠭᠤᠯ ᠤᠨ ᠰᠡᠴᠡᠨ ᠬᠠᠨ ᠤ ᠰᠠᠷᠠᠭᠤᠯ ᠭᠦᠩ ᠤᠨ ᠬᠤᠰᠢᠭᠤ᠂ ᠰᠠᠶᠢᠨ ᠨᠤᠶᠠᠨ ᠬᠠᠨ ᠤ ᠡᠷᠳᠡᠨᠢ ᠵᠤᠤ ᠬᠡᠶᠢᠳ᠂ ᠵᠠᠰᠠᠭᠳᠤ ᠬᠠᠨ ᠤ ᠯᠤ ᠵᠠᠩᠵᠤᠨ ᠭᠦᠩ ᠤᠨ ᠬᠤᠰᠢᠭᠤᠳ ᠢᠶᠠᠷ ᠲᠠᠬᠢᠵᠤ ᠪᠠᠶᠢᠵᠡᠢ᠃                            ︽ᠮᠤᠩᠭᠤᠯ ᠳᠠᠬᠢᠯᠭ᠎ᠠ︾᠎ ᠠᠴᠠ ᠪᠠᠭᠤᠯᠭᠠᠪᠠ
ᠢᠷᠡᠯᠲᠡ᠄ ᠲᠣᠰ ᠰᠥᠯᠵᠢᠶ᠎ᠠ