ᠤᠳᠤᠭ ᠤᠨ ᠡᠮᠤᠨᠠᠳᠤ ᠬᠤᠰᠢᠭᠤ ᠪᠠ ᠦᠤᠰᠢᠨ ᠬᠤᠰᠢᠭᠤᠨ ᠤ ᠪᠠᠷᠠᠭᠤᠨ ᠪᠠᠶ᠎ᠠ ᠪᠠᠷ ᠲᠠᠭᠠᠷᠢᠨ ᠦᠩᠭᠡᠷᠡᠵᠤ ᠪᠠᠶᠢᠭ᠎ᠠ ᠬᠠᠳᠤᠨ ᠭᠤᠤᠯ ᠤᠨ ᠰᠠᠯᠪᠤᠷᠢ | ᠤᠷᠤᠰᠬᠠᠯ ᠪᠤᠯᠬᠤ ᠰᠢᠷᠬᠤᠰᠤᠨ ᠭᠤᠤᠯ ︵ᠬᠢᠳᠠᠳ ᠢᠶᠠᠷ无定河︶ ︽ᠰᠢᠷᠬᠤᠰᠤ ᠭᠤᠤᠯ︾ ᠭᠡᠰᠡᠨ ᠬᠤᠴᠢ ᠨᠠᠷᠠ ᠲᠠᠢ ᠪᠠᠶᠢᠳᠠᠭ᠃ ᠡᠷᠳᠡ ᠤᠷᠢᠳᠤ | ᠶᠢᠨ ᠴᠠᠭ ᠲᠤ ᠭᠡᠨ᠎ᠠ᠃ ︽ᠲᠦᠪᠡᠢ︾ ᠨᠠᠷᠠ ᠲᠠᠢ ︵ᠲᠤᠳᠤᠢ ᠲᠤᠰᠠᠯᠠᠭᠴᠢ ᠭᠡᠵᠤ ᠴᠤ ᠬᠡᠯᠡᠳᠡᠭ︶ ᠨᠢᠭᠡᠨ ᠲᠠᠶᠢᠵᠢ ᠤᠭᠰᠠᠭᠠᠳᠠᠨ ᠠᠷᠢᠬᠢ ᠤᠤᠭᠤᠵᠤ | ᠰᠤᠭᠳᠤᠴᠢᠬᠠᠭᠠᠳ ᠭᠠᠯᠵᠠᠭᠤ ᠰᠢᠷᠭ᠎ᠠ ᠮᠤᠷᠢ ᠪᠠᠨ ᠤᠨᠤᠭᠠᠳ ᠲᠦᠭᠡᠷᠢᠨ ᠶᠠᠪᠤᠵᠤ ᠲᠠᠷᠠ ᠪᠠᠷᠠᠭᠤᠨᠳᠠᠢ ᠵᠦᠭ ᠤᠨ ︽ᠪᠠᠶᠢᠰᠢᠩ︾ ᠨᠠᠷᠠ ᠲᠠᠢ ᠭᠠᠵᠡᠷ ᠭᠦᠷᠤᠭ᠍ᠰᠡᠨ | ᠳᠤ ᠨᠢᠭᠡᠨ ᠶᠡᠭᠡ ᠤᠰᠤ ᠠᠭᠤᠯᠠ ᠬᠠᠳᠠᠨ ᠳᠤ ᠬᠠᠰᠢᠭᠳᠠᠨ ᠤᠷᠤᠰᠤᠨ ᠭᠠᠷᠬᠤ ᠭᠠᠵᠡᠷ ᠢᠶᠠᠨ ᠤᠯᠵᠤ ᠶᠠᠳᠠᠨ ᠴᠠᠯᠬᠢᠯᠠᠵᠤ ᠪᠠᠶᠢᠵᠡᠢ ᠭᠡᠨ᠎ᠠ᠃ ᠲᠦᠪᠡᠢ ᠲᠠᠶᠢᠵᠢ | ᠲᠠᠨᠵᠢᠨ ᠳᠤᠨᠢ ᠵᠤᠭᠰᠤᠨ ᠲᠠᠷᠠ ᠤᠰᠤ ᠶᠢ ᠬᠠᠷᠠᠨ ᠬᠠᠷᠠᠭᠰᠠᠭᠠᠷ᠄ ︽ᠲᠦᠪᠡᠢ ᠲᠠᠶᠢᠵᠢ \ ᠲᠦᠷᠤᠯ ᠢᠶᠠᠨ ᠤᠯ \ ᠲᠦᠭᠡᠷᠢᠭᠰᠡᠨ ᠤᠰᠤ \ ᠵᠠᠮ ᠢᠶᠠᠨ ᠤᠯ \ | ᠭᠠᠯᠵᠠᠭᠤ ᠰᠢᠷᠭ᠎ᠠ \ ᠵᠠᠮ ᠲᠠᠭᠠᠭᠤᠯ \ ᠬᠠᠰᠢᠭᠳᠠᠭᠰᠡᠨ ᠤᠰᠤ \ ᠮᠦᠷ ᠲᠠᠭ᠎ᠠ︾ ᠭᠡᠵᠤ ᠬᠠᠰᠢᠬᠢᠷᠤᠭᠠᠳ ᠮᠤᠷᠢᠨ ᠤ ᠪᠠᠨ ᠠᠮᠠ ᠶᠢ ᠰᠤᠯᠠ ᠲᠠᠯᠪᠢᠨ ᠲᠠᠰᠢᠭᠤᠷ | ᠨᠠᠮᠡᠵᠤ ᠮᠤᠷᠢᠨ ᠤ ᠠᠶ᠎ᠠ ᠪᠠᠷ ᠲᠤᠭᠤᠰᠤ ᠲᠠᠳᠠᠭᠤᠯᠤᠨ ᠲᠠᠪᠬᠢᠵᠤ ᠭᠡᠨ᠎ᠠ᠃ ᠲᠡᠭᠡᠭᠦ ᠳᠤ ᠬᠠᠰᠢᠭᠳᠠᠭᠠᠳ ᠪᠠᠶᠢᠭᠰᠡᠨ ᠰᠡᠶ᠋ᠢᠬᠢ ᠤᠰᠤ ᠲᠦᠪᠡᠢ ᠲᠠᠶᠢᠵᠢ ᠶᠢᠨ | ᠲᠠᠪᠬᠢᠭᠰᠡᠨ ᠵᠦᠭ ᠲᠤ ᠬᠠᠰᠢᠯᠭ᠎ᠠ ᠪᠠᠨ ᠰᠡᠳᠡᠯᠵᠤ ᠭᠠᠷᠤᠭᠠᠳ ᠰᠢᠷᠭ᠎ᠠ ᠮᠤᠷᠢᠨ ᠤ ᠮᠦᠷ ᠢ ᠲᠠᠭᠠᠵᠤ᠂ ᠠᠭᠤᠯᠠ ᠲᠠᠪᠠᠭ᠎ᠠ ᠶᠢ ᠰᠠᠳᠡᠯᠤᠨ᠂ ᠡᠯᠡᠰᠤ ᠮᠠᠩᠬ᠎ᠠ ᠶᠢ | ᠵᠦᠰᠤᠴᠢᠨ ᠲᠠᠭᠠᠷᠢᠭᠰᠡᠨ ᠭᠠᠵᠡᠷ ᠪᠦᠭᠦᠨ ᠢᠶᠠᠷ ᠭᠠᠩᠭ᠎ᠠ ᠵᠠᠪᠡ ᠭᠠᠷᠭᠠᠨ ᠭᠠᠯᠵᠠᠭᠤᠷᠠᠭᠰᠡᠨ ᠶᠤᠮ ᠰᠢᠭ᠋ ᠤᠯᠠᠭᠠᠨ ᠰᠢᠷ᠎ᠠ ᠪᠠᠷ ᠡᠷᠬᠢᠨ ᠦᠶᠠᠷᠯᠡᠨ ᠤᠷᠤᠰᠴᠤ ᠭᠡᠨ᠎ᠠ | ᠃ ᠲᠦᠪᠡᠢ ᠲᠠᠶᠢᠵᠢ ᠭᠠᠯᠵᠠᠭᠤ ᠰᠢᠷᠭ᠎ᠠ ᠪᠠᠷ ᠢᠶᠠᠨ ᠤᠷᠤᠯᠳᠤᠭᠰᠠᠭᠠᠷ ᠪᠠᠶᠢᠵᠤ ᠭᠡᠳᠤᠨ ᠵᠠᠭᠤ ᠮᠢᠩᠭᠠᠨ ᠭᠠᠵᠡᠷ ᠶᠠᠪᠤᠭᠠᠳ ᠬᠠᠳᠤᠨ ᠭᠤᠤᠯ ᠤᠨ ᠵᠠᠬ᠎ᠠ ᠳᠤ | ᠭᠦᠷᠤᠭᠡᠳ ᠬᠠᠷᠠᠬᠤᠯ᠎ᠠ ᠭᠠᠯᠵᠠᠭᠤ ᠰᠢᠷᠭ᠎ᠠ ᠮᠤᠷᠢ ᠨᠢ ᠭᠦᠨᠳᠤᠷᠤᠨ ᠭᠦᠨᠳᠤᠷᠤᠨ ᠲᠠᠪᠬᠢᠭᠰᠠᠭᠠᠷ ᠪᠠᠶᠢᠵᠤ ᠭᠠᠩ ᠪᠤᠯᠤᠳ ᠠᠮᠠᠭᠠᠢ ᠪᠠᠨ ᠲᠠᠰᠤᠯᠴᠢᠬᠠᠭᠠᠳ ᠪᠠᠶᠢᠨ᠎ᠠ | ᠭᠡᠨ᠎ᠠ᠃ ᠡᠷᠬᠢᠭᠡᠳ ᠬᠠᠷᠠᠬᠤ ᠳᠤ ᠬᠠᠰᠢᠯᠭ᠎ᠠ ᠪᠠᠨ ᠰᠡᠳᠡᠯᠵᠤ ᠦᠶᠠᠷᠯᠡᠭᠰᠡᠨ ᠤᠰᠤ ᠭᠠᠯᠵᠠᠭᠤᠷᠠᠭᠰᠡᠨ ᠮᠡᠳᠤ ᠰᠢᠷ᠎ᠠ ᠪᠠᠷ ᠲᠠᠪᠠᠯᠭᠠᠯᠡᠨ ᠠᠶᠢᠰᠤᠢ ᠪᠠᠶᠢᠨ᠎ᠠ ᠭᠡᠨ᠎ᠠ᠃ | ᠢᠩᠬᠢᠬᠦ ᠳᠤ ᠲᠦᠪᠡᠢ ᠲᠠᠶᠢᠵᠢ ᠪᠠᠰᠠ᠄ ︽ᠭᠠᠰᠢᠭᠤᠨ ᠠᠷᠢᠬᠢ ᠤᠤᠭᠤᠵᠤ ᠰᠤᠭᠳᠤᠭᠰᠡᠨ ᠲᠦᠪᠡᠢ ᠨᠢᠭᠡ ᠭᠠᠯᠵᠠᠭᠤ \ ᠭᠠᠩ ᠠᠮᠠᠭᠠᠢ ᠪᠠᠨ ᠵᠠᠭᠤᠵᠤ | ᠲᠠᠰᠤᠯᠤᠭᠰᠡᠨ ᠮᠤᠷᠢ ᠨᠢᠭᠡ ᠭᠠᠯᠵᠠᠭᠤ \ ᠬᠠᠰᠢᠯᠭ᠎ᠠ ᠪᠠᠨ ᠰᠡᠳᠡᠯᠵᠤ ᠰᠢᠷ᠎ᠠ ᠪᠠᠷ ᠦᠶᠠᠷᠯᠡᠭᠰᠡᠨ ᠤᠰᠤ ᠨᠢᠭᠡ ᠭᠠᠯᠵᠠᠭᠤ \ ᠵᠧ︕ ᠤᠳᠤ ᠭᠤᠷᠪᠠᠨ ᠭᠠᠯᠵᠠᠭᠤ | ᠬᠠᠳᠤᠨ ᠭᠤᠤᠯ ᠢ ᠬᠡᠳᠤᠯᠤᠶᠠ︾ ᠭᠡᠳ ᠴᠢᠨᠠᠭᠰᠢ ᠤᠷᠤᠯᠳᠤᠭᠰᠡᠨ ᠴᠢᠨᠢ ᠦᠨᠡᠭᠡᠷ ᠬᠠᠳᠤᠨ ᠭᠤᠤᠯ ᠤᠨ ᠤᠰᠤ ᠶᠢ ᠭᠦᠨᠳᠡᠯᠡᠨ ᠤᠭᠳᠤᠯᠤᠭᠠᠳ ᠭᠠᠷᠴᠤ ᠭᠡᠨ᠎ᠠ᠃ | ᠢᠩᠬᠢᠭᠡᠳ ᠯᠠ ᠲᠠᠷᠠ ᠭᠤᠤᠯ ᠢ ︽ᠭᠠᠯᠵᠠᠭᠤ ᠰᠢᠷᠬᠤᠰᠤ︾ ᠭᠡᠭᠦ ᠪᠤᠯᠤᠭᠰᠡᠨ ᠶᠤᠮ ᠭᠡᠨ᠎ᠠ᠃ ᠭᠠᠯᠵᠠᠭᠤ ᠰᠢᠷᠬᠤᠰᠤ ᠴᠤ ᠬᠠᠳᠤᠨ ᠭᠤᠤᠯ ᠢ ᠤᠭᠳᠤᠯᠵᠤ | ᠭᠠᠷᠤᠭᠠᠳ ᠡᠷᠬᠢᠵᠤ ᠬᠠᠳᠤᠨ ᠭᠤᠤᠯ ᠳᠤ ᠴᠢᠳᠬᠤᠵᠤ ᠪᠠᠶᠢᠳᠠᠭ ᠭᠡᠨ᠎ᠠ᠃ | | | ︽ᠤᠷᠳᠤᠰ ᠤᠨ ᠭᠠᠵᠠᠷ ᠤᠰᠤᠨ ᠤ ᠨᠡᠷ᠎ᠡ ᠶᠢᠨ ᠳᠤᠮᠤᠭ ᠤᠨ ᠳᠤᠯᠢ︾ ᠠᠴᠠ ᠪᠠᠭᠤᠯᠭᠠᠪᠠ | | | | |