ᠤᠷᠳᠤᠰ ᠨᠤᠳᠤᠭ ᠪᠤᠯ ᠡᠮᠤᠨ᠎ᠠ ᠲᠠᠯ᠎ᠠ ᠨᠢ ᠴᠠᠭᠠᠨ ᠬᠡᠷᠡᠮ ᠳᠤ ᠲᠤᠯᠵᠤ ᠬᠤᠶᠢᠳᠤ᠂ ᠵᠡᠭᠦᠨ᠂ ᠪᠠᠷᠠᠭᠤᠨ ᠭᠤᠷᠪᠠᠨ ᠲᠠᠯ᠎ᠠ ᠪᠠᠷ ᠢᠶᠠᠨ ᠬᠠᠳᠤᠨ ᠭᠤᠤᠯ ᠢᠶᠠᠷ | ᠪᠤᠰᠤᠳ ᠮᠤᠩᠭᠤᠯ ᠠᠶᠢᠮᠠᠭ ᠤᠳ ᠲᠠᠢ ᠠᠯᠤᠰᠯᠠᠭᠳᠠᠵᠤ ᠪᠠᠶᠢᠭ᠎ᠠ ᠶᠤᠮ᠃ ᠡᠨᠡ ᠬᠠᠳᠤᠨ ᠭᠤᠤᠯ ᠪᠤᠯ ᠰᠢᠷ᠎ᠠ ᠰᠢᠷᠤᠶᠢᠳᠤ ᠦᠨᠳᠦᠷᠯᠢᠭ ᠢᠶᠠᠷ ᠦᠩᠭᠡᠷᠡᠵᠤ᠂ ᠡᠯᠡᠰᠤ | ᠰᠢᠪᠠᠷ ᠤᠨ ᠡᠵᠡᠯᠡᠭᠦᠨ ᠨᠢ ᠶᠡᠭᠡ ᠪᠤᠯᠬᠤᠷ ᠰᠢᠷ᠎ᠠ ᠤᠷᠤᠰᠬᠠᠯ ᠲᠠᠢ ᠭᠤᠤᠯ ᠢ ᠬᠢᠳᠠᠳ ᠢᠶᠠᠷ ᠬᠤᠸᠠᠩ ᠾᠧ ᠬᠡᠳᠡᠭ ᠪᠠᠶᠢᠨ᠎ᠠ᠃ ᠡᠨᠡ ᠲᠤᠬᠠᠢ ᠵᠸᠤ ᠤᠯᠤᠰ ᠤᠨ | ᠰᠢᠯᠤᠭ᠌ ᠲᠤ᠄ ︽ᠭᠤᠤᠯ ᠤᠨ ᠴᠡᠪᠠᠷ ᠲᠤᠩᠭᠠᠯᠠᠭ ᠪᠤᠯᠬᠤ ᠶᠢ ᠭᠦᠰᠡᠭᠦᠢ ᠳᠤᠷ᠂ ᠭᠦᠮᠤᠨ ᠤ ᠨᠠᠰᠤᠨ ᠬᠤᠳᠤᠭ ᠭᠡᠳᠤᠢ ᠪᠠᠶᠢᠮᠤᠢ︾ ᠭᠡᠵᠤ ᠨᠢᠭᠡ ᠭᠦᠮᠤᠨ ᠬᠠᠳᠤᠨ | ᠭᠤᠤᠯ ᠲᠤᠩᠭᠠᠯᠠᠭ ᠪᠤᠯᠬᠤ ᠶᠢ ᠨᠠᠰᠤ ᠪᠠᠷ ᠢᠶᠠᠨ ᠭᠦᠯᠢᠶᠠᠭᠦ ᠳᠤ ᠪᠠᠷᠭᠡ ᠲᠠᠢ ᠭᠡᠵᠤ ᠰᠠᠭᠦᠷᠡᠰᠤ ᠠᠯᠳᠠᠭᠰᠡᠨ ᠢ ᠲᠦᠷᠰᠤᠯᠡᠨ ᠪᠢᠴᠢᠪᠠ᠃ ᠬᠡᠳᠡᠯ᠎ᠠ ᠮᠤᠩᠭᠤᠯᠴᠤᠳ | ᠡᠨᠡ ᠤᠷᠤᠰᠬᠠᠯ ᠤᠰᠤᠨ ᠤ ᠦᠩᠭᠡ ᠪᠠᠷ ᠨᠢ ᠬᠢᠳᠡᠳ ᠢ ᠲᠠᠭᠤᠷᠢᠶᠠᠨ ︽ᠰᠢᠷ᠎ᠠ ᠭᠤᠤᠯ︾ ᠭᠡᠰᠡᠨ ᠦᠬᠡᠢ ᠬᠠᠷᠢᠨ ︽ᠬᠠᠷ᠎ᠠ ᠤᠰᠤᠨ ᠭᠤᠤᠯ︾ ᠭᠡᠳᠡᠭ ᠪᠠᠶᠢᠵᠡᠢ᠃ | ᠬᠤᠵᠢᠮ ᠨᠢ ᠡᠵᠡᠨ ᠴᠢᠩᠬᠢᠰ ᠪᠠᠷᠠᠭᠤᠨᠰᠢ ᠰᠢᠶᠠ ᠤᠯᠤᠰ ᠢ ᠲᠠᠶᠢᠯᠡᠨ ᠲᠦᠪᠰᠢᠳᠭᠡᠭᠡᠳ ᠰᠢᠳᠤᠷᠭᠤ ᠬᠠᠭᠠᠨ ᠢ ᠠᠯᠠᠭᠠᠳ ᠠᠷᠠᠳ ᠢᠷᠭᠡᠳ ᠭᠠᠵᠡᠷ ᠲᠠᠪᠢᠰᠭᠡᠷ ᠢ | ᠨᠢ ᠡᠵᠡᠯᠡᠵᠤ ᠲᠡᠭᠦᠨ ᠤ ᠲᠡᠭᠦᠨ ᠤ ᠭᠤᠸ᠎ᠠ ᠵᠢᠰᠤᠷᠭᠡᠭ ᠬᠠᠳᠤᠨ ᠭᠦᠷᠪᠡᠯᠵᠢᠨ ᠭᠤᠸ᠎ᠠ ᠶᠢ ᠦᠪᠠᠷ ᠤᠨ ᠬᠠᠳᠤᠨ ᠢᠶᠠᠨ ᠪᠤᠯᠭᠠᠵᠡᠢ᠃ ᠭᠦᠷᠪᠡᠯᠵᠢᠨ ᠬᠠᠳᠤᠨ | ᠭᠡᠳᠤᠶᠢᠪᠠᠷ ᠴᠢᠩᠬᠢᠰ ᠬᠠᠭᠠᠨ ᠢ ᠲᠠᠭᠠᠭᠰᠡᠨ ᠪᠤᠯᠪᠠᠴᠤ ᠰᠡᠳᠬᠢᠯ ᠳᠡᠭᠡᠨ ᠦᠪᠠᠷ ᠤᠨ ᠲᠦᠷᠤᠭ᠍ᠰᠡᠨ ᠨᠤᠳᠤᠭ ᠲᠦᠷᠤᠯ ᠲᠦᠷᠤᠭ᠍ᠰᠡᠳ ᠢᠶᠠᠨ ᠮᠦᠷᠤᠭᠡᠳᠤᠨ ᠰᠠᠨᠠᠵᠤ | ᠤᠷᠭᠤᠨ ᠶᠠᠪᠤᠵᠤ ᠭᠡᠷ ᠨᠤᠳᠤᠭ ᠲᠠᠭᠠᠨ ᠬᠠᠷᠢᠬᠤ ᠰᠠᠨᠠᠭ᠎ᠠ ᠲᠦᠷᠤᠭ᠍ᠳᠡᠭᠡᠳ ᠪᠠᠶᠢᠵᠡᠢ᠃ ᠨᠢᠭᠡᠨ ᠡᠳᠤᠷ ᠲᠠᠷᠠ ᠭᠤᠤᠯ ᠳᠤ ᠭᠦᠯ ᠢᠶᠠᠨ ᠤᠬᠢᠶᠠᠨ᠎ᠠ ᠭᠡᠳ ᠬᠠᠷ᠎ᠠ | ᠤᠰᠤᠨ ᠭᠤᠤᠯ ᠤᠨ ᠭᠦᠪᠡᠭᠡᠨ ᠳᠤ ᠭᠦᠷᠤᠭ᠍ᠰᠡᠨ ᠪᠤᠯᠪᠠᠴᠤ ᠭᠠᠳᠤᠯᠵᠤ ᠲᠠᠶᠢᠯᠭᠦ ᠦᠬᠡᠢ ᠪᠠᠨ ᠮᠡᠳᠡᠭᠡᠳ ᠨᠢᠭᠡᠨ ᠪᠤᠯᠵᠤᠮᠤᠷ ᠢ ᠪᠠᠷᠢᠨ ᠠᠪᠴᠤ ᠭᠦᠵᠤᠭᠦᠨ ᠳᠤᠨᠢ᠄ ︽ | ᠨᠠᠮᠡᠢᠢ ᠦᠭᠦᠭᠰᠡᠨ ᠤ ᠬᠤᠶᠢᠨ᠎ᠠ ᠮᠢᠨᠤ ᠦᠭᠦᠳᠠᠯ ᠪᠠᠶ᠎ᠠ ᠭᠤᠤᠯ ᠦᠭᠰᠤᠨ ᠤᠭ ᠨᠤᠳᠤᠭ ᠲᠠᠭᠠᠨ ᠪᠤᠴᠠᠬᠤ ᠶᠤᠮ᠂ ᠲᠠᠷᠠ ᠦᠶ᠎ᠠ ᠳᠤ ᠲᠠ ᠨᠠᠷᠠ ᠨᠠᠮᠠᠢᠢ ᠭᠤᠤᠯ | ᠠᠴᠠ ᠰᠢᠭᠦᠨ ᠠᠪᠳᠤᠭᠠᠢ︾ ᠭᠡᠵᠤ ᠠᠪᠤ ᠳᠠᠭᠠᠨ ᠵᠠᠬᠢᠶ᠎ᠠ ᠶᠠᠪᠤᠭᠤᠯᠤᠭᠠᠳ ᠭᠤᠤᠯ ᠳᠤ ᠤᠨᠠᠵᠤ ᠦᠭᠦᠪᠠ ᠭᠡᠨ᠎ᠠ᠃ ᠡᠭᠦᠨ ᠠᠴᠠ ᠬᠤᠶᠢᠰᠢ ︽ᠬᠠᠷ᠎ᠠ ᠤᠰᠤᠨ | ᠭᠤᠤᠯ︾ ᠭᠡᠳᠡᠭ ᠢ ᠭᠦᠷᠪᠠᠯᠵᠢᠨ ᠭᠤᠸ᠎ᠠ ᠬᠠᠳᠤᠨ ᠤᠨᠠᠵᠤ ᠦᠭᠦᠭᠰᠡᠨ ᠢᠶᠠᠷ ︽ᠬᠠᠳᠤᠨ ᠭᠤᠤᠯ︾ ᠭᠡᠵᠤ ᠨᠠᠷᠡᠶᠢᠳᠤᠭ᠍ᠰᠡᠨ ᠤᠴᠢᠷ ᠲᠠᠶᠢᠮᠤ ᠭᠡᠨ᠎ᠠ᠃ | | | ︽ᠤᠷᠳᠤᠰ ᠤᠨ ᠭᠠᠵᠠᠷ ᠤᠰᠤᠨ ᠤ ᠨᠡᠷ᠎ᠡ ᠶᠢᠨ ᠳᠤᠮᠤᠭ ᠤᠨ ᠲᠣᠯᠢ︾ ᠠᠴᠠ ᠪᠠᠭᠤᠯᠭᠠᠪᠠ | | |