ᠬᠤᠨᠢᠨ ᠤ ᠨᠠᠰᠤ᠂ ᠬᠦᠢᠰᠦ ᠢᠯᠭᠠᠯ ᠵᠢᠴᠢ ᠪᠣᠰᠣᠳ ᠨᠡᠷᠡᠶᠢᠳᠦᠯ
ᠨᠡᠶᠢᠲᠡᠯᠡᠭᠰᠡᠨ ᠴᠠᠭ᠄
2020/11/16
   ᠨᠢᠭᠡ᠂ ᠬᠤᠷᠠᠭ᠎ᠠ ︵ᠨᠢᠭᠡ ᠨᠠᠰᠤᠲᠠᠢ ᠬᠤᠨᠢ︶    1. ᠡᠷ᠎ᠡ ᠬᠦᠢᠰᠦ ᠶᠢᠨ ᠬᠤᠷᠠᠭ᠎ᠠ ᠶᠢ ᠡᠷ᠎ᠡ ᠬᠤᠷᠠᠭ᠎ᠠ ᠭᠡᠨ᠎ᠡ᠃    2. ᠡᠮ᠎ᠡ ᠬᠦᠢᠰᠦ ᠶᠢᠨ ᠬᠤᠷᠠᠭ᠎ᠠ ᠶᠢ ᠦᠬᠢᠨ ᠬᠤᠷᠠᠭ᠎ᠠ ᠭᠡᠨ᠎ᠡ᠃      ᠬᠤᠨᠢ ᠢᠮᠠᠭ᠎ᠠ ᠬᠠᠪᠤᠷ ᠡᠷᠲᠡ ᠲᠦᠯᠯᠡᠬᠦ ᠤᠴᠢᠷ ᠬᠤᠷᠠᠭ᠎ᠠ ᠢᠰᠢᠭᠡ ᠶᠢ ᠨᠢ ᠲᠤᠰ ᠵᠢᠯ ᠤᠨ ᠬᠠᠩᠰᠢ ᠶᠢᠨ ᠦᠶ᠎ᠡ ᠪᠠᠷ ᠴᠢᠮᠬᠢᠨ ᠵᠠᠰᠠᠨ᠎ᠠ ︵ᠴᠠᠭᠠᠯᠠᠨ᠎ᠠ︶᠃ ᠬᠤᠴᠠ ᠲᠠᠯᠪᠢᠬᠤ ᠪᠠᠷ ᠦᠯᠡᠳᠡᠭᠡᠭᠰᠡᠨ᠂ ᠴᠢᠮᠬᠢᠨ ᠵᠠᠰᠠᠭᠰᠠᠨ ᠦᠭᠡᠢ ᠬᠤᠷᠠᠭ᠎ᠠ ᠶᠢ ᠬᠤᠷᠠᠭᠠᠨ ᠬᠤᠴᠠ ᠭᠡᠳᠡᠭ᠃    ᠬᠤᠶᠠᠷ᠂ ᠰᠢᠳᠦᠯᠡᠩ ᠬᠤᠨᠢ ︵ᠬᠤᠶᠠᠷ ᠨᠠᠰᠤᠲᠠᠢ ᠬᠤᠨᠢ︶    ᠮᠣᠩᠭᠤᠯᠴᠤᠳ ᠬᠤᠨᠢ᠂ ᠢᠮᠠᠭ᠎ᠠ ᠶᠢ ᠬᠤᠶᠠᠷ ᠨᠠᠰᠤᠲᠠᠢ ᠬᠤᠨᠢ᠂ ᠬᠤᠶᠠᠷ ᠨᠠᠰᠤᠲᠠᠢ ᠢᠮᠠᠭ᠎ᠠ ᠭᠡᠵᠦ ᠨᠠᠰᠤ ᠪᠠᠷ ᠎ ᠨᠢ ᠨᠡᠷᠡᠶᠢᠳᠬᠦ ᠵᠠᠩᠰᠢᠯ ᠦᠭᠡᠢ᠃ ᠳᠡᠭᠡᠷ᠎ᠡ ᠵᠢᠯ ᠤᠨ ᠬᠤᠷᠠᠭ᠎ᠠ ᠶᠢ ᠡᠨᠡ ᠬᠠᠪᠤᠷ ᠤᠨ ᠬᠦᠬᠡ ᠨᠤᠭᠤᠭ᠎ᠠ ᠭᠠᠷᠤᠭᠰᠠᠨ ᠤ ᠳᠠᠷᠠᠭ᠎ᠠ ᠨᠤᠭᠤᠭᠠᠨ ᠤ ᠰᠢᠳᠦᠯᠡᠩ ᠭᠡᠳᠡᠭ᠃    1. ᠡᠷ᠎ᠡ ᠬᠦᠢᠰᠦ ᠶᠢᠨ ᠬᠤᠨᠢ ᠶᠢ ᠡᠷ᠎ᠡ ᠰᠢᠳᠦᠯᠡᠩ ᠭᠡᠨ᠎ᠡ᠃ ᠬᠦᠩᠭᠡᠯᠡᠨ ᠵᠠᠰᠠᠭᠰᠠᠨ ᠦᠭᠡᠢ ᠶᠢ ᠨᠢ ᠰᠢᠳᠦᠯᠡᠩ ᠬᠤᠴᠠ ᠭᠡᠨ᠎ᠡ᠃    2. ᠡᠮ᠎ᠡ ᠬᠦᠢᠰᠦ ᠶᠢᠨ ᠬᠤᠨᠢ ᠶᠢ ᠦᠬᠢᠨ ᠰᠢᠳᠦᠯᠡᠩ ᠭᠡᠨ᠎ᠡ᠃    ᠭᠤᠷᠪᠠ᠂ ᠬᠢᠵᠠᠭᠠᠯᠠᠩ ᠬᠤᠨᠢ ︵ᠭᠤᠷᠪᠠᠨ ᠨᠠᠰᠤᠲᠠᠢ ᠬᠤᠨᠢ︶    1. ᠡᠷ᠎ᠡ ᠬᠦᠢᠰᠦ ᠶᠢᠨ ᠬᠢᠵᠠᠭᠠᠯᠠᠩ ᠬᠤᠨᠢ ᠶᠢ ᠢᠷᠭᠡ ᠭᠡᠬᠦ ᠪᠣᠶᠣ ᠬᠢᠵᠠᠭᠠᠯᠠᠩ ᠢᠷᠭᠡ ᠭᠡᠨ᠎ᠡ᠃    2. ᠡᠮ᠎ᠡ ᠬᠦᠢᠰᠦ ᠶᠢᠨ ᠬᠢᠵᠠᠭᠠᠯᠠᠩ ᠬᠤᠨᠢ ᠶᠢ ᠵᠤᠰᠠᠭ ᠭᠡᠨ᠎ᠡ᠃    ᠳᠦᠷᠪᠡ᠂ ᠰᠤᠶᠤᠭᠠᠯᠠᠩ ᠬᠤᠨᠢ ︵ᠳᠦᠷᠪᠡᠨ ᠨᠠᠰᠤᠲᠠᠢ ᠬᠤᠨᠢ︶    1. ᠡᠷ᠎ᠡ ᠬᠦᠢᠰᠦ ᠶᠢᠨ ᠰᠤᠶᠤᠭᠠᠯᠠᠩ ᠬᠤᠨᠢ ᠶᠢ ᠰᠤᠶᠤᠭᠠᠯᠠᠩ ᠢᠷᠭᠡ ᠭᠡᠨ᠎ᠡ᠃    2. ᠬᠤᠨᠢᠨ ᠤ ᠲᠦᠯᠯᠡᠬᠦ ᠬᠤᠭᠤᠴᠠᠭ᠎ᠠ ᠣᠬᠤᠷ ᠤᠴᠢᠷ ᠠᠴᠠ ᠡᠩ ᠤᠨ ᠪᠠᠶᠢᠳᠠᠯ ᠳᠤᠤᠷ᠎ᠠ ᠳᠦᠷᠪᠡᠨ ᠨᠠᠰᠤᠲᠠᠢ ᠡᠮ᠎ᠡ ᠬᠤᠨᠢ ᠲᠦᠯ ᠲᠠᠢ ᠪᠣᠯᠳᠠᠭ᠃ ᠡᠶᠢᠮᠦ ᠲᠦᠯ ᠲᠠᠢ ᠰᠤᠶᠤᠭᠠᠯᠠᠩ ᠬᠤᠨᠢ ᠶᠢ ᠰᠢᠭᠤᠳ ᠡᠮ᠎ᠡ ᠬᠤᠨᠢ ᠭᠡᠳᠡᠭ᠃    ᠲᠠᠪᠤ᠂ ᠲᠠᠪᠤᠨ ᠨᠠᠰᠤᠨ ᠠᠴᠠ ᠳᠡᠭᠡᠭᠰᠢᠬᠢ ᠡᠮ᠎ᠡ ᠬᠦᠢᠰᠦ ᠶᠢᠨ ᠬᠤᠨᠢ ᠶᠢ ᠪᠦᠳᠦᠭᠦᠨ ᠡᠮ᠎ᠡ ᠬᠤᠨᠢ ᠭᠡᠵᠦ᠂ ᠡᠷ᠎ᠡ ᠬᠦᠢᠰᠦ ᠶᠢᠨ ᠬᠤᠨᠢ ᠶᠢ ᠨᠠᠰᠤ ᠭᠦᠢᠴᠡᠭᠰᠡᠨ ᠢᠷᠭᠡ ᠭᠡᠨ᠎ᠡ᠃ ᠳᠦᠷᠪᠡᠨ ᠨᠠᠰᠤᠲᠠᠢ ᠬᠢᠵᠠᠭᠠᠯᠠᠩ ᠬᠤᠴᠠ ᠪᠠ ᠲᠠᠪᠤᠨ ᠨᠠᠰᠤᠨ ᠠᠴᠠ ᠳᠡᠭᠡᠭᠰᠢᠬᠢ ᠬᠤᠴᠠ ᠶᠢ ᠪᠦᠷ ᠪᠦᠳᠦᠭᠦᠨ ᠬᠤᠴᠠ ᠭᠡᠨ᠎ᠡ᠃    ᠵᠢᠷᠭᠤᠭ᠎ᠠ᠂ ᠪᠤᠰᠤᠳ ᠨᠡᠷᠡᠶᠢᠳᠦᠯ    1. ᠰᠤᠪᠠᠢ ᠬᠤᠨᠢ ᠬᠡᠭᠡᠯᠳᠦᠭᠦᠯᠬᠦ ᠬᠤᠭᠤᠴᠠᠭᠠᠨ ᠳᠠᠭᠠᠨ ᠬᠡᠭᠡᠯᠳᠦᠭᠰᠡᠨ ᠦᠭᠡᠢ ᠬᠤᠨᠢ ᠶᠢ ᠰᠤᠪᠠᠢ ᠬᠤᠨᠢ ᠭᠡᠨ᠎ᠡ ᠃ ᠲᠦᠯᠯᠡᠬᠦ ᠨᠠᠰᠤᠨ ᠳᠤ ᠬᠦᠷᠦᠭᠡᠳ ᠲᠦᠯ ᠦᠭᠡᠢ ᠲᠦᠯᠦᠭᠡ ᠬᠤᠨᠢ ᠶᠢ ᠪᠠᠰᠠ ᠰᠤᠪᠠᠢ ᠲᠦᠯᠦᠭᠡ ᠭᠡᠨ᠎ᠡ᠃    2. ᠬᠠᠶᠢᠳᠠᠭ ᠬᠤᠨᠢ  ᠲᠦᠯᠯᠡᠭᠡᠳ ᠬᠤᠷᠠᠭ᠎ᠠ ᠨᠢ ᠦᠬᠦᠭᠰᠡᠨ ᠡᠰᠡᠭᠦᠯ᠎ᠡ ᠶᠠᠮᠠᠷ ᠨᠢᠭᠡᠨ ᠰᠢᠯᠲᠠᠭᠠᠨ ᠠᠴᠠ ᠬᠤᠷᠠᠭ᠎ᠠ ᠪᠠᠨ ᠬᠠᠶᠠᠭᠰᠠᠨ ᠬᠤᠨᠢ ᠶᠢ ᠬᠠᠶᠢᠳᠠᠭ ᠬᠤᠨᠢ ᠭᠡᠨ᠎ᠡ᠃ ᠭᠡᠪᠡᠴᠦ ᠬᠤᠨᠢ ᠭᠡᠳᠡᠭ ᠠᠮᠢᠲᠠᠨ ᠢᠮᠠᠭ᠎ᠠ ᠲᠠᠢ ᠠᠳᠠᠯᠢ ᠦᠭᠡᠢ᠂ ᠬᠡᠷᠪᠡ ᠠᠷᠠᠴᠢᠯᠠᠭ᠎ᠠ ᠮᠠᠯᠯᠠᠭ᠎ᠠ ᠰᠠᠶᠢᠨ ᠪᠣᠯ ᠡᠩ ᠤᠨ ᠪᠠᠶᠢᠳᠠᠯ ᠳᠤᠤᠷ᠎ᠠ ᠬᠤᠷᠠᠭ᠎ᠠ ᠬᠠᠶᠠᠬᠤ ︵ᠪᠠᠰᠠ ᠵᠠᠷᠢᠮ ᠭᠠᠵᠠᠷ ᠲᠤ ᠬᠤᠷᠠᠭ᠎ᠠ ᠤᠷᠬᠢᠬᠤ ᠭᠡᠳᠡᠭ︶ ᠦᠵᠡᠭᠳᠡᠯ ᠲᠤᠩ ᠴᠦᠬᠡᠨ ᠪᠠᠶᠢᠳᠠᠭ᠃    3. ᠢᠬᠢᠷ᠎ᠡ ᠲᠦᠯ ᠲᠠᠢ ᠬᠤᠨᠢ   ᠵᠠᠷᠢᠮ ᠬᠤᠨᠢ ᠢᠬᠢᠷ᠎ᠡ ᠲᠦᠯᠯᠡᠳᠡᠭ ᠢ ᠢᠬᠢᠷ᠎ᠡ ᠲᠦᠯ ᠲᠠᠢ ᠬᠤᠨᠢ ᠭᠡᠳᠡᠭ᠃ ᠬᠤᠨᠢ ᠢᠬᠡᠷᠡᠯᠡᠬᠦ ᠨᠢ ᠲᠤᠩ ᠴᠦᠬᠡᠨ ᠪᠠᠶᠢᠳᠠᠭ᠃    
 
ᠢᠷᠡᠯᠲᠡ᠄ ︽ᠲᠠᠪᠤᠨ ᠬᠤᠰᠢᠭᠤ ᠮᠠᠯ ᠤᠨ ᠠᠷᠠᠴᠢᠯᠠᠭ᠎ᠠ ᠶᠢᠨ ᠰᠤᠶᠤᠯ︾ ᠭᠡᠬᠦ ᠨᠤᠮ ᠠᠴᠠ ᠪᠠᠭᠤᠯᠭᠠᠪᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号