ᠴᠠᠢ ᠪᠠᠷᠢᠬᠤ ᠶᠣᠰᠣ
ᠨᠡᠶᠢᠲᠡᠯᠡᠭᠰᠡᠨ ᠴᠠᠭ᠄
2020/11/24
     ᠮᠠᠨ ᠤ ᠮᠤᠩᠭᠤᠯ ᠤᠨ ᠴᠠᠢ ᠪᠠᠷᠢᠬᠤ ᠶᠣᠰᠣᠨ ᠪᠣᠯ ᠨᠢᠭᠡᠨ ᠰᠠᠶᠢᠬᠠᠨ ᠪᠣᠯᠪᠠᠰᠤᠨ ᠰᠣᠷᠲᠠᠯ ᠪᠠᠶᠢᠵᠤ᠂ ᠭᠡᠶᠢᠴᠢᠨ ᠵᠣᠴᠢᠨ ᠢᠶᠠᠨ ᠬᠠᠯᠠᠭᠤᠮᠰᠤᠭ ᠢᠶᠠᠷ ᠤᠬᠳᠤᠨ ᠬᠦᠨᠳᠦᠦᠨᠬᠡᠵᠦ ᠪᠦᠬᠦᠢ ᠰᠡᠦᠨᠬᠢᠯ ᠢᠶᠠᠨ ᠢᠯᠡᠦᠨᠬᠡᠭᠰᠡᠨ ᠵᠣᠴᠢᠨᠰᠠᠭ ᠵᠠᠩ ᠤᠶᠢᠯᠡ ᠪᠣᠯᠤᠨ᠎ᠠ᠃ ᠮᠠᠨ ᠤ ᠮᠤᠩᠭᠤᠯᠴᠣᠤᠨ ᠶᠡᠷᠦ ᠶᠢᠨ ᠦᠶ᠎ᠡ ᠳᠤ ᠴᠤ ᠭᠡᠰᠡᠨ ᠠᠶᠢᠯᠴᠢᠨ ᠵᠣᠴᠢᠨ ᠳᠠᠭᠠᠨ ᠶᠠᠭᠤᠨ ᠤ ᠡᠮᠦᠨ᠎ᠡ ᠰᠦ ᠲᠠᠢ ᠴᠠᠢ ᠠᠶᠠᠭᠠᠯᠠᠨ ᠪᠠᠷᠢᠵᠤ ᠬᠠᠭᠤᠷᠤᠬᠰᠠᠨ ᠠᠮᠤ᠂ ᠬᠤᠷᠣᠤᠨ ᠲᠣᠰᠣ᠂ ᠪᠣᠤᠪᠤ ᠰᠢᠬᠢᠷ ᠥᠷᠦᠨ ᠲᠠᠯᠪᠢᠵᠤ ᠡᠷᠡᠭᠡ ᠦᠭᠡᠢ ᠵᠣᠭᠤᠬᠯᠠᠬᠤ ᠶᠢ ᠬᠦᠰᠡᠨ ᠶᠠᠩᠨᠠᠳᠠᠭ᠃ ᠨᠡᠩ ᠢᠯᠠᠩᠭᠤᠶ᠎ᠠ ᠬᠤᠷᠢᠮ ᠨᠠᠶᠢᠷ ᠲᠤ ᠢᠷᠡᠭᠰᠡᠨ ᠵᠣᠴᠢᠳ ᠲᠤ ᠶᠠᠭᠤᠨ ᠤ ᠡᠮᠦᠨ᠎ᠡ ᠥᠷᠦᠮ᠎ᠡ ᠬᠤᠷᠣᠤᠨ᠂ ᠪᠣᠤᠪᠤ ᠪᠣᠭᠤᠷᠰᠤᠭ ᠭᠡᠬᠦᠴᠢᠯᠡᠨ ᠳᠡᠭᠡᠳᠦ ᠢᠳᠡᠭᠡᠨ ᠢ ᠰᠢᠷᠡᠭᠡ ᠳᠦᠭᠦᠷᠡᠩ ᠥᠷᠦᠵᠦ᠂ ᠰᠦ ᠲᠠᠢ ᠴᠠᠢ ᠪᠠᠨ ᠬᠤᠶᠠᠷ ᠭᠠᠷ ᠢᠶᠠᠷ ᠢᠶᠠᠨ ᠡᠷᠭᠦᠨ ᠪᠠᠷᠢᠳᠠᠭ᠃ ᠡᠩ ᠤᠨ ᠴᠠᠭ ᠲᠤ ᠠᠯᠢ ᠨᠢᠭᠡᠨ ᠭᠡᠷ ᠲᠤ ᠣᠷᠤᠬᠤ ᠳᠤ ᠬᠡᠷᠪᠡ ᠴᠠᠢ ᠪᠠᠷᠢᠬᠤ ᠦᠭᠡᠢ ᠪᠣᠯ ︽ᠴᠠᠢ ᠴᠤ ᠦᠭᠡᠢ᠂ ᠴᠢᠷᠠᠢ ᠴᠤ ᠦᠭᠡᠢ︾ ᠭᠡᠵᠤ ᠬᠤᠶᠢᠨ᠎ᠠ ᠨᠢ ᠮᠠᠭᠤᠰᠢᠶᠠᠳᠠᠭ᠃ ᠡᠶᠢᠨ ᠬᠦ ᠮᠤᠩᠭᠤᠯᠴᠣᠤᠨ ᠤᠨ ᠴᠠᠢ ᠪᠠᠷᠢᠬᠤ ᠶᠣᠰᠣᠨ ᠪᠣᠯ ᠭᠡᠶᠢᠴᠢᠨ ᠵᠣᠴᠢᠨ ᠢᠶᠠᠨ ᠬᠠᠯᠠᠭᠤᠨ ᠢᠶᠠᠷ ᠤᠬᠳᠤᠨ ᠬᠦᠨᠳᠦᠦᠨᠬᠡᠵᠦ ᠪᠦᠬᠦᠢ ᠰᠡᠦᠨᠬᠢᠯ ᠢ ᠢᠯᠡᠷᠬᠡᠶᠢᠯᠡᠭᠰᠡᠨ ᠨᠠᠶᠢᠷ ᠬᠤᠷᠢᠮ ᠤᠨ ᠡᠬᠢᠯᠡᠯᠲᠡ ᠮᠦᠨ᠃ ᠬᠤᠷᠢᠮ ᠨᠠᠶᠢᠷ ᠳᠡᠭᠡᠷ᠎ᠡ ᠪᠣᠯ ᠲᠤᠰᠬᠠᠢ ᠴᠠᠢ ᠠᠶᠠᠭᠠᠯᠠᠨ ᠪᠠᠷᠢᠬᠤ ᠬᠦᠮᠦᠨ ᠲᠣᠬᠢᠷᠠᠭᠤᠯᠳᠠᠭ᠃ ᠴᠠᠢ ᠠᠶᠠᠭᠠᠯᠠᠬᠤ ᠬᠦᠮᠦᠨ ᠴᠠᠢ ᠠᠪᠬᠤ ᠬᠦᠮᠦᠨ ᠤ ᠠᠶᠠᠭ᠎ᠠ ᠶᠢ ᠬᠤᠶᠠᠷ ᠭᠠᠷ ᠢᠶᠠᠷ ᠢᠶᠠᠨ ᠲᠣᠰᠣᠨ ᠠᠪᠴᠤ᠂ ᠴᠠᠢ ᠬᠢᠵᠦ ᠳᠦᠭᠦᠷᠬᠡᠭᠡᠦᠨ ᠳᠠᠬᠢᠨ ᠬᠤᠶᠠᠷ ᠭᠠᠷ ᠢᠶᠠᠷ ᠢᠶᠠᠨ ᠡᠷᠭᠦᠨ ᠪᠠᠷᠢᠳᠠᠭ᠃ ᠭᠡᠬᠦ ᠳᠤ ᠠᠶᠠᠭ᠎ᠠ ᠲᠠᠢ ᠴᠠᠢ ᠳᠤ ᠬᠤᠷᠤᠭᠤ ᠪᠠᠨ ᠬᠦᠷᠭᠡᠬᠦ ᠪᠣᠶᠤ ᠡᠷᠡᠬᠡᠢ ᠬᠤᠷᠤᠭᠤ ᠪᠠᠨ ᠡᠷᠲᠡᠶᠢᠯᠭᠡᠵᠦ ᠪᠠᠷᠢᠬᠤ ᠶᠢ ᠴᠡᠭᠡᠷᠯᠡᠳᠡᠭ ᠪᠠᠶᠢᠵᠠᠢ᠃  
ᠢᠷᠡᠯᠲᠡ᠄ ᠤᠷᠳᠤᠰ ᠮᠤᠩᠭᠤᠯ ᠰᠦᠯᠵᠢᠶ᠎ᠡ