ᠤᠪᠤᠭᠠᠨ ᠤ ᠳᠦᠷᠦᠯ ᠵᠦᠢᠯ
ᠨᠡᠶᠢᠲᠡᠯᠡᠭᠰᠡᠨ ᠴᠠᠭ᠄
2020/6/30
     ᠤᠪᠤᠭ᠎ᠠ ᠶᠢ ᠰᠢᠨᠵᠢ ᠪᠠᠶᠢᠳᠠᠯ ᠬᠢᠭᠡᠳ ᠲᠡᠭᠦᠨ ᠢ ᠳᠠᠬᠢᠬᠤ ᠬᠦᠷᠢᠶ᠎ᠡ ᠬᠡᠪᠴᠢᠶ᠎ᠡ ᠠᠴᠠ ᠨᠢ ᠠᠵᠢᠭᠯᠠᠪᠠᠯ ᠬᠤᠰᠢᠭᠤ ᠤᠪᠤᠭ᠎ᠠ᠂ ᠨᠤᠳᠤᠭ ᠤᠰᠤᠨ ᠤ ᠤᠪᠤᠭ᠎ᠠ᠂ ᠤᠪᠤᠭ ‍ᠤᠨ‌ᠤᠪᠤᠭ᠎ᠠ᠂ ᠪᠠᠭᠠᠳᠤᠷ ᠵᠠᠩᠵᠤᠨ ᠤ ᠤᠪᠤᠭ᠎ᠠ᠂ ᠳᠤᠷᠠᠰᠬᠠᠯ ᠤᠨ ᠤᠪᠤᠭ᠎ᠠ᠂᠂᠂᠂ ᠭᠡᠬᠦ ᠬᠡᠳᠦᠨ ᠵᠦᠢᠯ ᠳᠤ ᠬᠤᠪᠢᠶᠠᠵᠦ ᠪᠠᠶᠢᠳᠠᠭ᠃      ᠨᠤᠳᠤᠭ ᠤᠰᠤᠨ ᠤ ᠤᠪᠤᠭ᠎ᠠ   ᠤᠶᠢᠷ᠎ᠠ ᠰᠭᠠᠬᠠᠯᠳᠠ ᠪᠠᠷ ᠢᠶᠠᠨ ᠳᠡᠭᠡᠳᠦ ᠳᠡᠭᠷᠢ ᠪᠤᠯᠤᠨ ᠨᠤᠳᠤᠭ ᠤᠰᠤᠨ ᠤ ᠪᠠᠨ ᠡᠵᠡᠳ ᠰᠠᠬᠢᠭᠤᠰᠤ ᠶᠢ ᠤᠪᠤᠭ᠎ᠠ ᠪᠤᠰᠬᠠᠨ ᠳᠠᠬᠢᠬᠤ ᠶᠢ ᠨᠤᠳᠤᠭ ᠤᠰᠤᠨ ᠤ ᠤᠪᠤᠭ᠎ᠠ ᠳᠠᠬᠢᠯᠭ᠎ᠠ ᠬᠡᠨ᠎ᠡ᠃ ᠡᠨᠡ ᠨᠢ ᠮᠤᠩᠭᠤᠯᠴᠤᠳ ᠤᠨ ᠡᠷᠳᠡᠨ ᠠᠴᠠ ᠤᠯᠠᠮᠵᠢᠯᠠᠵᠦ ᠢᠷᠡᠭᠰᠡᠨ ᠲᠡᠭᠷᠢ ᠡᠴᠢᠭᠡ᠂ ᠭᠠᠵᠠᠷ ᠡᠬᠡ ᠪᠠᠨ ᠪᠢᠰᠢᠷᠠᠨ ᠰᠢᠳᠦᠵᠦ ᠪᠠᠶᠢᠭ᠎ᠠ ᠶᠢᠨ ᠢᠯᠡᠷᠡᠯ ᠮᠦᠨ᠃ ᠦᠭᠡᠷ᠎ᠡ ᠪᠠᠷ ᠬᠡᠯᠡᠪᠡᠯ᠂ ᠳᠡᠭᠷᠢ ᠡᠴᠢᠭᠡ ᠭᠠᠵᠠᠷ ᠡᠬᠡ ᠪᠠᠨ ᠠᠭᠤᠷᠯᠠᠭᠤᠯᠵᠦ ᠬᠢᠯᠢᠩᠨᠡᠭᠦᠯᠬᠦ ᠦᠭᠡᠢ᠂ ᠳᠡᠳᠡᠨ ᠤ ᠢᠪᠡᠭᠡᠯ ᠬᠠᠶᠢᠷ᠎ᠠ ᠶᠢ ᠬᠦᠷᠳᠡᠬᠦ ᠶᠢᠨ ᠲᠦᠯᠦᠭᠡ ᠠᠶᠢᠷᠠᠭ ᠳᠠᠷᠠᠰᠤ᠂ ᠦᠳᠭᠡ ᠰᠢᠭᠦᠰᠦ᠂ ᠨᠢᠨᠳᠡᠷ ᠬᠠᠳᠠᠭ ᠢ ᠪᠦᠷᠢᠳᠦᠭᠦᠯᠦᠨ ᠠᠪᠴᠢᠷᠠᠵᠦ ᠳᠠᠬᠢᠯᠭ᠎ᠠ ᠶᠢᠨ ᠶᠤᠰᠤ ᠪᠠᠨ ᠬᠦᠢᠴᠡᠳᠬᠡᠬᠦ ᠶᠢᠨ ᠬᠠᠮᠳᠤ ᠰᠦ ᠰᠠᠭᠠᠯᠢ ᠶᠢᠨ ᠰᠠᠴᠤᠯᠢ ᠡᠷᠭᠦᠵᠦ᠂ ᠮᠤᠷᠤᠢ ᠮᠠᠯ ᠰᠠᠳᠠᠷᠯᠠᠨ᠂ ᠠᠨᠳᠠ ᠠᠬ᠎ᠠ ᠳᠡᠭᠦᠦ ᠪᠠᠷᠢᠯᠳᠤᠬᠤ ᠬᠦᠮᠦᠰ ᠳᠡᠭᠷᠢ ᠳᠤ ᠮᠦᠷᠭᠦᠵᠦ ᠠᠬ᠎ᠠ ᠳᠡᠭᠦᠦ ᠪᠤᠯᠤᠭᠰᠠᠨ ᠢᠶᠠᠨ ᠭᠡᠷᠡᠴᠢᠯᠡᠬᠦ ᠪᠠᠷ ᠤᠪᠤᠭᠠᠨ ᠳᠤ ᠮᠦᠷᠭᠦᠵᠦ ᠦᠴᠢᠭ ᠦᠴᠢᠭᠯᠡᠵᠦ᠂ ᠳᠠᠭᠠᠳᠬᠠᠯ ᠠᠪᠳᠠᠭ᠃ ᠬᠡᠷᠪᠡ ᠨᠤᠳᠤᠭ ᠰᠢᠯᠵᠢᠨ ᠪᠤᠰᠤᠳ ᠤᠨ ᠤᠪᠤᠭ᠎ᠠ ᠶᠢ ᠳᠡᠬᠢᠬᠤ ᠲᠠᠢ ᠪᠤᠯ ᠤᠤᠯ ᠤᠨ ᠳᠠᠬᠢᠵᠦ ᠪᠠᠶᠢᠭᠰᠠᠨ ᠤᠪᠤᠭᠠᠨ ᠠᠴᠠ ᠪᠠᠨ ᠭᠡᠰᠡᠭ ᠬᠠᠳᠠ ᠪᠤᠶᠤ ᠰᠢᠷᠤᠢ ᠠᠪᠴᠦ ᠳᠠᠬᠢᠬᠤ ᠭᠡᠵᠦ ᠪᠠᠶᠢᠭ᠎ᠠ ᠤᠪᠤᠭᠠᠨ ᠳᠤ ᠨᠡᠮᠡᠷᠢ ᠡᠷᠭᠦᠳᠡᠭ ᠶᠤᠰᠤ ᠪᠤᠢ᠃      ᠤᠪᠤᠭ ᠤᠨ ᠤᠪᠤᠭ᠎ᠠ   ᠨᠢᠭᠡ ᠤᠪᠤᠭ ᠤᠨ ᠬᠡᠪᠴᠢᠶᠡᠨ ᠳᠤ ᠳᠠᠬᠢᠳᠠᠭ ᠤᠪᠤᠭ᠎ᠠ ᠶᠢ ᠤᠪᠤᠭ ᠤᠨ ᠤᠪᠤᠭ᠎ᠠ ᠬᠡᠨ᠎ᠡ᠃ ᠡᠨᠡ ᠪᠤᠯ ᠡᠷᠳᠡᠨ ᠤ ᠠᠶᠢᠮᠠᠭ ᠤᠪᠤᠭ ᠤᠨ ᠳᠡᠭᠡᠳᠦᠰ᠂ ᠰᠢᠳᠦᠭᠡᠨ ᠵᠶ᠋ᠡᠨ‌ᠨᠢᠭᠡᠳᠦᠯᠳᠡᠢ ᠳᠠᠬᠢᠵᠤ ᠪᠠᠶᠢᠭ᠎ᠠ ᠶᠠᠪᠤᠳᠠᠯ ᠮᠦᠨ᠃ ᠢᠩᠬᠢᠬᠦᠯᠡᠷ ᠤᠪᠤᠭ ᠤᠨ ᠶᠡᠬᠡᠴᠤᠳ ᠠᠴᠠ ᠵᠤᠬᠢᠶᠠᠨ ᠪᠠᠶᠢᠭᠤᠯᠵᠤ ᠤᠪᠤᠭ᠎ᠠ ᠳᠠᠬᠢᠯᠭ᠎ᠠ ᠶᠢᠨ ᠰᠤᠭ ᠳᠡᠭᠡᠵᠢ᠂ ᠬᠤᠨᠢᠨ ᠰᠢᠭᠦᠰᠦ᠂ ᠠᠶᠢᠷᠠᠭ ᠰᠦ ᠪᠠᠨ ᠤᠪᠤᠭ ᠳᠦᠷᠦᠯ ᠢᠶᠠᠷ ᠢᠶᠠᠨ ᠪᠦᠷᠢᠳᠬᠡᠨ ᠠᠪᠴᠢᠷᠠᠵᠤ ᠳᠠᠬᠢᠯᠭ᠎ᠠ ᠪᠠᠨ ᠬᠦᠢᠴᠡᠳᠬᠡᠳᠡᠭ᠃ ᠲᠡᠷᠡ ᠨᠢ ᠤᠪᠤᠭ ᠤᠨ ᠪᠦᠷᠢᠯᠳᠦᠭᠦᠨ ᠪᠦᠭᠦᠳᠡ ᠡᠨᠡ ᠬᠦ ᠰᠢᠳᠦᠭᠡᠨ ᠢᠶᠠᠨ ᠬᠦᠨᠳᠦᠳᠬᠡᠨ ᠦᠵᠡᠬᠦ ᠶᠤᠰᠤᠳᠡᠢ ᠪᠦᠭᠡᠳ ᠤᠰᠤᠯᠳᠤᠯ ᠦᠭᠡᠢ ᠴᠠᠭ ᠳᠤᠬᠠᠢ ᠳᠤ ᠨᠢ ᠳᠠᠬᠢᠬᠤ ᠡᠭᠦᠷᠭᠡ ᠬᠠᠷᠢᠭᠤᠴᠠᠯᠭ᠎ᠠ ᠲᠠᠢ ᠪᠠᠶᠢᠳᠠᠭ ᠢ ᠭᠡᠷᠡᠴᠢᠯᠡᠨ᠎ᠡ᠃ ᠤᠪᠤᠭ ᠤᠨ ᠤᠪᠤᠭ᠎ᠠ ᠨᠢ ᠶᠠᠪᠤᠭᠠᠨ ᠳᠤ ᠪᠠᠨ ᠨᠤᠳᠤᠭ ᠤᠰᠤᠨ ᠤ ᠤᠪᠤᠭ᠎ᠠ ᠪᠤᠯᠬᠤ ᠶᠤᠰᠤ ᠪᠠᠰᠠ ᠪᠤᠢ᠃ ᠤᠪᠤᠭᠠᠨ ᠨᠠᠶᠢᠷ ᠳᠡᠭᠡᠷ᠎ᠡ ᠤᠪᠤᠭ ᠤᠨ ᠠᠬᠠᠮᠠᠳ ᠠᠴᠠ ᠰᠤᠷᠭᠠᠯ ᠨᠤᠮ ᠬᠦᠷᠳᠡᠭᠡᠵᠦ᠂ ᠤᠪᠤᠭᠠᠨ ᠤ ᠰᠤᠭ ᠳᠡᠭᠡᠵᠢ᠂ ᠦᠳᠬᠡ ᠰᠢᠭᠦᠰᠦ ᠶᠢ ᠭᠠᠵᠠᠷ ᠤᠰᠤᠨ ᠤ ᠨᠠᠪᠳᠠᠭ ᠰᠠᠪᠳᠠᠭ ᠲᠤ ᠡᠯᠪᠡᠭ ᠰᠠᠴᠦᠵᠦ ᠦᠯᠡᠳᠡᠭᠰᠡᠨ ᠢᠯᠡᠭᠦᠴᠡ ᠪᠠᠨ ᠳᠠᠶᠠᠭᠠᠷ ᠲᠤ ᠳᠦᠭᠡᠭᠡᠵᠦ ᠬᠦᠷᠦᠯᠴᠡᠭᠦᠯᠦᠨ ᠦᠭᠳᠡᠭ᠃ ᠳᠠᠷᠠᠭ᠎ᠠ ᠨᠢ ᠮᠤᠷᠢ ᠤᠷᠤᠯᠳᠤᠭᠤᠯᠤᠨ ᠪᠦᠬᠡ ᠪᠠᠷᠢᠯᠳᠤᠭᠤᠯᠵᠦ᠂ ᠨᠤᠮᠤ ᠰᠤᠮᠤ ᠬᠠᠷᠪᠤᠨ ᠬᠡᠬᠡᠷ᠎ᠡ ᠬᠦᠳᠡᠭᠡ ᠨᠠᠶᠢᠷᠯᠠᠨ ᠴᠡᠩᠬᠡᠯᠳᠦᠳᠡᠭ ᠪᠠᠶᠢᠵᠠᠢ᠃      ᠬᠤᠰᠢᠭᠤ ᠤᠪᠤᠭ᠎ᠠ   ᠴᠢᠩᠭᠢᠰ ᠤᠨ ᠬᠤᠶᠢᠴᠢᠰ ᠬᠢᠶᠠᠨ ᠶᠠᠰᠤᠳᠠᠨ ᠪᠤᠷᠵᠢᠭᠢᠨ ᠤᠪᠤᠭᠳᠤ ᠳᠠᠶᠢᠵᠢ ᠢᠵᠠᠭᠤᠷᠳᠠᠨ ᠤ ᠳᠠᠬᠢᠳᠠᠭ ᠤᠪᠤᠭ᠎ᠠ ᠶᠢ ᠨᠤᠶᠠᠳ ᠤᠨ ᠠᠯᠳᠠᠨ ᠤᠪᠤᠭ᠎ᠠ ᠭᠡᠬᠦ ᠪᠤᠶᠤ ᠬᠤᠰᠢᠭᠤ ᠤᠪᠤᠭ᠎ᠠ ᠭᠡᠳᠡᠭ᠃ ᠠᠯᠳᠠᠨ ᠤᠪᠤᠭ᠎ᠠ ᠨᠢ ᠬᠠᠨ ᠬᠤᠷᠮᠤᠰᠳᠠ ᠳᠡᠭᠷᠢ ᠪᠤᠯᠤᠨ ᠳᠡᠭᠦᠨ ᠤ ᠳᠠᠭᠠᠯᠳᠠ ᠪᠤᠯᠬᠤ ᠠᠷᠪᠠᠨ ᠬᠤᠶᠠᠷ ᠵᠢᠵᠢᠭ ᠬᠠᠨ ᠳᠡᠭᠷᠢ ᠪᠠᠷ ᠪᠦᠷᠢᠯᠳᠦᠭᠰᠡᠨ ᠲᠤᠯᠠ ᠠᠷᠪᠠᠨ ᠭᠤᠷᠪᠠᠨ ᠬᠠᠨ ᠳᠡᠭᠷᠢ ᠭᠡᠵᠦ᠂ ᠠᠷᠪᠠᠨ ᠭᠤᠷᠪᠠᠨ ᠤᠪᠤᠭ᠎ᠠ ᠪᠤᠰᠬᠠᠳᠠᠭ᠃ ᠤᠤᠯ ᠨᠢ ᠠᠯᠳᠠᠨ ᠤᠪᠤᠭᠠᠨ ᠤ ᠳᠠᠬᠢᠯᠭ᠎ᠠ ᠳᠤ ᠸᠠᠡᠩ ᠭᠦᠩ ᠳᠠᠶᠢᠵᠢ ᠢᠵᠠᠭᠤᠷᠳᠠᠨ᠂ ᠬᠤᠰᠢᠭᠤᠨ ᠤ ᠶᠡᠭᠡ ᠪᠠᠭ᠎ᠠ ᠠᠯᠪᠠᠨ ᠳᠤᠰᠢᠶᠠᠯᠳᠠᠨ ᠬᠢᠬᠡᠳ ᠤᠶᠢᠷ᠎ᠠ ᠬᠠᠪᠢ ᠶᠢᠨ ᠬᠠᠷᠠᠴᠤ ᠠᠷᠠᠳ ᠦᠪᠡᠷ ᠤᠨ ᠰᠠᠶᠢᠨ ᠳᠤᠷ᠎ᠠ ᠠᠴᠠ ᠪᠠᠨ ᠳᠠᠬᠢᠯᠭ᠎ᠠ ᠶᠢᠨ ᠨᠠᠶᠢᠷ ᠲᠤ ᠤᠷᠤᠯᠴᠠᠳᠠᠭ ᠪᠠᠶᠢᠵᠠᠢ᠃      ᠣᠪᠤᠭ᠎ᠠ ᠳᠠᠬᠢᠬᠤ ᠶᠤᠰᠤ   ᠤᠪᠤᠭ᠎ᠠ ᠳᠠᠬᠢᠬᠤ ᠶᠤᠰᠤᠨ ᠢ ᠳᠠᠬᠢᠯᠭ᠎ᠠ ᠶᠢᠨ ᠵᠦᠢᠯ ᠢᠶᠠᠷ ᠨᠢ ᠬᠤᠶᠠᠷ ᠬᠤᠪᠢᠶᠠᠵᠦ ᠪᠤᠯᠤᠨ᠎ᠠ᠃ ᠨᠢᠭᠡ ᠨᠢ ᠵᠠᠷᠢᠮ ᠤᠪᠤᠭ᠎ᠠ ᠶᠢ ᠦᠬᠡᠷ᠂ ᠬᠤᠨᠢᠨ ᠤ ᠰᠢᠭᠦᠰᠦ ᠪᠠᠷ ᠳᠠᠬᠢᠳᠠᠭ᠃ ᠨᠦᠬᠦᠭᠡ ᠨᠢᠭᠡ ᠨᠢ ᠤᠯᠠᠭᠠᠨ ᠢᠳᠡᠭᠡᠨ ᠢ ᠬᠡᠷᠡᠭᠯᠡᠬᠦ ᠦᠭᠡᠢ ᠴᠠᠭᠠᠨ ᠢᠳᠡᠭᠡᠨ ᠢᠶᠠᠷ ᠳᠠᠬᠢᠳᠠᠭ ᠪᠠᠶᠢᠨ᠎ᠠ᠃ ᠤᠪᠤᠭ᠎ᠠ ᠶᠢ ᠡᠷᠳᠡ ᠳᠤ ᠪᠠᠨ ᠴᠤᠯ ᠮᠤᠩᠭᠤᠯ ᠶᠤᠰᠤ ᠵᠠᠩᠰᠢᠯ ᠢᠶᠠᠷ ᠳᠠᠬᠢᠳᠠᠭ ᠪᠠᠶᠢᠭᠰᠠᠨ ᠪᠠᠶᠢᠵᠠᠢ᠃ ᠰᠡᠭᠦᠯᠳᠡᠵᠦ ᠰᠢᠷ᠎ᠠ ᠶᠢᠨ ᠱᠠᠰᠢᠨ ᠮᠤᠩᠭᠤᠯ ᠤᠷᠤᠨ ᠳᠤ ᠳᠡᠯᠭᠡᠷᠡᠭᠰᠡᠨ ᠤ ᠳᠠᠷᠠᠭ᠎ᠠ ᠤᠪᠤᠭ᠎ᠠ ᠳᠠᠬᠢᠬᠤ ᠦᠢᠯᠡ ᠶᠠᠪᠤᠳᠠᠯ ᠳᠤ ᠰᠢᠷ᠎ᠠ ᠶᠢᠨ ᠱᠠᠰᠢᠨ ᠤ ᠨᠦᠯᠦᠭᠡ ᠨᠡᠪᠴᠢᠨ ᠤᠷᠤᠵᠦ ᠢᠷᠡᠭᠡᠳ ᠯᠠᠮᠠ ᠵᠠᠯᠠᠵᠦ ᠨᠤᠮ ᠤᠩᠰᠢᠭᠤᠯᠬᠤ᠂ ᠪᠦᠳᠦᠭᠡᠯᠭᠡ ᠪᠦᠳᠦᠭᠡᠬᠦ ᠵᠡᠷᠭᠡ ᠶᠢᠨ ᠦᠢᠯᠡ ᠠᠵᠢᠯᠯᠠᠭ᠎ᠠ ᠶᠢ ᠨᠡᠮᠡᠭᠳᠡᠭᠦᠯᠵᠦ᠂ ᠡᠮᠦᠨ᠎ᠡ ᠬᠡᠳᠦᠨ ᠡᠳᠦᠷ ᠠᠴᠠ ᠨᠢ ᠤᠷᠢᠳᠴᠢᠯᠠᠨ ᠡᠳᠦᠷ ᠰᠦᠨᠢ ᠦᠭᠡᠢ ᠬᠦᠵᠢ ᠰᠢᠳᠠᠭᠠᠵᠦ ᠵᠤᠯᠠ ᠠᠰᠠᠭᠠᠳᠠᠭ ᠪᠤᠯᠵᠠᠢ᠃     ᠢᠷᠡᠯᠳᠡ᠄ 《ᠤᠷᠳᠤᠰ ᠰᠤᠶᠤᠯ ᠵᠠᠩ ᠦᠢᠯᠡ》ᠭᠡᠬᠦ ᠨᠤᠮ ᠠᠴᠠ ᠪᠠᠭᠤᠯᠭᠠᠪᠠ᠃
ᠢᠷᠡᠯᠲᠡ᠄ ᠤᠷᠳᠤᠰ ᠮᠤᠩᠭᠤᠯ ᠰᠦᠯᠵᠢᠶ᠎ᠠ