ᠤᠪᠤᠭ᠎ᠠ ᠤᠷᠤᠳ ᠤᠨ ᠳᠠᠬᠢᠯᠭ᠎ᠠ
ᠨᠡᠶᠢᠲᠡᠯᠡᠭᠰᠡᠨ ᠴᠠᠭ᠄
2020/7/21
     ᠤᠪᠤᠭ᠎ᠠ ᠭᠡᠳᠡᠭ ᠪᠤᠯ ᠤᠤᠯ ᠳᠤ ᠪᠠᠨ ᠮᠤᠩᠭᠤᠯᠴᠤᠳ ᠤᠨ ᠡᠪᠦᠭᠡ ᠳᠡᠭᠡᠳᠦᠰ ᠠᠴᠠ ᠤᠯᠠᠮᠵᠢᠯᠠᠭᠰᠠᠨ ᠵᠦᠭ ᠴᠢᠭ᠂ ᠠᠭᠤᠯᠠ ᠤᠰᠤᠨ ᠤ ᠬᠠᠭᠠᠯᠪᠤᠷᠢ᠂ ᠡᠷᠭᠢ ᠭᠠᠩᠭ᠎ᠠ᠂ ᠪᠡᠷᠬᠡ ᠪᠠᠷᠳᠠᠭᠠᠨ ᠤ ᠳᠡᠮᠳᠡᠭ ᠪᠠᠶᠢᠵᠠᠢ᠃ ᠤᠪᠤᠭ᠎ᠠ ᠳᠠᠬᠢᠬᠤ ᠪᠤᠯ ᠮᠤᠩᠭᠤᠯᠴᠤᠳ ᠤᠨ ᠳᠤᠮᠳᠠ ᠠᠯᠢ ᠡᠷᠳᠡ ᠪᠤᠢ ᠪᠤᠯᠤᠭᠰᠠᠨ ᠰᠢᠳᠦᠯᠭᠡ ᠪᠢᠰᠢᠷᠡᠯ ᠤᠨ ᠬᠡᠪ ᠵᠠᠩᠰᠢᠯ ᠶᠤᠮ᠃ ᠮᠦᠨ ᠴᠤ ᠪᠠᠳᠤ ᠴᠢᠩᠭ᠎ᠠ ᠰᠠᠭᠤᠷᠢ ᠲᠠᠢ᠂ ᠮᠤᠩᠭᠤᠯ ᠰᠤᠶᠤᠯ ᠤᠨ ᠤᠮᠳᠤᠭᠠᠶᠢᠯᠠᠵᠦ ᠪᠤᠯᠤᠰᠢ ᠦᠭᠡᠢ ᠲᠡᠦᠬᠡᠨ ᠤᠯᠠᠮᠵᠢᠯᠠᠯᠳᠤ ᠦᠪ ᠰᠤᠶᠤᠯ᠃ ᠤᠪᠤᠭᠠᠨ ᠤ ᠳᠠᠬᠢᠯᠭ᠎ᠠ ᠳᠤ ᠲᠡᠦᠬᠡ ᠳᠤᠷᠠᠰᠬᠠᠯ ᠤᠨ ᠰᠢᠨᠵᠢ ᠠᠭᠤᠯᠤᠭᠳᠠᠵᠦ ᠪᠠᠶᠢᠬᠤ ᠪᠠᠷ ᠪᠠᠷᠠᠬᠤ ᠦᠭᠡᠢ ᠮᠤᠩᠭᠤᠯᠴᠤᠳ ᠤᠨ ᠪᠠᠶᠢᠭᠠᠯᠢ ᠤᠷᠴᠢᠨ ᠢᠶᠠᠨ ᠬᠠᠶᠢᠷᠠᠯᠠᠨ ᠬᠠᠮᠠᠭᠠᠯᠠᠬᠤ ᠰᠠᠶᠢᠨ ᠰᠠᠶᠢᠬᠠᠨ ᠵᠠᠩᠰᠢᠯ ᠴᠤ ᠠᠭᠤᠯᠤᠭᠳᠠᠵᠦ ᠪᠠᠶᠢᠭ᠎ᠠ ᠶᠤᠮ᠃ ᠮᠤᠩᠭᠤᠯᠴᠤᠳ ᠤᠨ《ᠡᠷ᠎ᠡ ᠶᠢᠨ ᠭᠤᠷᠪᠠᠨ ᠨᠠᠭᠠᠳᠤᠮ》ᠴᠤ ᠤᠪᠤᠭᠠᠨ ᠳᠠᠬᠢᠯᠭ᠎ᠠ ᠲᠠᠢ ᠬᠤᠯᠪᠤᠭ᠎ᠠ ᠲᠠᠢ ᠶᠤᠮ᠃      ᠤᠪᠤᠭ᠎ᠠ ᠳᠠᠬᠢᠯᠭ᠎ᠠ ᠶᠢᠨ ᠢᠷᠡᠯᠳᠡ ᠶᠢ ᠮᠦᠷᠳᠡᠪᠡᠯ ᠤᠤᠯ ᠨᠢ ᠮᠤᠩᠭᠤᠯᠴᠤᠳ ᠤᠪᠤᠭ᠎ᠠ ᠶᠢ ᠨᠦᠯᠦᠭᠡ ᠶᠡᠬᠡᠳᠡᠢ ᠦᠨᠳᠦᠷ ᠤᠷᠤᠢ ᠪᠤᠶᠤ ᠠᠭᠤᠯᠠ ᠬᠠᠶᠢᠷᠬᠠᠨ ᠤ ᠤᠷᠤᠢ ᠳᠤ ᠴᠢᠯᠠᠭᠤ᠂ ᠮᠤᠳᠤ ᠪᠤᠷᠭᠠᠰᠤ᠂ ᠳᠤᠭᠤᠰᠬ᠎ᠠ ᠪᠤᠰᠬᠠᠵᠦ ᠳᠡᠭᠷᠢ᠂ ᠭᠠᠵᠠᠷ᠂ ᠯᠤᠤᠰ᠂ ᠠᠭᠤᠯᠠ ᠤᠰᠤᠨ ᠤ ᠨᠠᠪᠳᠠᠭ ᠰᠠᠪᠳᠠᠭ ᠢ ᠰᠢᠳᠤᠨ ᠳᠠᠬᠢᠳᠠᠭ ᠪᠠᠶᠢᠵᠠᠢ᠃ ᠦᠪᠳᠦᠷ ᠰᠦᠷᠯᠢᠭ ᠭᠠᠵᠠᠷ ᠦᠭᠡᠢ ᠪᠤᠯ ᠤᠪᠤᠭ᠎ᠠ ᠪᠤᠰᠬᠠᠳᠠᠭ ᠭᠠᠵᠠᠷ ᠨᠢ ᠤᠶᠢᠷ᠎ᠠ ᠬᠠᠪᠢ ᠳᠤ ᠪᠠᠨ ᠦᠨᠳᠦᠷᠬᠡᠨ ᠪᠠᠶᠢᠬᠤ ᠶᠢ ᠠᠩᠬᠠᠷᠤᠨ᠎ᠠ᠃ ᠪᠦᠳᠦᠴᠡ ᠠᠴᠠ ᠨᠢ ᠦᠵᠡᠪᠡᠯ᠂ ᠤᠪᠤᠭ᠎ᠠ ᠨᠢ ᠭᠤᠤᠯ ᠤᠪᠤᠭ᠎ᠠ ᠪᠠ ᠴᠡᠷᠢᠭ ᠤᠪᠤᠭ᠎ᠠ ᠪᠠᠷ ᠪᠦᠷᠢᠯᠳᠤᠳᠡᠭ᠃ ᠭᠤᠤᠯ ᠤᠪᠤᠭᠠᠨ ᠤ ᠨᠢᠭᠡ ᠲᠠᠯ᠎ᠠ ᠳᠤ ᠠᠷᠪᠠᠨ ᠬᠤᠶᠠᠷ ᠵᠢᠵᠢᠭ ᠤᠪᠤᠭ᠎ᠠ ᠶᠢ ᠨᠢᠭᠡ ᠱᠤᠭᠤᠮ ᠳᠡᠭᠡᠷ᠎ᠡ ᠪᠤᠰᠬᠠᠳᠠᠭ ᠢ ᠵᠠᠩᠵᠤᠨ ᠤᠪᠤᠭ᠎ᠠ ᠪᠤᠶᠤ ᠴᠡᠷᠢᠭ ᠤᠪᠤᠭ᠎ᠠ᠂ ᠪᠠᠰᠠ ᠡᠯᠴᠢ ᠤᠪᠤᠭ᠎ᠠ ᠭᠡᠳᠡᠭ᠃      ᠢᠷᠡᠯᠳᠡ᠄ 《ᠤᠷᠳᠤᠰ ᠰᠤᠶᠤᠯ ᠵᠠᠩ ᠦᠢᠯᠡ》ᠭᠡᠬᠦ ᠨᠤᠮ ᠠᠴᠠ ᠪᠠᠭᠤᠯᠭᠠᠪᠠ᠃                
ᠢᠷᠡᠯᠲᠡ᠄ ᠤᠷᠳᠤᠰ ᠮᠤᠩᠭᠤᠯ ᠰᠦᠯᠵᠢᠶ᠎ᠠ