ᠳᠤᠯᠤᠭᠠᠨ ᠪᠤᠷᠬᠠᠳ ᠤᠨ ᠰᠢᠳᠦᠭᠡᠨ
ᠨᠡᠶᠢᠲᠡᠯᠡᠭᠰᠡᠨ ᠴᠠᠭ᠄
2020/7/24
     ᠮᠣᠩᠭᠤᠯᠴᠤᠳ ᠮᠠᠨᠢ ᠶᠡᠭᠡ ᠡᠷᠳᠡ ᠦᠶ᠎ᠡ ᠠᠴᠠ ᠪᠠᠨ ᠨᠠᠷᠠᠨ ᠰᠠᠷᠠᠨ ᠤᠳᠤᠳ ᠢ ᠰᠦᠰᠦᠭᠯᠡᠨ ᠰᠢᠳᠦᠵᠦ᠂ ᠠᠭᠤᠯᠠ ᠤᠰᠤ ᠭᠠᠵᠠᠷ ᠢᠶᠠᠨ ᠳᠠᠬᠢᠵᠦ ᠳᠡᠭᠳᠦᠯᠡᠬᠦ ᠪᠠᠶᠢᠭᠠᠯᠢᠯᠢᠭ ᠰᠢᠳᠦᠭᠡᠨ ᠲᠠᠢ ᠪᠠᠶᠢᠭᠰᠠᠨ ᠠᠴᠠ ᠵᠢᠯ ᠴᠠᠭᠠᠨ ᠰᠠᠷ᠎ᠠ ᠶᠢᠨ ᠰᠢᠨ᠎ᠡ ᠶᠢᠨ ᠲᠤᠯᠤᠭᠠᠨ ᠤ ᠦᠳᠡᠰᠢ ᠪᠤᠯᠪᠠᠯ ᠬᠦᠮᠦᠰ《ᠳᠤᠬᠢᠭᠤᠷ ᠲᠤᠯᠤᠭᠠᠨ ᠤᠳᠤᠨ》᠎ ᠢ ᠳᠠᠬᠢᠳᠠᠭ ᠵᠠᠩᠰᠢᠯ ᠲᠠᠢ ᠪᠠᠶᠢᠳᠠᠭ ᠶᠤᠮ᠃ ᠡᠭᠦᠨ ᠢ ᠪᠠᠰᠠ《 ᠳᠤᠯᠤᠭᠠᠨ ᠪᠤᠷᠬᠠᠨ》ᠳᠠᠬᠢᠬᠤ᠂《 ᠪᠠᠭ᠎ᠠ ᠰᠢᠨ᠎ᠡ ᠰᠢᠨᠡᠯᠡᠬᠦ》ᠭᠡᠳᠡᠭ᠃      ᠰᠢᠨ᠎ᠡ ᠶᠢᠨ ᠳᠤᠯᠤᠭᠠᠨ ᠤ ᠦᠳᠡᠰᠢ ᠪᠤᠯᠵᠦ ᠳᠤᠬᠢᠭᠤᠷ ᠳᠤᠯᠤᠭᠠᠨ ᠤᠳᠤᠨ ᠤ ᠳᠤᠯᠤᠭᠠᠢ ᠳᠡᠭᠡᠭᠰᠢᠯᠡᠮᠡᠭᠴᠡ ᠤᠯᠠᠩᠭᠢ ᠠᠶᠢᠯ ᠤᠨ ᠨᠠᠰᠤᠳᠠᠢ ᠳᠤᠮᠣᠭᠠᠳᠠᠳ ᠬᠡᠦᠬᠡᠳ ᠰᠢᠦᠬᠠᠳ ᠢᠶᠠᠨ ᠳᠠᠭᠠᠭᠤᠯᠤᠨ ᠤᠰᠠᠩ ᠤᠨ ᠰᠦᠷᠦ ᠶᠢᠨ ᠢᠶᠠᠨ ᠳᠡᠭᠡᠷ᠎ᠡ ᠳᠠᠪᠠᠭ ᠲᠤ 10 ᠴᠢᠪᠠᠭ᠎ᠠ10 ᠪᠤᠭᠤᠷᠰᠤᠭ ᠬᠢᠵᠦ ᠲᠠᠯᠪᠢᠨ᠂ ᠳᠤᠤᠷ᠎ᠠ ᠬᠠᠵᠠᠭᠤ ᠳᠤ ᠨᠢ ᠭᠠᠯ ᠨᠤᠴᠤᠭᠠᠨ ᠴᠤᠭᠰᠢᠭᠤᠯᠤᠨ᠎ᠠ᠃ ᠴᠤᠭ ᠭᠠᠷᠤᠭᠰᠠᠨ ᠤ ᠳᠠᠷᠠᠭ᠎ᠠ ᠶᠡᠬᠡᠴᠤᠳ ᠰᠠᠩ ᠲᠠᠯᠪᠢᠨ᠎ᠠ᠃ ᠪᠤᠰᠤᠳ ᠨᠢ ᠴᠡᠪᠡᠷ ᠰᠠᠶᠢᠬᠠᠨ ᠰᠢᠷᠤᠢ ᠎ ᠪᠠᠷ《ᠲᠤᠯᠤᠭᠠᠨ ᠪᠤᠷᠬᠠᠨ》᠎ ᠤ ᠬᠡᠯᠪᠡᠷᠢᠳᠡᠢ ᠲᠤᠯᠤᠭᠠᠨ ᠰᠢᠷᠤᠢ ᠶᠢᠨ ᠤᠪᠤᠭ᠎ᠠ ᠪᠤᠰᠬᠠᠭᠠᠳ ᠳᠡᠭᠡᠷᠡᠬᠢ ᠶᠢ ᠨᠢ ᠪᠠᠭ᠋ᠠᠨ ᠬᠤᠩᠬᠤᠶᠢᠯᠭᠠᠵᠦ ᠴᠤᠭ ᠠᠴᠠ ᠪᠠᠨ ᠰᠢᠨᠠᠭ᠎ᠠ ᠎ ᠪᠠᠷ ᠤᠳᠬᠤᠵᠦ ᠲᠠᠯᠪᠢᠭᠠᠳ ᠳᠡᠭᠡᠷ᠎ᠡ ᠨᠢ ᠠᠮᠳᠠᠳᠤ ᠢᠳᠡᠭᠡᠨ᠂ ᠠᠷᠴᠠ ᠬᠦᠵᠢ ᠲᠠᠯᠪᠢᠨ᠎ᠠ᠃ ᠢᠩᠭᠢᠬᠡᠳ ᠤᠯᠠᠨ ᠢᠶᠠᠷ ᠢᠶᠠᠨ《ᠳᠤᠯᠤᠭᠠᠨ ᠪᠤᠷᠬᠠᠨ》᠎ ᠤ ᠵᠦᠭ ᠬᠠᠨᠳᠤᠨ ᠮᠦᠷᠬᠦᠵᠦ ᠠᠵᠠ ᠵᠢᠷᠭᠠᠯ᠂ ᠬᠤᠪᠢ ᠵᠠᠶᠠᠭ᠎ᠠ᠂ ᠦᠯᠵᠡᠢ ᠬᠡᠶᠢᠮᠤᠷᠢ᠂ ᠬᠦᠰᠡᠯ ᠡᠷᠡᠮᠡᠯᠵᠡᠯ ᠢᠶᠠᠨ ᠳᠠᠭᠠᠳᠬᠠᠵᠦ ᠨᠠᠮᠠᠨᠴᠢᠯᠠᠨ᠎ᠠ᠃ ᠢᠩᠬᠢᠭᠡᠳ ᠰᠡᠷᠵᠢᠮ ᠡᠷᠭᠦᠬᠦ ᠳᠤ ᠪᠠᠨ ᠲᠤᠯᠤᠭᠠᠨ ᠤᠪᠤᠭ᠎ᠠ ᠪᠠᠨ ᠳᠤᠭᠤᠷᠢᠭᠤᠯᠵᠦ ᠰᠠᠴᠤᠨ᠎ᠠ᠃ ᠳᠠᠬᠢᠯᠭ᠎ᠠ ᠳᠡᠭᠦᠰᠪᠡᠯ ᠳᠤᠯᠤᠭᠠᠨ ᠴᠢᠪᠠᠭ᠎ᠠ ᠭᠤᠷᠪᠠᠨ ᠪᠤᠭᠤᠷᠰᠤᠭ ᠢ ᠳᠠᠬᠢᠯᠭ᠎ᠠ ᠶᠢᠨ ᠬᠡᠰᠢᠭ ᠭᠡᠵᠦ ᠭᠡᠷ ᠲᠤ ᠪᠠᠨ ᠠᠪᠴᠢᠷᠠᠵᠦ ᠳᠠᠶᠠᠭᠠᠷ ᠲᠤ ᠬᠤᠪᠢᠶᠠᠵᠦ ᠠᠮᠰᠠᠭᠤᠯᠤᠨ᠎ᠠ᠃ ᠭᠡᠪᠡᠴᠦ ᠠᠶᠢᠯ ᠠᠶᠢᠯ ᠪᠠᠰᠠ ᠠᠳᠠᠯᠢ ᠦᠭᠡᠢ ᠪᠠᠶᠢᠳᠠᠭ᠃ ᠵᠠᠷᠢᠮ ᠨᠢ ᠲᠤᠯᠤᠭᠠᠨ ᠵᠤᠯᠠ ᠨᠤᠴᠤᠭᠠᠨ《ᠳᠤᠯᠤᠭᠠᠨ ᠪᠤᠷᠬᠠᠨ》᠎ ᠤ ᠬᠡᠯᠪᠡᠶᠢᠳᠡᠢ ᠲᠠᠯᠪᠢᠭᠠᠳ ᠮᠦᠷᠭᠦᠵᠦ ᠳᠠᠭᠠᠳᠬᠠᠳᠠᠭ ᠪᠠᠶᠢᠨ᠎ᠠ᠃ ᠵᠠᠷᠢᠮ ᠨᠢ ᠳᠤᠯᠤᠭᠠᠨ ᠳᠠᠬᠢᠯ ᠵᠠᠰᠠᠵᠦ ᠭᠤᠤᠯ ᠤᠷᠤᠭᠤᠯᠤᠨ ᠳᠤᠰᠤ ᠬᠢᠵᠦ ᠨᠤᠴᠤᠭᠠᠭᠳ ᠭᠠᠳᠠᠨ᠎ᠠ ᠠᠪᠠᠴᠢᠵᠦ《ᠳᠤᠯᠤᠭᠠᠨ ᠪᠤᠷᠬᠠᠨ》᠎ ᠤ ᠬᠡᠯᠪᠡᠷᠢᠳᠡᠢ ᠪᠤᠯᠭᠠᠨ ᠲᠠᠯᠪᠢᠭᠠᠳ ᠨᠠᠮᠠᠨᠴᠢᠯᠠᠨ ᠳᠠᠭᠠᠳᠬᠠᠵᠦ ᠪᠠᠷᠠᠪᠠᠯ ᠡᠨᠡ ᠬᠦ ᠭᠤᠯᠢᠷ ᠢᠶᠠᠷ ᠵᠠᠰᠠᠭᠰᠠᠨ ᠵᠤᠯᠠ ᠪᠠᠨ ᠠᠪᠴᠢᠷᠠᠵᠦ ᠪᠤᠭᠤᠷᠰᠤᠭ ᠠᠳᠠᠯᠢ ᠪᠤᠴᠠᠯᠭᠠᠵᠦ ᠢᠳᠡᠳᠡᠭ ᠪᠠᠶᠢᠨ᠎ᠠ᠃ ᠪᠠᠰᠠ ᠵᠠᠷᠢᠮ ᠠᠶᠢᠯ ᠰᠢᠷᠤᠢ ᠪᠠᠷ ᠤᠪᠤᠭᠠᠯᠠᠭᠰᠠᠨ ᠲᠤᠯᠤᠭᠠᠨ ᠵᠢᠵᠢᠭ ᠤᠪᠤᠭᠠᠨ ᠳᠡᠭᠡᠷ᠎ᠡ ᠬᠦᠵᠢ ᠬᠠᠳᠬᠤᠭᠠᠳ ᠳᠠᠬᠢᠳᠠᠭ ᠴᠤ ᠪᠠᠶᠢᠨ᠎ᠠ᠃ ᠡᠭᠦᠨ ᠠᠴᠠ ᠭᠠᠳᠠᠨ᠎ᠠ ᠵᠠᠷᠢᠮ ᠠᠶᠢᠯ ᠪᠠᠰᠠ ᠰᠢᠨ᠎ᠡ ᠶᠢᠨ ᠳᠤᠯᠤᠭᠠᠨ ᠢ《 ᠪᠠᠭ᠎ᠠ ᠰᠢᠨ᠎ᠡ》ᠭᠡᠵᠦ ᠦᠵᠡᠨ ᠲᠤᠯᠤᠭᠠᠨ ᠪᠤᠷᠬᠠᠳ ᠲᠤ ᠪᠠᠨ ᠵᠤᠯᠠ ᠡᠷᠭᠦᠵᠦ ᠳᠠᠬᠢᠳᠠᠭ ᠨᠢ ᠴᠤ ᠪᠠᠶᠢᠳᠠᠭ᠃《 ᠳᠤᠯᠤᠭᠠᠨ ᠪᠤᠷᠬᠠᠳ》᠎ ᠤᠨ ᠵᠤᠯᠠ ᠨᠢ ᠲᠤᠯᠤᠭᠠᠨ ᠲᠤᠯᠤᠭ᠎ᠠ ᠳᠦᠴᠢ ᠶᠢᠰᠦ᠂ ᠳᠤᠬᠤᠢ ᠢᠯᠡᠭᠦᠦ ᠤᠷᠳᠤ ᠵᠤᠯᠠ ᠪᠠᠶᠢᠳᠠᠭ᠃      ᠤᠭᠳᠠᠷᠭᠤᠢ ᠳᠦᠭᠦᠷᠡᠩ ᠳᠦᠭᠡᠭᠰᠡᠨ ᠤᠳᠤᠳ ᠤᠨ ᠳᠤᠳᠤᠷ᠎ᠠ ᠠᠴᠠ ᠤᠨᠴᠠᠯᠠᠨ ᠠᠯᠳᠠᠨ ᠭᠠᠳᠠᠰᠤ ᠤᠳᠤᠨ ᠢ ᠳᠤᠭᠤᠷᠢᠨ ᠡᠷᠭᠢᠯᠳᠤᠵᠦ ᠪᠠᠶᠢᠭ᠎ᠠ《ᠳᠤᠬᠢᠭᠤᠷ ᠳᠤᠯᠤᠭᠠᠨ ᠤᠳᠤᠨ》᠎ ᠢ ᠵᠠᠷᠢᠮ ᠨᠢ《ᠳᠤᠯᠤᠭᠠᠨ ᠪᠤᠷᠬᠠᠨ》ᠭᠡᠵᠦ ᠳᠠᠬᠢᠳᠠᠭ ᠪᠠᠶᠢᠨ᠎ᠠ᠃ ᠵᠠᠷᠢᠮ ᠨᠢ《ᠳᠤᠯᠤᠭᠠᠨ ᠮᠠᠨᠠᠭᠠᠴᠢ ᠡᠪᠦᠭᠡᠨ》ᠭᠡᠵᠦ ᠳᠠᠬᠢᠳᠠᠭ᠃ ᠪᠠᠰᠠ ᠵᠠᠷᠢᠮ ᠨᠢ《ᠠᠬ᠎ᠠ ᠳᠡᠭᠦᠦ ᠳᠤᠯᠤᠭᠠᠨ ᠬᠦᠴᠦᠳᠡᠨ》ᠭᠡᠵᠦ ᠳᠠᠶᠢᠯᠪᠤᠷᠢᠯᠠᠨ ᠳᠠᠬᠢᠳᠠᠭ ᠴᠤ ᠪᠤᠢ᠃     ᠢᠷᠡᠯᠳᠡ᠄ 《ᠤᠷᠳᠤᠰ ᠰᠤᠶᠤᠯ ᠵᠠᠩ ᠦᠢᠯᠡ》ᠭᠡᠬᠦ ᠨᠤᠮ ᠠᠴᠠ ᠪᠠᠭᠤᠯᠭᠠᠪᠠ᠃
ᠢᠷᠡᠯᠲᠡ᠄ ᠤᠷᠳᠤᠰ ᠮᠤᠩᠭᠤᠯ ᠰᠦᠯᠵᠢᠶ᠎ᠠ