ᠤᠪᠤᠭ᠎ᠠ ᠪᠤᠰᠠᠬᠵᠦ ᠱᠠᠩ ᠳᠠᠷᠤᠬᠤ
ᠨᠡᠶᠢᠲᠡᠯᠡᠭᠰᠡᠨ ᠴᠠᠭ᠄
2020/7/7
     ᠤᠪᠤᠭ᠎ᠠ ᠪᠤᠰᠠᠬᠵᠦ ᠱᠠᠩ ᠳᠠᠷᠤᠬᠤ ᠨᠢ ᠮᠤᠩᠭᠤᠯᠴᠤᠳ ᠡᠬᠡ ᠪᠠᠶᠢᠭᠠᠯᠢ ᠪᠠ ᠨᠤᠳᠤᠭ ᠤᠰᠤ ᠪᠠᠨ ᠳᠠᠬᠢᠵᠦ ᠪᠠᠶᠢᠬᠤ ᠠᠭᠤᠯᠭ᠎ᠠ ᠲᠠᠢ ᠪᠦᠭᠡᠳ ᠮᠤᠩᠭᠤᠯ ᠬᠦᠮᠦᠨ ᠬᠦᠬᠡ ᠮᠦᠩᠬᠡ ᠳᠡᠭᠷᠢ ᠶᠢ ᠠᠪᠤ ᠭᠡᠵᠦ᠂ ᠬᠦᠷᠦᠰᠦᠳᠦ ᠠᠯᠳᠠᠨ ᠲᠠᠯᠡᠬᠡᠢ ᠶᠢ ᠡᠵᠢ ᠪᠠᠨ ᠪᠤᠯᠭᠠᠨ ᠰᠢᠳᠦᠳᠡᠭ᠃ ᠲᠡᠦᠬᠡ ᠶᠢᠨ ᠨᠤᠮ ᠪᠢᠴᠢᠭ ᠪᠠ ᠶᠡᠬᠡᠴᠤᠳ ᠤᠨ ᠶᠠᠷᠢᠵᠦ ᠪᠠᠶᠢᠬᠤ ᠶᠢ ᠦᠨᠳᠦᠰᠦᠯᠡᠪᠡᠯ ᠤᠪᠤᠭ᠎ᠠ ᠪᠤᠰᠬᠠᠵᠦ ᠱᠠᠩ ᠳᠠᠷᠤᠬᠤ ᠭᠡᠭᠴᠢ ᠲᠡᠶᠢᠮᠦ ᠬᠢᠯᠪᠡᠷ ᠶᠠᠪᠤᠳᠠᠯ ᠪᠢᠰᠢ ᠭᠡᠳᠡᠭ᠃ ᠳᠤᠬᠠᠶᠢᠯᠠᠪᠠᠯ ᠤᠪᠤᠭᠠᠨ ᠤ ᠱᠠᠩ ᠳᠠᠷᠤᠵᠦ ᠪᠦᠳᠦᠭᠡᠬᠦ ᠳᠤ᠂ ᠠᠯᠳᠠ᠂ ᠮᠦᠩᠭᠦ᠂ ᠨᠤᠮᠢᠨ᠂ ᠱᠢᠷᠦ ᠮᠡᠳᠦ ᠶᠢᠨ ᠡᠷᠳᠡᠨᠢᠰ ᠤᠨ ᠲᠠᠪᠤᠨ ᠵᠦᠢᠯ ᠤᠷᠤᠳᠠᠭ ᠪᠦᠭᠡᠳ ᠲᠤᠷᠭ᠎ᠠ᠂ ᠳᠤᠷᠳᠤᠩ᠂ ᠬᠤᠷᠭᠤᠢ᠂ ᠮᠠᠩᠨᠤᠭ᠂ ᠬᠢᠯᠢᠩ ᠮᠡᠳᠦ ᠶᠢᠨ ᠡᠳ᠋ ᠤᠨ ᠲᠠᠪᠤᠨ ᠵᠦᠢᠯ ᠪᠠᠶᠢᠳᠠᠭ᠃ ᠠᠮᠤ᠂ ᠳᠤᠳᠤᠷᠭ᠎ᠠ᠂ ᠠᠷᠪᠠᠢ᠂ ᠪᠤᠭᠤᠳᠠᠢ᠂ ᠪᠤᠷᠴᠠᠭ ᠵᠡᠷᠭᠡ ᠶᠢᠨ ᠢᠳᠡᠭᠡᠨ ᠤ ᠲᠠᠪᠤᠨ ᠲᠠᠷᠢᠶ᠎ᠠ ᠪᠤᠢ᠃ ᠯᠢᠳᠡᠷᠢ᠂ ᠭᠠᠨᠳᠠᠭᠠᠷᠢ᠂ ᠱᠤᠳᠠ᠂ ᠸᠠᠩᠯᠠ᠂ ᠵᠠᠮᠽᠤᠶᠢᠪᠤᠪᠠ ᠮᠡᠳᠦ ᠡᠮ ᠤᠨ ᠲᠠᠪᠤᠨ ᠵᠦᠢᠯ ᠤᠷᠤᠳᠠᠭ᠃ ᠠᠭᠠᠷᠦ᠂ ᠽᠠᠨᠳᠠᠨ᠂ ᠭᠠᠪᠤᠷ᠂ ᠠᠷᠴᠠ᠂ ᠬᠦᠬᠦᠯ ᠵᠡᠷᠭᠡ ᠦᠨᠦᠷᠳᠤ ᠲᠠᠪᠤᠨ ᠵᠦᠢᠯ ᠤᠷᠤᠳᠠᠭ ᠪᠤᠯᠬᠤᠷ ᠡᠳᠡᠭᠡᠷ ᠪᠦᠬᠦᠨ ᠢ ᠪᠦᠷᠢᠯᠳᠦᠭᠦᠯᠵᠦ᠂ ᠱᠠᠩ ᠳᠠᠷᠤᠨ ᠵᠢᠩᠬᠢᠨᠢ ᠤᠪᠤᠭ᠎ᠠ ᠪᠤᠯᠭᠠᠨ ᠪᠤᠰᠬᠠᠵᠦ᠂ ᠠᠮᠢᠯᠠᠭᠤᠯᠤᠨ ᠳᠠᠬᠢᠪᠠᠯ ᠰᠠᠶ᠋ᠢ ᠬᠦᠴᠦᠨ ᠳᠡᠭᠦᠯᠳᠡᠷ ᠭᠡᠵᠦ ᠬᠡᠯᠡᠳᠡᠭ᠃ ᠵᠠᠷᠢᠮ ᠤᠪᠤᠭ᠎ᠠ ᠶᠢᠨ ᠳᠤᠤᠷ᠎ᠠ ᠪᠠᠭᠠᠳᠤᠷ ᠵᠠᠩᠵᠤᠨ ᠢ ᠱᠠᠩ ᠳᠠᠷᠤᠵᠦ ᠪᠤᠰᠬᠠᠳᠠᠭ ᠭᠡᠰᠡᠨ ᠬᠡᠯᠡᠯᠭᠡ ᠪᠤᠢ᠃ ᠡᠶᠢᠮᠦ ᠠᠴᠠ ᠭᠠᠭᠴᠠ ᠰᠦᠰᠦᠭ ᠪᠠᠶᠢᠭᠠᠳ ᠪᠤᠯᠬᠤ ᠪᠢᠰᠢ᠂ ᠨᠦᠭᠦᠴᠡᠯ ᠪᠦᠷᠢᠯᠳᠦᠬᠦ ᠶᠢ ᠱᠠᠭᠠᠷᠳᠠᠨ᠎ᠠ᠃ ᠤᠪᠤᠭ᠎ᠠ ᠳᠠᠬᠢᠬᠤ ᠴᠠᠭ ᠢᠶᠠᠨ ᠪᠠᠷᠢᠮᠳᠠᠯᠠᠬᠤ ᠶᠢ ᠱᠠᠭᠠᠷᠳᠠᠵᠦ ᠤᠪᠤᠭ᠎ᠠ ᠶᠢ ᠡᠷᠬᠡᠪᠰᠢ ᠦᠳᠡ ᠶᠢᠨ ᠡᠮᠦᠨ᠎ᠡ ᠳᠠᠬᠢᠳᠠᠭ᠃ ᠰᠤᠭ ᠳᠡᠭᠡᠵᠢ᠂ ᠰᠦᠰᠦᠭ᠂ ᠨᠦᠭᠦᠴᠡᠯ᠂ ᠴᠠᠭ ᠲᠦᠷᠪᠡ ᠤᠶᠠᠯᠳᠤᠪᠠᠯ ᠰᠠᠶ᠋ᠢ ᠴᠢᠨᠤ ᠤᠪᠤᠭ᠎ᠠ ᠳᠠᠬᠢᠯᠭ᠎ᠠ ᠬᠦᠴᠦᠨ ᠳᠡᠭᠦᠯᠳᠡᠷ ᠪᠦᠭᠡᠳ ᠠᠯᠢᠪᠠ ᠪᠦᠬᠦᠨ ᠤᠷᠤᠭᠰᠢᠳᠡᠢ ᠭᠡᠵᠦ ᠬᠡᠯᠡᠳᠡᠭ᠃
ᠢᠷᠡᠯᠲᠡ᠄ ᠤᠷᠳᠤᠰ ᠮᠤᠩᠭᠤᠯ ᠰᠦᠯᠵᠢᠶ᠎ᠠ