︽ᠨᠡᠭᠦᠯᠭᠡᠵᠦ ᠠᠪᠴᠢᠷᠠᠭᠰᠠᠨ︾ ᠵᠣᠯ ᠵᠢᠷᠭᠠᠯᠲᠤ ᠠᠮᠢᠳᠤᠷᠠᠯ
ᠨᠡᠶᠢᠲᠡᠯᠡᠭᠰᠡᠨ ᠴᠠᠭ᠄
2021/1/12
     ︽ᠮᠠᠨ ᠤ ᠬᠢᠨ ᠴᠤ ᠪᠠᠰᠠ 120 ᠲᠡᠭᠰᠢ ᠳᠥᠷᠪᠡᠯᠵᠢᠨ ᠮᠧᠲᠷ ᠤᠨ ᠠᠰᠠᠷ ᠲᠤ ᠰᠠᠭᠤᠴᠢᠬᠠᠯ᠎ᠠ᠂ ᠣᠳᠣ ᠲᠦᠯᠡᠭᠡ ᠪᠠᠷ ᠭᠠᠯ ᠲᠦᠯᠡᠭᠦ ᠬᠡᠷᠡᠭ ᠦᠭᠡᠶ ᠪᠣᠯᠵᠠᠶ᠂ ᠠᠮᠢᠳᠤᠷᠠᠯ ᠡᠳᠦᠷ ᠠᠴᠠ ᠡᠳᠦᠷ ᠥᠭᠡᠳᠡᠯᠡᠵᠦ ᠪᠠᠶᠢᠨ᠎ᠠ︾ ᠭᠡᠵᠤ ᠬᠢᠶ᠎ᠠ ᠪᠠᠭᠰᠢ ᠲᠣᠭᠤᠷᠢᠭ ᠤᠨ ᠬᠠ᠊ ᠪᠠᠭᠰᠢ ᠵᠡᠭᠡᠯᠢ ᠭᠤᠳᠤᠮᠵᠢ ᠶᠢᠨ ᠺᠠᠩ ᠯᠢ ᠰᠠᠭᠤᠭᠠᠯᠢ ᠠᠷᠠᠳ ᠤᠨ ᠲᠣᠭᠤᠷᠢᠭ ᠤᠨ ᠰᠠᠭᠤᠭᠠᠯᠢ ᠠᠷᠠᠳ ᠸᠠᠩ ᠭᠧᠨ ᠬᠤᠸᠡᠨ ᠶᠠᠷᠢᠨ᠎ᠠ᠃ ᠬᠡᠳᠦᠨ ᠠᠷᠪᠠᠨ ᠵᠢᠯ ᠤᠨ ᠲᠤᠷᠰᠢ᠂ ᠲᠡᠷᠡ ᠲᠣᠭᠤᠰᠬᠠᠨ ᠪᠠᠶᠢᠰᠢᠩ ᠳᠤ ᠰᠠᠭᠤᠵᠤ ᠪᠠᠶᠢᠭᠰᠠᠨ ᠠᠴᠠ ᠪᠠᠨ ᠬᠤᠳᠠ ᠬᠥᠳᠡᠭᠡ ᠶᠢ ᠨᠢᠭᠡᠳᠦᠯᠲᠡᠢ ᠲᠥᠯᠥᠪᠵᠢᠭᠦᠯᠬᠦ ᠳᠤᠬᠢᠷᠠᠭᠤᠯᠤᠯᠳᠠ ᠪᠠᠷ ᠲᠠᠮᠵᠢᠭᠤᠯᠤᠨ ᠬᠤᠳᠠ ᠳᠤ ᠨᠡᠭᠦᠨ ᠤᠷᠤᠵᠤ᠂ ᠰᠢᠨ᠎ᠡ ᠤᠷᠤᠨ ᠰᠠᠭᠤᠴᠠ ᠲᠠᠢ ᠪᠣᠯᠤᠭᠰᠠᠨ ᠪᠥᠭᠡᠳ ᠲᠡᠭᠦᠨ ᠤ ᠠᠮᠢᠳᠤᠷᠠᠯ ᠳᠤ ᠴᠤ ᠶᠡᠬᠡᠭᠡᠨ ᠬᠤᠪᠢᠷᠠᠯᠲᠠ ᠲᠠᠢ ᠪᠤᠯᠤᠬᠰᠠᠨ ᠪᠠᠶᠢᠨ᠎ᠠ᠃      ᠸᠠᠩ ᠭᠧᠨ ᠬᠤᠸᠡᠨ ᠤ ᠰᠠᠭᠤᠵᠤ ᠪᠠᠶᠢᠭᠰᠠᠨ ᠬᠠ᠊ ᠪᠠᠭᠰᠢ ᠰᠢᠶᠠᠩ ᠤᠨ ᠮᠠ ᠸᠠᠩ ᠮᠢᠶᠣᠣ ᠲᠣᠰᠬᠤᠨ ᠭᠤᠤ ᠭᠠᠩᠭ᠎ᠠ ᠰᠦᠯᠵᠢᠯᠳᠦᠨ᠂ ᠭᠠᠵᠠᠷ ᠰᠢᠷᠣᠶ ᠨᠢ ᠲᠠᠴᠢᠷ ᠨᠢᠮᠭᠡᠨ ᠪᠠᠶᠢᠳᠠᠭ ᠮᠦᠷᠳᠡᠭᠡᠨ ᠤᠰᠤ ᠲᠤᠲᠠᠮᠠᠭ ᠠᠴᠠ ᠪᠤᠯᠵᠤ ᠲᠤᠰᠬᠤᠨ ᠤ ᠠᠷᠠᠳ ᠨᠢ ᠲᠩᠷᠢ ᠶᠢᠨ ᠴᠢᠷᠠᠢ ᠬᠠᠷᠠᠨ ᠠᠮᠢᠳᠤᠷᠠᠵᠤ ᠪᠠᠶᠢᠵᠡᠢ᠃      ᠬᠤᠲᠠ ᠬᠥᠳᠡᠭᠡ ᠶᠢ ᠨᠢᠭᠡᠳᠦᠯᠲᠡᠢ ᠲᠥᠯᠥᠪᠵᠢᠬᠦᠯᠭᠦ ᠶᠢ ᠬᠡᠷᠡᠭᠵᠢᠭᠦᠯᠦᠭᠰᠡᠨ ᠤ ᠳᠠᠷᠠᠭ᠎ᠠ᠂ ᠬᠢᠶ᠎ᠠ ᠪᠠᠭᠰᠢ ᠲᠣᠭᠤᠷᠢᠭ ᠤᠨ ᠬᠢᠨ ᠬᠤᠲᠠ ᠳᠤ ᠨᠡᠭᠦᠨ ᠤᠷᠤᠭᠰᠠᠨ ᠲᠠᠷᠢᠶᠠᠴᠢᠳ ᠤᠨ ᠣᠷᠣᠰᠢᠨ ᠠᠮᠢᠳᠤᠷᠠᠬᠤ ᠣᠷᠴᠢᠨ ᠲᠣᠭᠤᠷᠢᠨ ᠢ ᠪᠥᠬᠦ ᠬᠦᠴᠦᠨ ᠢᠶᠠᠷ ᠢᠶᠠᠨ ᠰᠠᠶᠢᠵᠢᠷᠠᠭᠤᠯᠵᠤ᠂ ᠬᠤᠲᠠ ᠳᠤ ᠰᠢᠯᠵᠢᠨ ᠤᠷᠤᠭᠰᠠᠨ ᠲᠠᠷᠢᠶᠠᠴᠢᠳ ᠤᠨ ᠠᠮᠢᠳᠤᠷᠠᠯ ᠤᠨ ᠨᠥᠬᠦᠴᠡᠯ ᠢ ᠢᠯᠡᠳᠲᠡ ᠰᠠᠶᠢᠵᠢᠷᠠᠭᠤᠯᠪᠠ᠃ 2010 ᠣᠨ ᠳᠤ᠂ ᠸᠠᠩ ᠭᠧᠨ ᠬᠤᠸᠡᠨ ᠰᠢᠨ᠎ᠡ ᠭᠡᠷ ᠲᠤ ᠨᠡᠭᠦᠵᠦ ᠤᠷᠤᠭᠰᠠᠨ ᠠᠴᠠ ᠤᠯᠠᠨ ᠵᠢᠯ ᠤᠨ ᠠᠮᠢᠳᠤᠷᠠᠯ ᠤᠨ ᠳᠠᠳᠬᠠᠯ ᠨᠢ ᠴᠦ ᠳᠠᠭᠠᠯᠳᠤᠨ ᠬᠤᠪᠢᠷᠠᠵᠠᠶ᠃      ︽ᠥᠩᠭᠡᠷᠡᠭᠰᠡᠨ ᠳᠤ 50 ᠭᠠᠷᠤᠶ ᠲᠡᠭᠰᠢ ᠳᠥᠷᠪᠡᠯᠵᠢᠨ ᠮᠧᠲᠷ ᠤᠨ ᠪᠠᠶᠢᠰᠢᠩ ᠳᠤ ᠰᠠᠭᠤᠵᠤ ᠪᠠᠶᠢᠭᠰᠠᠨ ᠶᠤᠮ᠂ ᠡᠳᠦᠷ ᠪᠦᠷᠢ ᠭᠠᠯ ᠲᠦᠯᠡᠵᠦ ᠬᠤᠭᠤᠯᠠ ᠬᠢᠳᠡᠭ᠂ ᠣᠳᠣ ᠡᠪᠦᠯ ᠳᠡᠭᠡᠨ ᠳᠤᠯᠠᠭᠠᠯᠠᠬᠤ ᠳᠤᠯᠠᠭᠠᠯᠠᠮᠵᠢ ᠲᠠᠢ᠂ ᠬᠤᠭᠤᠯᠠ ᠬᠢᠬᠦ ᠳᠤ ᠪᠠᠰᠠ ᠪᠠᠶᠢᠭᠠᠯᠢ ᠶᠢᠨ ᠰᠢᠲᠠᠮᠠᠬᠠᠶ ᠬᠡᠢ ᠲᠠᠢ ᠪᠣᠯᠵᠠᠶ︾ ᠭᠡᠵᠦ ᠸᠠᠩ ᠭᠧᠨ ᠬᠤᠸᠡᠨ ᠪᠠᠶᠠᠷᠯᠠᠨ ᠶᠠᠷᠢᠨ᠎ᠠ᠃ ᠰᠤᠯᠠ ᠰᠡᠯᠡᠭᠦᠤ ᠴᠠᠭ ᠲᠠᠭᠠᠨ ᠲᠡᠷᠡ ᠭᠡᠷ ᠲᠡᠭᠡᠨ ᠬᠤᠸᠠᠷ ᠴᠡᠴᠡᠭ ᠤᠰᠤᠯᠠᠵᠤ ᠲᠧᠯᠸᠢᠰ ᠦᠵᠡᠳᠡᠭ᠂ ᠤᠴᠢᠷ ᠦᠭᠡᠢ ᠪᠣᠯ ᠰᠠᠭᠤᠭᠠᠯᠢ ᠲᠣᠭᠤᠷᠢᠭ ᠤᠨ ᠪᠡᠶ᠎ᠡ ᠴᠢᠭᠢᠷᠠᠭᠵᠢᠭᠤᠯᠬᠤ ᠳᠦᠬᠦᠭᠡᠷᠤᠮᠵᠢ ᠳᠡᠭᠡᠷ᠎ᠡ ᠪᠡᠶ᠎ᠠ ᠪᠠᠨ ᠪᠤᠯᠪᠠᠰᠤᠷᠠᠭᠤᠯᠬᠤ ᠪᠤᠶᠤ ᠨᠡᠶᠢᠭᠡᠮ ᠲᠣᠭᠤᠷᠢᠭ ᠤᠨ ᠬᠥᠳᠡᠯᠭᠡᠭᠡᠨ ᠤ ᠥᠷᠥᠭᠡᠨ ᠳᠤ ᠰᠠᠭᠤᠵᠤ ᠵᠡᠷᠭᠡᠯᠡᠳᠡᠭᠡ ᠠᠶᠢᠯ ᠤᠨ ᠬᠦᠮᠤᠰ ᠲᠠᠢ ᠪᠠᠨ ᠰᠢᠲᠠᠷ᠎ᠠ ᠳᠠᠯᠪᠢᠳᠠᠭ᠃      ᠡᠶᠢᠮᠦᠷᠭᠦᠦ ᠠᠮᠢᠳᠤᠷᠠᠯ ᠢ ᠡᠳ᠋ᠯᠡᠵᠦ ᠴᠢᠳᠠᠭᠰᠠᠨ ᠨᠢ ᠬᠤᠲᠠ ᠤᠷᠤᠭᠰᠠᠨ ᠤ ᠳᠠᠷᠠᠭᠠᠬᠢ ᠵᠠᠰᠠᠭ ᠤᠨ ᠣᠷᠳᠣᠨ ᠤ ᠳᠡᠮᠵᠢᠯᠭᠡ ᠠᠴᠠ ᠰᠠᠯᠵᠤ ᠴᠢᠳᠠᠰᠢ ᠦᠭᠡᠢ ᠶᠤᠮ᠃ ︽ᠵᠠᠰᠠᠭ ᠤᠨ ᠣᠷᠳᠣᠨ ᠠᠴᠠ ᠵᠢᠯ ᠪᠤᠯᠭᠠᠨ ᠬᠥᠮᠦᠨ ᠪᠦᠷᠢ ᠳᠤ 6000 ᠭᠠᠷᠤᠢ ᠲᠥᠭᠦᠷᠢᠭ ᠤᠨ ᠠᠮᠢᠳᠤᠷᠠᠯ ᠤᠨ ᠵᠠᠷᠤᠳᠠᠯ ᠨᠥᠬᠦᠪᠥᠷᠢᠯᠡᠵᠦ᠂ ᠪᠠᠰᠠ ᠠᠳᠠᠯ ᠠᠬᠤᠢ ᠪᠠ ᠳᠤᠯᠠᠭᠠᠯᠠᠭ᠎ᠠ ᠶᠢᠨ ᠵᠠᠷᠤᠳᠠᠯ ᠨᠥᠬᠦᠪᠥᠷᠢᠯᠡᠵᠦ᠂ ᠠᠵᠢᠯ ᠬᠢᠬᠦ ᠬᠦᠰᠡᠯ ᠲᠠᠢ ᠳᠤᠨᠢ ᠪᠠᠰᠠ ᠠᠵᠢᠯ ᠲᠤᠬᠢᠷᠠᠭᠤᠯᠪᠠ᠂ ᠪᠢ ᠤᠳᠤ ᠰᠠᠷ᠎ᠠ ᠪᠦᠷᠢ ᠲᠣᠭᠲᠠᠮᠠᠯ ᠣᠷᠤᠯᠭ᠎ᠠ ᠲᠠᠢ᠂ ᠪᠦᠭᠦ ᠭᠡᠷ ᠢᠶᠠᠷ ᠢᠶᠠᠨ ᠦᠨᠡᠬᠡᠷ ᠰᠠᠶᠢᠬᠠᠨ ᠠᠮᠢᠳᠤᠷᠠᠵᠤ ᠪᠠᠶᠢᠨ᠎ᠠ︾ ᠭᠡᠵᠤ ᠸᠠᠩ ᠭᠧᠨ ᠬᠤᠸᠡᠨ ᠶᠠᠷᠢᠨ᠎ᠠ᠃      ᠸᠠᠩ ᠭᠧᠨ ᠬᠤᠸᠡᠨ ᠤᠤᠯ ᠨᠢ ᠮᠠ ᠸᠠᠩ ᠮᠢᠶᠣᠣ ᠲᠤᠰᠬᠤᠨ ᠤ ︽ᠬᠤᠶᠠᠷ ᠵᠥᠪᠯᠡᠯ︾᠎ ᠤᠨ ᠭᠡᠰᠢᠭᠦᠨ ᠪᠠᠶᠢᠭᠰᠠᠨ ᠮᠦᠷᠳᠡᠭᠡᠨ ᠪᠠᠰᠠ ᠲᠤᠰᠬᠤᠨ ᠤ ᠮᠠᠯ ᠤᠨ ᠡᠮᠴᠢ ᠶᠢᠨ ᠲᠤᠰᠢᠶᠠᠯ ᠢ ᠬᠠᠪᠰᠤᠷᠭᠠᠨ ᠬᠠᠷᠢᠭᠤᠴᠠᠵᠤ ᠪᠠᠶᠢᠵᠠᠶ᠃ ᠬᠤᠳᠠ ᠳᠤ ᠤᠷᠤᠭᠰᠠᠨ ᠤ ᠲᠠᠷᠠᠭ᠎ᠠ᠂ ᠲᠠᠷᠡ ᠵᠠᠰᠠᠭ ᠤᠨ ᠣᠷᠳᠣᠨ ᠤ ᠬᠠᠪᠰᠤᠷᠤᠯᠭ᠎ᠠ ᠳᠣᠣᠷ᠎ᠠ ᠬᠥᠳᠡᠯᠮᠦᠷᠢ ᠦᠢᠯᠡᠴᠢᠯᠡᠭᠡᠨ ᠤ ᠺᠣᠮᠫᠠᠨᠢ ᠳᠤ ᠣᠷᠣᠵᠤ ᠣᠷᠴᠢᠨ ᠲᠣᠭᠤᠷᠢᠨ ᠤ ᠡᠷᠡᠭᠦᠯ ᠬᠠᠮᠠᠭᠠᠯᠠᠯ ᠤᠨ ᠠᠵᠢᠯᠴᠢᠨ ᠪᠤᠯᠵᠤ᠂ ᠬᠢᠶ᠎ᠠ ᠪᠠᠭᠰᠢ ᠬᠤᠶᠢᠲᠤ ᠲᠣᠭᠤᠷᠢᠭ ᠤᠨ ᠵᠡᠭᠦᠨ ᠬᠡᠰᠡᠭ ᠣᠷᠣᠨ ᠤ ᠣᠷᠴᠢᠨ ᠲᠣᠭᠤᠷᠢᠨ ᠤ ᠡᠷᠡᠭᠦᠯ ᠬᠠᠮᠠᠭᠠᠯᠠᠯ ᠤᠨ ᠠᠵᠢᠯ ᠢ ᠬᠠᠷᠢᠭᠤᠴᠠᠨ ᠬᠢᠪᠠ᠃ ︽ᠬᠢᠬᠦ ᠠᠵᠢᠯ ᠲᠠᠢ᠂ ᠵᠣᠭᠤᠰ ᠣᠯᠵᠤ ᠳᠡᠶᠢᠯᠬᠦ ᠮᠦᠷᠲᠡᠭᠡᠨ ᠭᠡᠷ ᠠᠴᠠ ᠪᠠᠨ ᠤᠢᠢᠷ᠎ᠠ ᠪᠠᠶᠢᠳᠠᠭ︾᠎ ᠲᠤᠨᠢ ᠸᠠᠩ ᠭᠧᠨ ᠭᠤᠸᠠᠡ ᠰᠡᠳᠬᠢᠯ ᠬᠠᠨᠤᠮᠵᠢᠲᠠᠶ ᠪᠠᠶᠢᠯ᠎ᠠ᠃ ᠬᠤᠳᠠ ᠳᠤ ᠰᠢᠯᠵᠢᠵᠦ ᠢᠷᠡᠭᠡᠳ ᠪᠦᠬᠦᠯᠢ ᠠᠷᠪᠠᠨ ᠵᠢᠯ ᠪᠤᠯᠵᠤ᠂ ᠠᠵᠢᠯ ᠳᠠᠭᠠᠨ ᠴᠢᠷᠮᠠᠶᠢᠯᠭ᠎ᠠ ᠲᠠᠢ᠂ ᠵᠣᠪᠠᠭᠤᠷᠢ ᠵᠦᠳᠡᠭᠦᠷᠢ ᠶᠢ ᠳᠠᠭᠠᠭᠠᠳᠠᠭ ᠸᠠᠩ ᠭᠧᠨ ᠬᠤᠸᠡᠨ ᠺᠣᠮᠫᠠᠨᠢ ᠳᠠᠭᠠᠨ ᠮᠠᠰᠢ ᠲᠦᠷᠭᠡᠨ ᠢᠶᠠᠷ ︽ᠵᠡᠷᠭᠡ ᠳᠡᠪᠰᠢᠵᠦ︾᠂ ᠬᠤᠶᠢᠲᠤ ᠲᠣᠭᠤᠷᠢᠭ ᠤᠨ ᠵᠡᠭᠦᠨ ᠬᠡᠰᠡᠭ ᠤᠷᠤᠨ ᠤ ᠳᠠᠷᠤᠭ᠎ᠠ ᠪᠤᠯᠵᠤ᠂ ᠬᠤᠶᠢᠲᠤ ᠲᠣᠭᠤᠷᠢᠭ ᠤᠨ ᠵᠡᠭᠦᠨ ᠬᠡᠰᠡᠭ ᠤᠷᠤᠨ ᠤ ᠣᠷᠴᠢᠨ ᠲᠣᠭᠤᠷᠢᠨ ᠤ ᠡᠷᠡᠭᠦᠯ ᠬᠠᠮᠠᠭᠠᠯᠠᠯ ᠤᠨ ᠬᠠᠮᠢᠶᠠᠷᠤᠯᠲᠠ ᠶᠢ ᠬᠠᠷᠢᠭᠤᠴᠠᠵᠤ᠂ 50 ᠭᠠᠷᠤᠶ ᠣᠷᠴᠢᠨ ᠲᠣᠭᠤᠷᠢᠨ ᠤ ᠡᠷᠡᠭᠦᠯ ᠬᠠᠮᠠᠭᠠᠯᠠᠯ ᠤᠨ ᠠᠵᠢᠯᠴᠢᠨ ᠤ ᠡᠳᠦᠷ ᠲᠤᠳᠤᠮ ᠤᠨ ᠠᠵᠢᠯ ᠢ ᠲᠣᠬᠢᠷᠠᠭᠤᠯᠳᠠᠭ᠃ ᠲᠡᠷᠡ ᠪᠠᠰᠠ ᠮᠠᠰᠢᠨ ᠲᠡᠷᠭᠡ ᠬᠤᠳᠠᠯᠳᠤᠨ ᠠᠪᠴᠤ᠂ ᠡᠳᠦᠷ ᠪᠦᠷᠢ ᠲᠡᠷᠭᠡ ᠪᠠᠨ ᠵᠢᠯᠣᠭᠤᠳᠤᠨ ᠬᠤᠪᠢᠶᠠᠷᠢᠯᠠᠨ ᠬᠠᠮᠢᠶᠠᠷᠤᠭᠰᠠᠨ ᠲᠣᠭᠤᠷᠢᠭ ᠢᠶᠠᠨ ᠲᠣᠭᠤᠷᠢᠨ ᠪᠠᠶᠢᠴᠠᠭᠠᠳᠠᠭ ᠪᠠᠶᠢᠨ᠎ᠠ᠃      ᠤᠳᠤ ᠠᠮᠢᠳᠤᠷᠠᠯ ᠳᠠᠭᠠᠨ ᠶᠠᠮᠠᠷᠴᠤ ᠵᠣᠪᠠᠭ᠋ᠤ ᠤᠴᠢᠷ ᠦᠭᠡᠢ ᠪᠤᠯᠤᠭᠰᠠᠨ ᠸᠠᠩ ᠭᠧᠨ ᠬᠤᠸᠡᠨ ᠤ ᠴᠢᠷᠠᠢ ᠳᠤ ᠪᠠᠶᠠᠷ ᠤᠨ ᠢᠨᠢᠶᠡᠮᠰᠦᠭᠯᠠᠯ ᠲᠤᠳᠤᠷᠠᠵᠤ ᠪᠠᠶᠢᠯ᠎ᠠ᠃
 
ᠢᠷᠡᠯᠲᠡ᠄ ᠤᠷᠳᠤᠰ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号