ᠤᠷᠠᠨ ᠵᠢᠷᠤᠭ ᠤᠨ ᠬᠦᠰᠡᠯ ᠬᠦᠭᠡᠭᠡᠴᠡᠯᠳᠤᠯ
ᠨᠡᠶᠢᠲᠡᠯᠡᠭᠰᠡᠨ ᠴᠠᠭ᠄
2021/10/10
     ᠠᠪᠢᠶᠠᠰ ᠪᠢᠯᠢᠭ ᠭᠡᠳᠡᠭ ᠪᠣᠯ ᠶᠠᠷᠤ ᠨᠢ ᠡᠵᠢ ᠠᠴᠠ ᠮᠡᠨᠳᠤᠯᠡᠭᠦ ᠳᠤ ᠪᠤᠷᠬᠠᠨ ᠠᠴᠠ ᠬᠠᠶᠢᠷᠠᠯᠠᠭᠰᠠᠨ ᠪᠡᠯᠡᠭ ᠶᠤᠮ᠃ ᠦᠤᠰᠢᠨᠵᠤᠤ ᠪᠠᠯᠭᠠᠰᠤᠨ ᠤ ᠦᠤᠰᠢᠨᠵᠤᠤ ᠭᠠᠴᠠᠭᠠᠨ ᠳᠤ ᠲᠦᠷᠦᠭᠰᠡᠨ ᠲᠠᠨ᠎ᠠ ᠪᠠᠭ᠎ᠠ ᠨᠠᠰᠤᠨ ᠳᠠᠭᠠᠨ ᠡᠯᠡᠰᠤ ᠮᠠᠩᠬ᠎ᠠ᠂ ᠵᠦᠯᠭᠡ ᠴᠡᠶᠢᠳᠠᠮ᠂ ᠦᠡᠭᠭᠡ ᠶᠢᠨ ᠴᠡᠴᠡᠭ᠂ ᠵᠦᠢᠯ ᠤᠨ ᠡᠷᠪᠡᠭᠡᠢ ᠲᠠᠢ ᠲᠣᠭᠯᠠᠨ ᠠᠪᠤ ᠡᠵᠢ ᠲᠠᠢ ᠪᠠᠨ ᠬᠤᠨᠢ ᠬᠤᠷᠠᠭ᠎ᠠ ᠪᠠᠨ ᠬᠠᠷᠢᠭᠤᠯᠵᠤ ᠶᠠᠪᠤᠬᠤ ᠳᠠᠭᠠᠨ ᠮᠠᠩᠬᠠᠨ ᠤᠷᠤᠢ ᠳᠤ ᠡᠯᠳᠡᠪ ᠵᠦᠢᠯ ᠤᠨ ᠵᠢᠷᠤᠭ ᠵᠢᠷᠤᠵᠤ ᠨᠠᠭᠠᠳᠳᠠᠭ ᠪᠠᠶᠢᠭᠰᠠᠨ ᠢᠶᠠᠨ ᠰᠡᠭᠦᠯᠡᠷ ᠨᠢ ᠨᠢᠭᠡ ᠮᠡᠳᠡᠭᠦ ᠳᠤ ᠵᠢᠷᠤᠭ ᠤᠷᠠᠯᠠᠯ ᠳᠤ ᠶᠡᠭᠡ ᠪᠠᠭ᠋ᠠᠳᠠᠢ ᠪᠤᠯᠣᠭᠰᠠᠨ ᠪᠠᠶᠢᠵᠠᠢ᠃      ᠲᠠᠨ᠎ᠠ᠄ ︽2018 ᠣᠨ ᠳᠤ ᠶᠡᠭᠡ ᠰᠤᠷᠭᠠᠭᠤᠯᠢ ᠪᠠᠨ ᠲᠡᠭᠦᠰᠤᠭᠡᠳ ᠤᠷᠠᠨ ᠵᠢᠷᠤᠭ ᠤᠨ ᠲᠤᠰᠬᠠᠢ ᠪᠤᠯᠪᠠᠰᠤᠷᠠᠯ ᠤᠨ ᠠᠩᠭᠢ ᠨᠡᠭᠡᠭᠡᠵᠦ 700 ᠭᠠᠷᠤᠢ ᠰᠤᠷᠤᠭᠴᠢ ᠳᠤ ᠬᠢᠴᠢᠶᠠᠯ ᠤᠷᠤᠵᠠᠢ᠃ ᠡᠭᠦᠨ ᠤ ᠴᠢᠯᠥᠭᠡ ᠵᠠᠪ ᠢᠶᠠᠷ ᠢᠶᠠᠨ ᠡᠯᠡᠰᠤᠨ ᠵᠢᠷᠤᠭ᠂ ᠲᠤᠰᠤᠨ ᠵᠢᠷᠤᠭ᠂ ᠪᠤᠷᠣ ᠵᠢᠷᠤᠭ ᠵᠡᠷᠭᠡ ᠶᠢ ᠵᠢᠷᠤᠳᠠᠭ᠃ ᠤᠷᠠᠨ ᠵᠢᠷᠤᠭ ᠪᠤᠯ ᠶᠠᠭᠤ ᠶᠢ ᠴᠤ ᠵᠢᠷᠤᠵᠤ ᠢᠯᠡᠳᠬᠡᠵᠤ ᠪᠤᠯᠳᠠᠭ ᠠᠭᠤᠯᠭ᠎ᠠ ᠦᠷᠭᠡᠨ᠂ ᠥᠩᠭᠡ ᠰᠤᠷᠭᠤᠭ ᠰᠠᠶᠢᠬᠠᠨ ᠪᠠᠶᠢᠳᠠᠭ ᠠᠴᠠ ᠪᠢ ᠪᠠᠭ᠎ᠠ ᠨᠠᠰᠤᠨ ᠤ ᠦᠶ᠎ᠡ ᠠᠴᠠ ᠤᠷᠠᠨ ᠵᠢᠷᠤᠭ ᠲᠤ ᠪᠠᠭ᠋ᠠᠳᠠᠢ ᠪᠤᠯᠵᠠᠢ︾ ᠬᠡᠯ᠎ᠡ᠃
     ᠲᠠᠨ᠎ᠠ ᠦᠪᠦᠷ ᠮᠤᠩᠭᠤᠯ ᠤᠨ ᠦᠨᠳᠤᠰᠤᠳᠡᠨ ᠤ ᠶᠡᠭᠡ ᠰᠤᠷᠭᠠᠭᠤᠯᠢ ᠠᠴᠠ ᠤᠷᠠᠨ ᠵᠢᠷᠤᠭ ᠤᠨ ᠲᠤᠰᠬᠠᠢ ᠮᠡᠷᠭᠡᠵᠢᠯ ᠢᠶᠠᠷ ᠲᠡᠭᠦᠰᠴᠤ᠂ ᠦᠪᠡᠷ ᠤᠨ ᠤᠷᠤᠯᠳᠤᠯᠭ᠎ᠠ ᠴᠢᠷᠮᠠᠶᠢᠯᠭ᠎ᠠ ᠪᠠᠷ ᠤᠯᠠᠨ ᠨᠢᠯᠬᠠᠰᠠᠭ ᠪᠥᠳᠤᠭᠡᠯ ᠲᠤᠭᠤᠷᠪᠢᠵᠤ ᠪᠠᠶᠢᠭᠰᠠᠨ ᠨᠢ ᠤᠷᠠᠨ ᠵᠢᠷᠤᠭ ᠤᠨ ᠪᠦᠳᠤᠭᠡᠯᠳᠠ ᠶᠢᠨ ᠵᠢᠩᠭᠢᠨᠢ ᠡᠬᠢᠯᠡᠯᠳᠡ ᠪᠠᠶᠢᠵᠠᠢ᠃ ᠤᠷᠠᠨ ᠵᠢᠷᠤᠭ ᠭᠡᠵᠦ ᠵᠢᠷᠤᠭᠰᠠᠨ ᠬᠦᠮᠦᠨ ᠤ ᠰᠡᠳᠬᠢᠯ ᠢ ᠢᠯᠡᠳᠭᠡᠵᠦ᠂ ᠦᠵᠡᠭᠰᠡᠨ ᠬᠦᠮᠦᠨ ᠳᠤ ᠤᠷᠠᠯᠢᠭ ᠤᠨ ᠬᠦᠷᠳᠡᠭᠡᠯ ᠤᠯᠭᠤᠵᠦ ᠴᠢᠳᠠᠳᠠᠭ ᠷᠢᠳᠢ ᠰᠢᠳᠢ ᠲᠠᠢ ᠭᠠᠶᠢᠬᠠᠮᠰᠢᠭᠳᠤ ᠤᠷᠠᠯᠢᠭ ᠤᠨ ᠳᠠᠯᠠᠰ ᠪᠢᠯᠡ᠃ ᠵᠢᠷᠣᠵᠤ ᠪᠠᠶᠢᠭ᠎ᠠ ᠬᠦᠮᠦᠨ ᠦᠪᠡᠷ ᠤᠨ ᠢᠶᠠᠨ ᠢᠯᠡᠳᠬᠡᠬᠦ ᠭᠡᠵᠦ ᠪᠤᠢ ᠶᠠᠮᠠᠷ ᠨᠢᠭᠡᠨ ᠰᠠᠨᠠᠭ᠎ᠠ ᠠᠬᠤᠢ ᠶᠢ ᠭᠠᠷ ᠤᠨ ᠤᠷᠠᠨ᠂ ᠰᠡᠳᠬᠢᠯ ᠤᠨ ᠤᠬᠠᠭᠠᠨ ᠢᠶᠠᠷ ᠢᠶᠠᠨ ᠵᠢᠷᠤᠭ ᠲᠠᠭᠠᠨ ᠰᠢᠩᠭᠡᠭᠡᠬᠦ ᠳᠤ ᠳᠡᠬᠦᠨ ᠢ ᠨᠢ ᠦᠵᠡᠭᠰᠡᠨ ᠬᠠᠷᠠᠭᠰᠠᠨ ᠬᠦᠮᠦᠰ ᠵᠢᠷᠤᠭ ᠲᠤᠨᠢ ᠰᠤᠭᠲᠤᠭᠤᠷᠠᠵᠤ᠂ ᠵᠢᠷᠤᠭᠰᠠᠨ ᠮᠠᠷᠭᠡᠵᠢᠯ ᠢ ᠨᠢ ᠭᠠᠶᠢᠬᠠᠨ ᠪᠢᠰᠢᠷᠡᠵᠦ᠂ ᠪᠠᠭ᠋ᠠᠳᠤᠯ ᠢᠶᠠᠨ ᠪᠤᠯᠭᠠᠳᠠᠭ ᠪᠦᠭᠡᠳ ᠤᠷᠠᠨ ᠵᠢᠷᠤᠭ ᠠᠴᠠ ᠨᠢ ᠤᠷᠠᠯᠢᠭ ᠤᠨ ᠬᠦᠷᠳᠡᠭᠡᠯ᠂ ᠤᠶᠤᠨ ᠤ ᠰᠢᠮ᠎ᠡ ᠶᠢ ᠤᠯᠳᠠᠭ ᠪᠤᠯᠬᠤᠷ ᠤᠷᠠᠨ ᠵᠢᠷᠤᠭ ᠨᠢ ᠬᠡᠨ ᠬᠦᠮᠦᠨ ᠳᠤ ᠴᠤ ᠭᠡᠰᠡᠨ ᠲᠠᠭᠠᠰᠢᠶᠠᠭᠳᠠᠳᠠᠭ ᠤᠷᠠᠯᠢᠭ ᠪᠤᠯᠤᠭᠰᠠᠨ ᠶᠤᠮ᠃ ᠶᠠᠷᠤ ᠨᠢ ᠬᠦᠮᠦᠨ ᠦᠪᠡᠷ ᠤᠨ ᠲᠤᠷᠠᠳᠠᠢ ᠪᠠᠭ᠋ᠠᠳᠠᠢ ᠠᠵᠢᠯ ᠦᠢᠯᠡᠰ ᠢᠶᠠᠨ ᠬᠢᠵᠤ ᠤᠷᠤᠯᠳᠤᠵᠤ ᠶᠠᠪᠤᠬᠤ ᠳᠤ ᠮᠠᠰᠢ ᠶᠡᠭᠡ ᠵᠣᠯ ᠵᠢᠷᠭᠠᠯ ᠲᠠᠢ ᠰᠠᠨᠠᠭᠳᠠᠳᠠᠭ ᠠᠵᠢ ᠃ ᠤᠷᠠᠨ ᠵᠢᠷᠤᠭ ᠲᠤ ᠶᠠᠭᠠᠬᠢᠬᠤ ᠶᠢᠨ ᠠᠷᠭ᠎ᠠ ᠦᠭᠡᠢ ᠬᠤᠷᠤᠬᠠᠢ ᠲᠠᠢ ᠲᠠᠨ᠎ᠠ ᠡᠨᠡ ᠵᠢᠯ ᠤᠨ 7 ᠰᠠᠷ᠎ᠠ ᠠᠴᠠ ᠡᠬᠢᠯᠡᠵᠦ ᠦᠪᠡᠷ ᠤᠨ ᠤᠷᠠᠨ ᠵᠢᠷᠤᠭ ᠤᠨ ᠲᠤᠰᠬᠠᠢ ᠮᠡᠷᠭᠡᠵᠢᠯ ᠤᠨ ᠰᠠᠭᠤᠷᠢᠨ ᠲᠡᠭᠡᠷ᠎ᠡ ᠡᠯᠡᠰᠤᠨ ᠵᠢᠷᠤᠭ ᠢ ᠤᠷᠤᠯᠳᠤᠨ ᠡᠬᠢᠯᠡᠵᠦ ᠪᠢᠯᠡ᠃ ᠲᠠᠨ᠎ᠠ ᠬᠠᠮᠤᠭ ᠤᠨ ᠠᠩᠬ᠎ᠠ ᠦᠪᠡᠷ ᠢᠶᠠᠨ ᠡᠯᠡᠰᠤᠨ ᠵᠢᠷᠤᠭ ᠢ ᠤᠷᠤᠯᠳᠤᠨ ᠬᠢᠵᠦ ᠪᠠᠶᠢᠭ᠎ᠠ ᠪᠤᠯᠬᠤᠷ ᠲᠡᠷᠡ ᠨᠤᠳᠤᠭ ᠤᠰᠤᠨ ᠤ ᠥᠩᠭᠡ ᠦᠵᠡᠮᠵᠢ᠂ ᠠᠳᠤᠭᠤ ᠮᠠᠯ᠂ ᠤᠨᠴᠠᠯᠢᠭᠳᠤ ᠰᠦᠯᠵᠢᠶᠠᠨ ᠤᠳᠤᠳ ᠵᠡᠷᠭᠡ ᠶᠢ ᠦᠪᠡᠷ ᠤᠨ ᠤᠷᠠᠨ ᠰᠡᠳᠬᠢᠮᠵᠢ᠂ ᠬᠤᠯᠪᠤᠨ ᠪᠤᠳᠣᠯᠳᠠ ᠪᠠᠷ ᠢᠶᠠᠨ ᠤᠷᠠᠯᠠᠨ ᠬᠢᠳᠡᠭ ᠪᠠᠶᠢᠨ᠎ᠠ᠃ ᠲᠠᠨ᠎ᠠ᠄ ︽ᠦᠤᠰᠢᠨᠵᠤᠤ ᠳᠤ ᠡᠯᠡᠰᠤ ᠮᠠᠩᠬᠠᠨ ᠤ ᠬᠡᠪᠴᠢᠶ᠎ᠡ ᠨᠡᠯᠢᠶᠡᠳ ᠪᠠᠶᠢᠳᠠᠭ᠂ ᠪᠢ ᠡᠨᠡ ᠭᠦ ᠡᠯᠡᠰᠤᠨ ᠨᠤᠲᠤᠭ ᠲᠡᠭᠡᠷ᠎ᠡ ᠦᠰᠦᠭᠰᠡᠨ ᠪᠤᠯᠬᠤᠷ ᠡᠯᠡᠰᠤ ᠪᠠᠷ ᠶᠠᠭᠤ ᠨᠢᠭᠡ ᠶᠢ ᠬᠢᠶ᠎ᠡ ᠭᠡᠵᠦ ᠪᠤᠳᠤᠭᠠᠳ ᠡᠨᠡ ᠵᠢᠯ ᠠᠴᠠ ᠡᠬᠢᠯᠡᠵᠦ ᠡᠯᠡᠰᠤᠨ ᠵᠢᠷᠤᠭ ᠤᠷᠤᠯᠳᠤᠵᠤ ᠡᠬᠢᠯᠡᠵᠡᠢ᠃ ᠬᠠᠮᠤᠭ ᠤᠨ ᠠᠩᠬ᠎ᠠ ᠡᠯᠡᠰᠤᠨ ᠵᠢᠷᠤᠭ ᠢ ᠤᠷᠤᠯᠳᠤᠬᠤ ᠳᠤ ᠲᠤᠰᠬᠠᠢ ᠪᠠᠭᠰᠢ ᠪᠠᠶᠢᠬᠤ ᠦᠭᠡᠢ᠂ ᠮᠡᠷᠭᠡᠵᠢᠯ ᠬᠦᠷᠦᠯᠴᠡᠭᠦ ᠦᠭᠡᠢ ᠵᠡᠷᠭᠡ ᠤᠯᠠᠨ ᠵᠦᠢᠯ ᠤᠨ ᠬᠦᠴᠢᠷᠳᠡᠯ ᠲᠤᠯᠭᠠᠷᠠᠵᠤ ᠪᠠᠶᠢᠵᠠᠢ᠃ ᠲᠡᠭᠡᠭᠦ ᠳᠤ ᠪᠢ ᠰᠦᠯᠵᠢᠶ᠎ᠡ᠂ ᠨᠣᠮ ᠰᠤᠳᠣᠷ ᠠᠴᠠ ᠡᠯᠡᠰᠤᠨ ᠵᠢᠷᠤᠭ ᠢ ᠬᠢᠭᠦ ᠠᠷᠭ᠎ᠠ ᠪᠠᠷᠢᠯ ᠢ ᠰᠤᠷᠤᠯᠴᠠᠵᠠᠢ᠃ ᠪᠢ ᠡᠯᠡᠰᠦᠨ ᠵᠢᠷᠤᠭ ᠤᠨ ᠪᠦᠳᠤᠭᠡᠯ ᠳᠡᠭᠡᠨ ᠤᠯᠠᠩᠬᠢ ᠳᠠᠭᠠᠨ ᠬᠦᠮᠦᠨ ᠤ ᠵᠢᠷᠤᠭ ᠪᠤᠯᠤᠨ ᠨᠤᠳᠤᠭ ᠤᠰᠤᠨ ᠤ ᠥᠩᠭᠡ ᠦᠵᠡᠮᠵᠢ ᠶᠢ ᠵᠢᠷᠤᠬᠯᠠᠳᠠᠭ᠃ ᠵᠢᠱᠢᠶᠠᠯᠠᠪᠠᠯ ᠤᠷᠳᠤᠰ ᠨᠤᠲᠤᠭ ᠲᠠᠢ ᠰᠦᠯᠵᠢᠶᠠᠨ ᠤᠳᠤᠨ ᠣᠶᠢᠯᠠᠰᠴᠢ ᠶᠢᠨ ᠢᠨᠢᠶᠠᠳᠤ ᠶᠡᠭᠡ ᠤᠨᠴᠠᠯᠢᠭ ᠲᠠᠢ ᠪᠠᠶᠢᠳᠠᠭ ᠠᠴᠠ ᠲᠡᠭᠦᠨ ᠢ ᠵᠢᠷᠤᠳᠠᠭ᠃ ᠪᠠᠰᠠ ᠮᠠᠨ ᠤ ᠤᠷᠳᠤᠰ ᠤᠨ ᠪᠦᠵᠢᠭᠴᠢᠨ ᠴᠢᠨᠠᠳᠤ ᠶᠡᠭᠡ ᠶᠦᠮᠦᠷᠯᠢᠭ ᠪᠠᠶᠢᠳᠠᠭ ᠠᠴᠠ ᠡᠳᠡᠭᠡᠷ ᠨᠤᠲᠤᠭ ᠤᠨ ᠬᠦᠮᠦᠰ ᠢ ᠵᠢᠷᠤᠳᠠᠭ︾ ᠬᠡᠯ᠎ᠡ᠃
     ᠦᠨᠢᠷ ᠪᠠᠶᠠᠯᠢᠭ ᠦᠦᠰᠢᠨ ᠨᠤᠲᠤᠭ ᠤᠨ ᠢᠶᠠᠨ ᠤᠩᠭᠤᠨ ᠪᠠᠶᠢᠭᠠᠯᠢ ᠶᠢᠨ ᠰᠦᠷᠯᠢᠭ ᠰᠠᠶᠢᠬᠠᠨ ᠦᠵᠡᠮᠵᠢ ᠪᠦᠬᠦᠨ ᠢ ᠬᠠᠷᠠᠭ᠎ᠠ ᠰᠡᠳᠬᠢᠯ ᠢᠶᠠᠷ ᠢᠶᠠᠨ ᠮᠡᠳᠡᠷᠡᠵᠦ᠂ ᠡᠨᠡ ᠪᠦᠬᠦᠨ ᠢ ᠪᠠᠨ ᠤᠷᠠᠨ ᠰᠠᠨᠠᠭ᠎ᠠ᠂ ᠤᠷᠠᠨ ᠪᠦᠳᠤᠭᠡᠯ ᠢᠶᠠᠷ ᠢᠶᠠᠨ ᠦᠷᠭᠡᠨ ᠲᠦᠮᠡᠨ ᠳᠡᠭᠡᠨ ᠬᠦᠷᠳᠡᠭᠡᠯ ᠪᠤᠯᠭᠠᠵᠤ ᠲᠡᠪᠰᠢᠭᠦᠯᠭᠦ ᠨᠢ ᠪᠦᠳᠤᠭᠡᠯᠴᠢ ᠬᠦᠮᠦᠨ ᠤ ᠪᠠᠭ᠋ᠠᠳᠤᠯ ᠪᠠᠶᠢᠵᠤ ᠲᠠᠭᠠᠷᠠᠨ᠎ᠠ᠃ ᠨᠤᠳᠤᠭ ᠤᠨ ᠬᠢᠨᠢ ᠡᠪᠡᠰᠤ ᠤᠷᠭᠤᠮᠠᠯ᠂ ᠬᠤᠨᠢ ᠮᠠᠯ᠂ ᠡᠯᠡᠰᠤ ᠮᠠᠩᠬ᠎ᠠ ᠪᠥᠭᠦᠨ ᠨᠢ ᠲᠠᠨ᠎ᠠ ᠶᠢᠨ ᠨᠢᠳᠣᠨ ᠳᠤ ᠤᠷᠠᠯᠢᠭ ᠪᠤᠯᠵᠣ ᠬᠠᠷᠠᠭᠳᠠᠳᠠᠭ᠃ ᠲᠡᠭᠡᠭᠦ ᠪᠠᠷ ᠴᠢᠯᠥᠭᠡ ᠵᠠᠪ ᠢᠶᠠᠷ ᠬᠦᠳᠡᠭᠡ ᠳᠡᠭᠡᠨ ᠬᠠᠷᠢᠪᠠᠯ ᠮᠠᠩᠬᠠᠨ ᠤᠷᠤᠢ ᠲᠡᠭᠡᠷ᠎ᠡ ᠵᠢᠷᠤᠭ ᠵᠢᠷᠤᠬᠤ ᠶᠢᠨ ᠬᠠᠮᠳᠤ ᠨᠤᠳᠤᠭ ᠤᠨ ᠨᠠᠷᠢᠯᠢᠭ ᠡᠯᠡᠰᠤ ᠶᠢ ᠰᠤᠩᠭᠤᠨ ᠠᠪᠴᠤ ᠡᠯᠡᠰᠦᠨ ᠵᠢᠷᠤᠭ ᠤᠨ ᠪᠦᠳᠤᠭᠡᠯ ᠳᠡᠭᠡᠨ ᠭᠡᠷᠡᠭᠯᠡᠵᠦ᠂ ᠬᠠᠷᠠᠭᠰᠠᠨ ᠪᠥᠭᠦᠨ ᠳᠤ ᠭᠤᠸ᠎ᠠ ᠰᠠᠶᠢᠬᠠᠨ ᠤ ᠬᠦᠷᠳᠡᠭᠡᠯ ᠢ ᠲᠡᠪᠰᠢᠭᠦᠯᠳᠡᠭ ᠪᠠᠶᠢᠨ᠎ᠠ᠃
     ᠲᠠᠨ᠎ᠠ ᠶᠢᠨ ᠠᠪᠤ ᠨᠢ᠄ ︽ᠮᠠᠨ ᠤ ᠦᠬᠢᠨ ᠤᠷᠠᠨ ᠵᠢᠷᠤᠭ ᠲᠤ ᠪᠠᠭ᠋ᠠᠲᠠᠢ ᠪᠤᠯᠬᠤᠷ ᠠᠪᠤ ᠡᠵᠢ ᠪᠤᠯᠤᠬᠰᠠᠨ ᠪᠢᠳᠠ ᠡᠳᠡᠭᠡᠷ ᠵᠢᠯ ᠤᠳ ᠲᠤ ᠲᠤᠰᠠᠯᠠᠵᠤ ᠲᠡᠮᠵᠢᠵᠤ ᠬᠠᠷᠠᠭᠠᠯᠵᠠᠵᠤ ᠶᠠᠪᠤᠯ᠎ᠠ᠃ ᠪᠢᠳᠠ ᠴᠤ ᠬᠡᠤᠬᠡᠨ ᠤ ᠪᠠᠨ ᠡᠨᠡ ᠬᠦ ᠦᠢᠯᠡᠰ ᠲᠤ ᠤᠮᠤᠬᠰᠢᠵᠤ ᠪᠠᠶᠢᠨ᠎ᠠ︾ ᠬᠡᠯ᠎ᠡ᠃      ᠴᠢᠷᠮᠠᠶᠢᠯᠭ᠎ᠠ ᠬᠦᠮᠣᠨ ᠢ ᠭᠤᠮᠣᠳᠠᠭᠠᠳᠠᠭ ᠦᠭᠡᠢ᠂ ᠬᠠᠷᠢᠨ ᠲᠡᠭᠦᠨ ᠢ ᠠᠮᠵᠢᠯᠳᠠ ᠪᠦᠳᠦᠭᠡᠯ ᠤᠨ ᠠᠯᠳᠠᠨ ᠲᠠᠶᠢᠰᠠᠨ᠎ᠠ ᠭᠠᠷᠭᠠᠳᠠᠭ᠃ ᠲᠠᠨ᠎ᠠ ᠣᠷᠠᠯᠢᠭ ᠢᠶᠠᠷ ᠬᠦᠭᠡᠭᠡᠴᠡᠯᠳᠣᠯ ᠢᠶᠠᠨ ᠪᠣᠯᠭᠠᠨ᠂ ᠣᠷᠠᠨ ᠵᠢᠷᠤᠭ ᠲᠠᠢ ᠣᠴᠠᠷᠠᠯ ᠪᠠᠷᠢᠯᠳᠣᠯᠭ᠎ᠠ ᠪᠠᠨ ᠬᠤᠯᠪᠤᠵᠦ᠂ ᠠᠮᠠᠷᠠᠵᠦ ᠰᠡᠯᠡᠬᠦᠴᠡᠬᠦ ᠠᠯᠢ ᠪᠦᠬᠦᠢ ᠴᠠᠭ ᠵᠠᠢ ᠪᠠᠨ ᠤᠷᠠᠨ ᠵᠢᠷᠤᠭ ᠤᠨ ᠤᠶᠢᠯᠡᠰ ᠲᠡᠭᠡᠨ ᠵᠤᠷᠢᠭᠤᠯᠵᠦ᠂ ᠤᠬᠠᠭ᠎ᠠ᠂ ᠤᠶᠤᠨ᠂ ᠤᠷᠮ᠎ᠠ ᠰᠡᠳᠬᠢᠯᠭᠡ ᠠᠯᠢ ᠪᠦᠬᠦᠨ ᠢᠶᠠᠨ ᠤᠷᠠᠨ ᠵᠢᠷᠤᠭ ᠲᠤ ᠠᠭᠤᠰᠬᠠᠵᠦ᠂ ᠤᠷᠠᠨ ᠪᠥᠲᠦᠭᠡᠯ ᠤᠳ ᠢᠶᠠᠨ ᠲᠤᠭᠤᠷᠪᠢᠭᠰᠠᠭᠠᠷ ᠢᠷᠡᠭᠡᠳᠦᠢ ᠶᠢᠨ ᠵᠠᠮ ᠢᠶᠠᠨ ᠬᠡᠬᠡᠷᠡᠭᠦᠯᠵᠤ ᠶᠠᠪᠤᠨ᠎ᠠ᠃
 
ᠢᠷᠡᠯᠲᠡ᠄ ᠤᠷᠳᠤᠰ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号