22 ᠵᠢᠯ ᠤᠨ ᠡᠳᠦᠷ ᠤᠨ ᠲᠡᠮᠲᠡᠭᠯᠡᠯ ᠲᠠᠢ ᠠᠮᠤᠷᠵᠢᠷᠭᠠᠯ ᠨᠠᠰᠤᠲᠠᠨ
ᠨᠡᠶᠢᠲᠡᠯᠡᠭᠰᠡᠨ ᠴᠠᠭ᠄
2021/11/1
     ᠶᠡᠷᠦ ᠶᠢᠨ ᠨᠢᠭᠡ ᠬᠦᠮᠦᠨ ᠳᠤ ᠠᠪᠴᠤ ᠬᠡᠯᠡᠪᠡᠯ ᠵᠢᠵᠢᠭᠬᠡᠨ ᠶᠠᠪᠤᠳᠠᠯ ᠢ ᠡᠳᠦᠷ ᠪᠤᠯᠭᠠᠨ ᠬᠢᠬᠦ ᠶᠢ ᠪᠠᠷᠢᠮᠲᠠᠯᠠᠵᠤ ᠂ ᠠᠮᠢᠳᠤᠷᠠᠯ ᠤᠨ ᠢᠶᠠᠨ ᠳᠠᠳᠬᠠᠯ ᠪᠤᠯᠭᠠᠨ ᠲᠦᠯᠦᠪᠰᠢᠭᠦᠯᠬᠦ ᠨᠢ ᠬᠢᠯᠪᠠᠷ ᠪᠤᠰᠤ ᠶᠠᠪᠤᠳᠠᠯ ᠪᠢᠯᠡ᠃ ᠭᠡᠬᠦ ᠳᠤ ᠠᠮᠤᠷᠵᠢᠷᠭᠠᠯ ᠨᠠᠰᠤᠲᠠᠨ ᠦᠷᠯᠦᠭᠡ ᠪᠦᠷᠢ ᠡᠳᠦᠷ ᠤᠨ ᠲᠡᠮᠲᠡᠭᠯᠡᠯ ᠪᠢᠴᠢᠵᠦ᠂ ᠡᠭᠦᠨ ᠢᠶᠠᠨ 22 ᠵᠢᠯ ᠪᠠᠷᠢᠮᠲᠠᠯᠠᠭᠰᠠᠭᠠᠷ ᠢᠷᠡᠵᠡᠢ᠃      ᠦᠦᠰᠢᠨ ᠬᠤᠰᠢᠭᠤᠨ ᠤ ᠲᠤᠭ ᠪᠠᠯᠭᠠᠰᠤᠨ ᠤ ᠲᠤᠪᠤᠭ ᠭᠠᠴᠠᠭᠠᠨ ᠤ ᠠᠬᠠᠮᠠᠳ ᠨᠠᠮ ᠤᠨ ᠭᠡᠰᠢᠭᠦᠨ ᠠᠮᠤᠷᠵᠢᠷᠭᠠᠯ ᠨᠠᠰᠤᠲᠠᠨ 1999 ᠤᠨ ᠠᠴᠠ ᠡᠬᠢᠯᠡᠨ ᠨᠢᠭᠡ ᠡᠳᠦᠷ ᠢ ᠴᠤ ᠤᠰᠤᠯᠳᠠᠯ ᠦᠭᠡᠢ ᠡᠳᠦᠷ ᠲᠤᠳᠤᠮ ᠤᠨ ᠠᠵᠢᠯ ᠠᠮᠢᠳᠤᠷᠠᠯ ᠤᠨ ᠲᠤᠭᠤᠷᠢᠨ ᠲᠠᠬᠢ ᠤᠴᠢᠷ ᠶᠠᠪᠤᠳᠠᠯ ᠢᠶᠠᠨ ᠲᠡᠮᠲᠡᠭᠯᠡᠨ ᠪᠢᠴᠢᠬᠦ ᠶᠢ ᠤᠳᠤ ᠪᠤᠯᠲᠠᠯ᠎ᠠ ᠪᠠᠷᠢᠮᠲᠠᠯᠠᠵᠤ᠂ ᠪᠤᠰᠤᠳ ᠤᠨ ᠰᠤᠷᠤᠯᠴᠠᠭᠤᠰᠢᠲᠠᠢ ᠦᠢᠯᠡ ᠠᠵᠢᠯᠯᠠᠭ᠎ᠠ ᠪᠤᠯᠤᠭᠰᠠᠨ ᠪᠠᠶᠢᠨ᠎ᠠ᠃
     ᠠᠮᠤᠷᠵᠢᠷᠭᠠᠯ 1933 ᠤᠨ ᠳᠤ ᠡᠵᠢ ᠶᠢᠨ ᠢᠶᠠᠨ ᠬᠠᠮᠤᠭ ᠤᠨ ᠪᠠᠭ᠎ᠠ ᠬᠦᠦ ᠨᠢ ᠪᠤᠯᠵᠤ ᠲᠦᠷᠦᠵᠡᠢ᠃ ᠭᠡᠪᠡᠴᠦ ᠳᠦᠩᠭᠡᠵᠦ 7 ᠰᠠᠷ᠎ᠠ ᠲᠠᠢ ᠪᠠᠶᠢᠬᠤ ᠳᠤᠨᠢ ᠡᠵᠢ ᠨᠢ ᠨᠠᠰᠤ ᠪᠠᠷᠠᠭᠰᠠᠨ ᠪᠤᠯᠬᠤᠷ ᠲᠡᠷᠡ ᠡᠵᠢ ᠶᠢᠨ ᠬᠢᠨᠢ ᠲᠡᠵᠢᠭᠡᠪᠤᠷᠢ ᠳᠡᠭᠦᠦ ᠶᠢᠨ ᠭᠠᠷ ᠳᠡᠭᠡᠷ᠎ᠡ ᠦᠰᠴᠡᠢ᠃ 12 ᠨᠠᠰᠤᠲᠠᠢ ᠳᠠᠭᠠᠨ ᠪᠠᠭ᠎ᠠ ᠰᠤᠷᠭᠠᠭᠤᠯᠢ ᠳᠤ ᠤᠷᠤᠵᠤ᠂ ᠮᠤᠩᠭᠤᠯ ᠪᠢᠴᠢᠭ ᠰᠤᠷᠴᠤ ᠡᠬᠢᠯᠡᠨ ᠴᠢᠨᠠᠭᠰᠢᠯᠠᠨ ᠬᠤᠰᠢᠭᠤ ᠠᠶᠢᠮᠠᠭ ᠤᠨ ᠰᠤᠷᠭᠠᠭᠤᠯᠢ ᠳᠤ ᠰᠠᠭᠤᠵᠤ᠂ ᠦᠷᠭᠦᠯᠵᠢᠯᠡᠨ ᠪᠢᠴᠢᠭ ᠰᠤᠶᠤᠯ ᠤᠨ ᠮᠦᠷ ᠢ ᠬᠦᠭᠡᠭᠡᠵᠡᠢ᠃ 1951 ᠤᠨ ᠳᠤ ᠡᠪᠡᠳᠴᠢᠨ ᠡᠮᠬᠡᠭ ᠠᠴᠠ ᠪᠤᠯᠵᠤ ᠨᠤᠲᠤᠭ ᠲᠠᠭᠠᠨ ᠪᠤᠴᠠᠵᠤ᠂ ᠭᠠᠴᠠᠭᠠᠨ ᠤ ᠪᠠᠨ ᠨᠠᠷᠢᠨ ᠪᠢᠴᠢᠭᠡᠴᠢ ᠶᠢᠨ ᠠᠵᠢᠯ ᠢ ᠬᠢᠪᠡ᠃ 1956 ᠤᠨ ᠳᠤ ᠨᠠᠮ ᠳᠤ ᠡᠯᠰᠡᠭᠳᠡᠵᠦ᠂ ᠬᠠᠩᠭᠠᠯᠭ᠎ᠠ ᠶᠢᠨ ᠬᠤᠷᠰᠢᠶ᠎ᠠ ᠶᠢᠨ ᠪᠠᠷᠠᠭ᠎ᠠ ᠬᠤᠳᠠᠯᠳᠤᠭᠴᠢ᠂ ᠶᠡᠭᠡ ᠪᠠᠭ᠎ᠠ ᠪᠠᠷᠢᠭᠠᠳᠠ ᠶᠢᠨ ᠳᠠᠷᠤᠭ᠎ᠠ ᠵᠡᠷᠭᠡ ᠤᠯᠠᠨ ᠠᠵᠢᠯ ᠢ ᠬᠢᠵᠦ ᠶᠠᠪᠤᠵᠠᠢ᠃ 1975 ᠤᠨ ᠳᠤ ᠭᠡᠷ ᠲᠡᠭᠡᠨ ᠬᠠᠷᠢᠵᠤ ᠮᠠᠯᠴᠢᠨ ᠤ ᠠᠮᠢᠳᠤᠷᠠᠯ ᠢᠶᠠᠨ ᠡᠬᠢᠯᠡᠭᠦᠯᠵᠡᠢ᠃      ᠠᠮᠤᠷᠵᠢᠷᠭᠠᠯ ᠨᠠᠰᠤᠲᠠᠨ ᠤ ᠡᠳᠦᠷ ᠤᠨ ᠲᠡᠮᠲᠡᠭᠯᠡᠯ ᠠᠴᠠ ᠠᠳᠡ ᠨᠢᠭᠡ ᠬᠡᠰᠡᠭ ᠢ ᠰᠡᠶᠢᠷᠡᠭᠦᠯᠪᠡᠯ᠄ 1999 ᠤᠨ ᠤ 12 ᠰᠠᠷ᠎ᠠ ᠶᠢᠨ 1᠎ ᠤ ᠡᠳᠦᠷ᠂ ᠭᠠᠷᠠᠭ ᠤᠨ ᠭᠤᠷᠪᠠᠨ᠂ ᠲᠡᠭᠷᠢ ᠳᠤᠯᠠᠭᠠᠠ᠂ ᠰᠠᠯᠬᠢᠨ ᠦᠭᠡᠢ᠃ ᠬᠤᠶᠠᠷ ᠤᠮᠪᠤᠯᠤ ᠪᠠᠨ ᠳᠠᠭᠠᠭᠤᠯᠵᠤ ᠦᠦᠰᠢᠨᠵᠤᠤ ᠳᠤ ᠢᠷᠡᠪᠡ᠃ ᠪᠡᠶ᠎ᠡ ᠮᠠᠭᠤ ᠤᠴᠢᠷ ᠠᠴᠠ ᠡᠮᠴᠢ ᠳᠤ ᠦᠵᠡᠭᠦᠯᠦᠭᠡᠳ ᠡᠮ ᠠᠪᠤᠪᠠ ᠭᠡᠵᠤ ᠪᠢᠴᠢᠵᠤ ᠪᠠᠶᠢᠯ᠎ᠠ᠃ ᠲᠡᠷᠡ ᠪᠢᠳᠡᠨ ᠳᠤ᠄ ︽ᠪᠢ ᠮᠠᠷᠭᠠᠰᠢ ᠶᠢᠨ ᠡᠳᠦᠷ ᠤᠨ ᠲᠡᠮᠲᠡᠭᠯᠡᠯ ᠳᠡᠭᠡᠷ᠎ᠡ ᠪᠠᠨ ᠲᠠᠨᠤᠰ ᠤᠨ ᠢᠷᠡᠭᠰᠡᠨ ᠢ ᠲᠡᠮᠲᠡᠭᠯᠡᠵᠦ ᠪᠢᠴᠢᠨ᠎ᠡ︾ ᠭᠡᠵᠦ ᠠᠮᠤᠷᠵᠢᠷᠭᠠᠯ ᠨᠠᠰᠤᠲᠠᠨ ᠪᠢᠳᠠᠨ ᠳᠤ ᠶᠠᠷᠢᠵᠤ ᠪᠠᠶᠢᠯ᠎ᠠ᠃ ︽ᠢᠩᠬᠢᠭᠡᠳ ᠪᠢᠴᠢᠭᠡᠳ ᠲᠠᠯᠪᠢᠴᠢᠬᠠᠪᠠᠯ ᠬᠤᠵᠢᠮ ᠬᠡᠷᠡᠭ ᠲᠤ ᠬᠦᠷᠬᠦ ᠴᠤ ᠶᠤᠮ ᠤᠤ᠂ ᠰᠡᠭᠦᠯᠡᠷ ᠡᠷᠭᠢᠭᠦᠯᠦᠭᠡᠳ ᠦᠵᠡᠴᠢᠬᠡᠬᠦ ᠳᠤᠷᠠᠰᠤᠮᠵᠢ ᠪᠤᠯᠬᠤ ᠶᠤᠮ ᠤᠤ ᠭᠡᠵᠦ ᠪᠤᠳᠤᠭᠠᠳ ᠡᠳᠦᠷ ᠪᠤᠯᠭᠠᠨ ᠪᠢᠴᠢᠬᠦ ᠪᠤᠯᠤᠭᠰᠠᠨ︾ ᠭᠡᠵᠦ ᠡᠳᠦᠷ ᠤᠨ ᠲᠡᠮᠲᠡᠭᠯᠡᠯ ᠪᠢᠴᠢᠭᠰᠡᠨ ᠤᠴᠢᠷ ᠰᠢᠯᠲᠠᠭᠠᠨ ᠢᠶᠠᠨ ᠳᠦᠭᠦᠮ ᠠᠪᠰᠠᠷᠬᠠᠨ ᠬᠡᠯᠡᠪᠡ᠃ ᠠᠮᠤᠷᠵᠢᠷᠭᠠᠯ ᠨᠠᠰᠤᠲᠠᠨ ᠤ ᠡᠨᠡ ᠬᠦ᠋‍ ᠨᠢᠭᠡ ᠠᠵᠢᠯ ᠢ ᠡᠬᠢᠯᠡᠭᠦᠯᠵᠦ ᠬᠢᠭᠡᠳ ᠦᠷᠭᠦᠯᠵᠢ ᠪᠠᠷᠢᠮᠲᠠᠯᠠᠳᠠᠭ ᠵᠤᠷᠢᠭ ᠰᠠᠨᠠᠭ᠎ᠠ ᠶᠢ ᠪᠢᠳᠠ ᠲᠠᠭᠠᠨ ᠰᠤᠷᠤᠯᠴᠠᠵᠤ ᠦᠢᠯᠡᠳᠦᠯᠭᠡᠵᠢᠭᠦᠯᠪᠡᠯ ᠵᠤᠬᠢᠰᠲᠠᠢ᠃      ᠠᠮᠤᠷᠵᠢᠷᠭᠠᠯ ᠨᠠᠰᠤᠲᠠᠨ ᠪᠠᠰᠠ ᠤᠷᠤᠨ ᠨᠤᠲᠤᠭ ᠤᠨ ᠰᠤᠶᠤᠯ ᠲᠡᠤᠬᠡ᠂ ᠵᠠᠩ ᠥᠢᠯᠡ᠂ ᠭᠡᠷ ᠤᠨ ᠴᠠᠳᠢᠭ᠂ ᠰᠢᠯᠦᠭ ᠵᠤᠬᠢᠶᠠᠯ ᠵᠡᠷᠭᠡ ᠠᠭᠤᠯᠭ᠎ᠠ ᠲᠠᠢ ᠨᠤᠮ ᠢ 15 ᠬᠡᠪᠯᠡᠭᠦᠯᠦᠨ ᠳᠠᠷᠬᠠᠭᠠᠵᠠᠢ᠃ ᠲᠡᠷᠡ ᠡᠳᠡᠭᠡᠷ ᠨᠤᠮ ᠵᠤᠬᠢᠶᠠᠯ ᠢᠶᠠᠨ ᠡᠮᠬᠢᠳᠬᠡᠨ ᠪᠢᠴᠢᠬᠦ ᠳᠡᠭᠡᠨ ᠦᠨᠡᠨ ᠪᠤᠳᠠᠲᠠᠢ ᠪᠢᠴᠢᠬᠦ ᠶᠢ ᠬᠠᠮᠤᠭ ᠤᠨ ᠤᠷᠢᠳ ᠢᠶᠠᠷ ᠪᠠᠷᠢᠮᠲᠠᠯᠠᠪᠠ᠃ ︽ᠨᠤᠮ ᠢ ᠬᠡᠪᠯᠡᠭᠦᠯᠦᠭᠡᠳ ᠭᠠᠷᠭᠠᠴᠢᠬᠠᠪᠠᠯ ᠤᠯᠠᠨ ᠬᠦᠮᠦᠨ ᠦᠵᠡᠵᠦ ᠰᠤᠨᠢᠷᠬᠠᠨ᠎ᠠ᠂ ᠬᠡᠷᠪᠡ ᠪᠤᠷᠤᠭᠤ ᠮᠠᠳᠠᠭ ᠲᠠᠢ ᠪᠢᠴᠢᠪᠡᠯ ᠬᠦᠮᠦᠰ ᠲᠤ ᠪᠤᠷᠤᠭᠤ ᠮᠡᠳᠡᠭᠡ ᠵᠠᠩᠭᠢ ᠶᠢ ᠳᠠᠷᠬᠠᠭᠠᠵᠤ᠂ ᠵᠦᠪ ᠪᠤᠷᠤᠭᠤ ᠶᠢ ᠬᠤᠳᠬᠤᠬᠤ ᠪᠤᠯᠤᠨ᠎ᠠ︾ ᠭᠡᠵᠦ ᠶᠠᠷᠢᠪᠠ᠃      ᠠᠮᠤᠷᠵᠢᠷᠭᠠᠯ ᠨᠠᠰᠤᠲᠠᠨ ᠵᠠᠯᠠᠭᠤ ᠨᠠᠰᠤᠨ ᠳᠠᠭᠠᠨ ᠤᠯᠠᠨ ᠬᠠᠯᠠ ᠵᠤᠪᠠᠯᠠᠩ ᠢ ᠠᠮᠰᠠᠭᠰᠠᠨ ᠪᠤᠯᠪᠠᠴᠤ ᠦᠲᠡᠯᠦᠭᠡ ᠨᠠᠰᠤᠨ ᠳᠠᠭᠠᠨ ᠦᠵᠡᠯ ᠪᠤᠳᠤᠯ ᠲᠤᠳᠤᠷᠬᠠᠢ᠂ ᠪᠠᠶ᠎ᠡ ᠮᠠᠬᠠᠪᠤᠳ ᠴᠢᠬᠢᠷᠠᠭ ᠶᠠᠪᠤᠵᠤ᠂ ᠨᠢᠭᠡᠨ ᠠᠵᠢᠯ ᠢ ᠤᠳᠠᠭᠠᠨ ᠵᠢᠯ ᠪᠠᠷᠢᠮᠲᠠᠯᠠᠨ ᠬᠢᠵᠦ ᠢᠷᠡᠭᠰᠡᠨ ᠨᠢ ᠪᠢᠰᠢᠷᠡᠭᠦᠰᠢᠲᠡᠢ᠃
 
ᠢᠷᠡᠯᠲᠡ᠄ ᠤᠷᠳᠤᠰ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号