ᠰᠡᠳᠬᠢᠯ ᠤᠨ ᠬᠥᠨ ᠠᠴᠠ ᠤᠨᠳᠤᠷᠤᠭᠰᠠᠠ ᠤᠶᠠᠩᠭ᠎ᠠ ᠶᠢᠨ ᠡᠬᠡᠰᠢᠭ
ᠨᠡᠶᠢᠲᠡᠯᠡᠭᠰᠡᠨ ᠴᠠᠭ᠄
2021/11/1
        — ᠺᠤᠮᠫᠢᠦ᠋ᠲ᠋ᠧᠷ ᠬᠥᠭᠵᠢᠮ ᠤᠨ ᠵᠤᠬᠢᠶᠠᠯᠴᠢ ᠲ᠊ · ᠠᠯᠳᠠᠨᠪᠠᠭᠠᠨ᠎ᠠ ᠶᠢᠨ ᠲᠤᠬᠠᠢ ᠰᠤᠷᠪᠤᠯᠵᠢᠯᠠᠭ᠎ᠠ
     — ᠤᠷᠠᠯᠢᠭᠴᠢᠨ ᠬᠥᠮᠤᠨ ᠠᠮᠢᠳᠤᠷᠠᠯ ᠲᠠᠢ ᠪᠠᠨ ᠢᠯᠡᠬᠦᠬᠡᠨ ᠤᠢᠢᠷᠠᠳᠴᠤ᠂ ᠥᠨᠳᠤᠰᠤᠳᠡᠨ ᠤ ᠰᠤᠶᠤᠯ ᠢᠶᠠᠨ ᠤᠢᠢᠯᠠᠭᠠᠵᠥ᠂ ᠬᠠᠶᠢᠷᠠᠯᠠᠵᠥ᠂ ᠲᠡᠬᠡᠳᠤᠯᠡᠵᠥ ᠶᠠᠪᠤᠪᠠᠯ ᠵᠤᠬᠢᠶᠠᠨ ᠪᠥᠳᠥᠬᠡᠬᠦ ᠮᠡᠳᠡᠷᠡᠮᠵᠢ ᠥᠪᠡᠷ ᠢᠶᠠᠨ ᠤᠨᠳᠤᠷᠳᠠᠭ᠃      — ᠵᠤᠬᠢᠶᠠᠯ ᠤᠨ ᠲᠠᠭᠤᠤ ᠬᠥᠭᠵᠢᠮ ᠪᠤᠯ ᠴᠠᠭ ᠥᠶ᠎ᠠ ᠶᠢᠨ ᠲᠡᠮᠳᠡᠭᠯᠡᠯ᠂ ᠲᠡᠷᠡ ᠨᠢ ᠬᠤᠵᠢᠮ ᠳᠠᠭᠠᠨ ᠴᠠᠭ ᠥᠶ᠎ᠡ ᠠᠴᠠ ᠬᠤᠴᠤᠷᠴᠤ ᠮᠠᠭᠠᠳ᠂ ᠡᠰᠡᠬᠦᠯ᠎ᠡ ᠴᠠᠭ ᠥᠶ᠎ᠠ ᠪᠠᠨ ᠲᠠᠭᠠᠵᠥ ᠠᠮᠢᠯᠠᠨ ᠬᠥᠭᠵᠢᠬᠦ ᠴᠤ ᠮᠠᠭᠠᠳ᠃ ᠡᠶᠢᠮᠥ ᠠᠴᠠ ᠮᠢᠨᠥ ᠪᠥᠳᠥᠬᠡᠯ ᠤᠳ ᠴᠤ ᠠᠳᠠᠯᠢᠬᠠᠨ᠂ ᠪᠢ ᠥᠪᠡᠷ ᠤᠨ ᠵᠤᠬᠢᠶᠠᠭᠰᠠᠨ ᠪᠥᠳᠥᠬᠡᠯ ᠢᠶᠠᠨ ᠴᠠᠭ ᠥᠶ᠎ᠡ ᠳᠡᠭᠡᠨ ᠲᠤᠯᠢᠯᠠᠭᠤᠯᠵᠥ ᠪᠠᠶᠢᠬᠤ ᠨᠢ ᠡᠨᠡ ᠶᠤᠮ᠃      ᠡᠨᠡ ᠪᠤᠯ ᠠᠯᠳᠠᠨᠪᠠᠭᠠᠨ᠎ᠠ ᠶᠢᠨ ᠤᠷᠠᠨ ᠪᠥᠳᠥᠬᠡᠯ ᠬᠢᠭᠰᠡᠡ ᠮᠡᠳᠡᠷᠡᠮᠵᠢ᠂ ᠤᠢᠢᠯᠠᠭᠠᠯᠳᠡ ᠪᠤᠯᠤᠨ᠎ᠠ᠃      ᠵᠠᠯᠠᠭᠤ ᠤᠷᠠᠨ ᠪᠥᠳᠥᠬᠡᠯᠴᠢ ᠠᠯᠳᠠᠨᠪᠠᠭᠠᠨ᠎ᠠ ᠪᠤᠯ ᠺᠤᠮᠫᠢᠥ᠋ᠲ᠋ᠧᠷ ᠬᠥᠭᠵᠢᠮ ᠤᠨ ᠵᠤᠬᠢᠶᠠᠭᠴᠢ᠂ ᠤᠯᠤᠰ ᠤᠨ ᠭᠤᠷᠪᠠᠳᠤᠭᠠᠷ ᠲᠡᠰ ᠤᠨ ᠬᠥᠭᠵᠢᠮ ᠤᠨ ᠵᠤᠬᠢᠶᠠᠭᠴᠢ ᠶᠤᠮ᠃ ᠥᠥᠰᠢᠨ ᠬᠤᠰᠢᠭᠤᠨ ᠤ ᠰᠥᠯᠳᠡ ᠰᠤᠮᠤᠨ ᠤ ᠲᠠᠯ᠎ᠠ ᠎ ᠶᠢᠨ ᠤᠰᠤ ᠭᠠᠴᠠᠭᠠᠠ ᠤ ᠤᠤᠭᠠᠯ᠃ ᠳᠡᠷᠡ ᠬᠠᠷᠠᠬᠠᠨ ᠪᠠᠭ᠎ᠠ ᠠᠴᠠ ᠪᠠᠨ ᠲᠠᠭᠤᠤ ᠬᠥᠭᠵᠢᠮ ᠳᠤ ᠪᠠᠬ᠎ᠠ ᠲᠠᠢ ᠤᠴᠢᠷ ᠠᠴᠠ ᠨᠤᠳᠤᠭ ᠤᠨ ᠥᠶ ᠤᠯᠠᠨ ᠬᠥᠭᠵᠢᠮᠴᠢᠨ ᠨᠠᠶᠢᠷᠴᠢᠨ ᠤ ᠲᠠᠭᠤᠤ ᠬᠥᠭᠵᠢᠮ ᠲᠡᠬᠦᠨ ᠤ ᠤᠢ ᠲᠠᠷᠢᠬᠢᠨ ᠳᠤ ᠬᠤᠨᠤᠭᠰᠢᠨ᠂ ᠨᠠᠶᠢᠷ ᠲᠠᠭᠤᠨ ᠤ ᠢᠷᠠᠭᠤᠬᠠᠨ ᠪᠥᠪᠡᠢ ᠳᠤ ᠥᠰᠥᠨ ᠪᠤᠶᠢᠵᠢᠵᠥ᠂ ᠥᠪᠡᠷ ᠤᠨ ᠬᠡᠰᠡᠨ ᠤᠨᠴᠠᠯᠢᠭᠳᠤ ᠬᠡᠪ ᠨᠠᠮᠪᠠ ᠪᠠᠷ ᠢᠶᠠᠨ ᠤᠷᠠᠯᠢᠭ ᠤᠨ ᠠᠯᠳᠠᠨ ᠬᠠᠷᠭᠤᠢ ᠪᠠᠷ ᠬᠢᠯᠠᠷᠠᠭᠤᠯᠵᠥ ᠶᠠᠪᠤᠨ᠎ᠠ᠃      ᠠᠯᠳᠠᠨᠪᠠᠭᠠᠨ᠎ᠠ 1996 ᠤᠨ ᠠᠴᠠ ᠤᠷᠠᠯᠢᠭ ᠤᠨ ᠠᠶᠠᠨ ᠢᠶᠠᠨ ᠡᠯᠬᠦᠨ ᠥᠥᠰᠢᠨ ᠬᠤᠰᠢᠭᠤᠨ ᠤ ᠤᠯᠠᠭᠠᠨᠮᠥ᠋ᠴᠢᠷ ᠤᠨ ᠪᠥᠵᠢᠭᠴᠢᠨ ᠤ ᠪᠤᠯᠪᠠᠰᠤᠷᠠᠯ ᠤᠨ ᠠᠩᠬᠢ ᠳᠤ ᠤᠷᠤᠵᠥ᠂ ᠪᠤᠭᠤᠳᠤ ᠶᠢᠨ ᠨᠢᠬᠡᠨ ᠤᠷᠠᠯᠢᠭ ᠤᠨ ᠪᠥᠯᠬᠦᠮ ᠳᠤ 1 ᠵᠢᠯ ᠬᠢᠷᠢᠳᠠᠢ ᠪᠥᠵᠢᠭ ᠤᠨ ᠪᠤᠯᠪᠠᠰᠤᠷᠠᠯ ᠬᠢᠵᠠᠢ᠃ ᠲᠡᠬᠡᠬᠡᠳ ᠨᠤᠳᠤᠭ ᠲᠠᠭᠠᠨ ᠬᠠᠷᠢᠵᠥ ᠡᠷᠳᠡᠨᠢ ᠪᠠᠭᠰᠢ ᠠᠴᠠ ᠮᠤᠷᠢᠨ ᠬᠤᠭᠤᠷ ᠰᠤᠷᠴᠤ ᠪᠠᠶᠢᠭᠠᠳ 1998 ᠤᠨ ᠳᠤ ᠥᠪᠥᠷ ᠮᠤᠩᠭᠤᠯ ᠤᠨ ᠤᠷᠠᠯᠢᠭ ᠤᠨ ᠲᠡᠬᠡᠳᠤ ᠰᠤᠷᠭᠠᠭᠤᠯᠢ ᠳᠤ ᠰᠢᠯᠭᠠᠭᠰᠠᠨ ᠳᠤ ᠪᠤᠯᠪᠠᠰᠤᠷᠠᠯ ᠲᠤᠳᠠᠭᠤᠳᠠᠭᠰᠠᠨ ᠠᠴᠠ ᠡᠯᠰᠡᠭᠳᠡᠭᠰᠡᠨ ᠥᠬᠡᠢ᠃ ᠠᠯᠳᠠᠨᠪᠠᠭᠠᠨ᠎ᠠ ᠡᠬᠦᠨ ᠠᠴᠠ ᠪᠤᠯᠵᠥ ᠵᠤᠷᠢᠭ ᠮᠤᠬᠤᠭ᠎ᠠ ᠥᠬᠡᠢ᠂ ᠲᠠᠬᠢᠨ ᠬᠥᠬᠡᠬᠤᠳᠠ ᠳᠠᠬᠢ ᠴᠡᠷᠢᠭ ᠴᠠᠭᠳᠠᠭᠠᠨ ᠤ ᠤᠷᠠᠯᠢᠭ ᠤᠨ ᠰᠤᠷᠭᠠᠭᠤᠯᠢ ᠳᠤ ᠭᠤᠷᠪᠠᠨ ᠵᠢᠯ ᠰᠤᠷᠤᠯᠴᠠᠭᠠᠳ ᠥᠪᠥᠷ ᠮᠤᠩᠭᠤᠯ ᠤᠨ ᠥᠨᠳᠤᠰᠤᠳᠡᠨ ᠤ ᠶᠡᠭᠡ ᠰᠤᠷᠭᠠᠭᠤᠯᠢ ᠳᠤ ᠰᠢᠯᠭᠠᠭᠳᠠᠨ ᠤᠷᠤᠵᠥ᠂ 4 ᠵᠢᠯ ᠲᠠᠭᠤᠯᠠᠬᠤᠢ ᠶᠢᠨ ᠮᠡᠷᠬᠡᠵᠢᠯ ᠢ ᠰᠤᠷᠤᠯᠴᠠᠪᠠ᠃ ᠠᠯᠳᠠᠠᠪᠠᠭᠠᠨ᠎ᠠ ᠶᠡᠭᠡ ᠰᠤᠷᠭᠠᠭᠤᠯᠢ ᠳᠤ ᠰᠤᠷᠤᠯᠴᠠᠵᠦ ᠪᠠᠶᠢᠬᠤ ᠬᠤᠭᠤᠴᠠᠭᠠᠨ ᠳᠠᠭᠠᠨ ᠨᠠᠶᠢᠵᠠ ᠨᠠᠷ ᠲᠠᠢ ᠪᠠᠨ ︽ᠬᠡᠳᠡ︾ ᠬᠠᠮᠳᠤᠯᠢᠭ ᠢ ᠡᠬᠦᠰᠬᠡᠡ ᠪᠠᠶᠢᠭᠤᠯᠵᠦ᠂ ᠬᠠᠮᠳᠤᠯᠢᠭ ᠤᠨ ᠺᠢᠲ᠋ᠠᠷᠴᠢᠨ᠂ ᠲᠠᠭᠤᠨ ᠤ ᠠᠶ᠎ᠠ ᠵᠤᠬᠢᠶᠠᠭᠴᠢ ᠶᠢᠨ ᠠᠵᠢᠯ ᠢ ᠡᠬᠦᠷᠬᠡᠯᠡᠵᠥ᠂ ᠥᠪᠥᠷ ᠮᠤᠩᠭᠤᠯ ᠤᠨ ᠵᠡᠬᠦᠨ ᠤᠷᠤᠨ ᠤ ᠡᠯ᠎ᠡ ᠭᠠᠵᠠᠷ ᠢᠶᠠᠷ ᠥᠷᠬᠦᠯᠵᠢ ᠲᠤᠭᠯᠠᠯᠳᠡ ᠭᠠᠷᠭᠠᠳᠠᠭ ᠪᠠᠶᠢᠵᠠᠢ᠃ ᠡᠨᠡ ᠬᠦ ᠬᠠᠮᠳᠤᠯᠢᠭ ᠨᠢ ᠮᠥᠨ ᠴᠤ ᠲᠤᠬᠠᠢ ᠶᠢᠨ ᠥᠶ᠎ᠡ ᠶᠢᠨ ᠥᠪᠥᠷ ᠮᠤᠩᠭᠤᠯ ᠤᠨ ᠵᠡᠬᠦᠨ ᠤᠷᠤᠨ ᠳᠠᠬᠢ ᠬᠠᠮᠤᠭ ᠠᠩᠬᠠᠨ ᠤ ᠮᠤᠩᠭᠤᠯ ᠷᠤᠺ ᠬᠠᠮᠳᠤᠯᠢᠭ ᠤᠨ ᠨᠢᠬᠡ ᠪᠤᠯᠬᠤ ᠶᠤᠮ᠃      ᠠᠯᠳᠠᠨᠪᠠᠭᠠᠨ᠎ᠠ ᠠᠯᠢ ᠡᠷᠳᠡ ᠠᠴᠠ ᠠᠶ᠎ᠡ ᠵᠤᠬᠢᠶᠠᠬᠤ ᠶᠢ ᠤᠷᠤᠯᠳᠤᠵᠥ ᠡᠬᠢᠯᠡᠵᠠᠢ᠃ 1998 ᠤᠨ ᠳᠤ ᠬᠠᠮᠤᠭ ᠠᠩᠬᠠᠨ ᠤ ᠤᠷᠠᠨ ᠪᠥᠳᠥᠬᠡᠯ ︽ᠲᠤᠷᠠᠯᠠᠯ︾ ᠬᠡᠬᠦ ᠲᠠᠭᠤᠤ ᠪᠠᠨ ᠺᠢᠲ᠋ᠠᠷ ᠲᠤᠭᠯᠠᠵᠥ ᠪᠠᠶᠢᠭᠠᠳ ᠵᠤᠬᠢᠶᠠᠭᠰᠠᠨ ᠬᠡᠳᠡᠭ᠃ ᠰᠡᠬᠦᠯᠡᠷ ᠨᠢ ᠶᠡᠭᠡ ᠰᠤᠷᠭᠠᠭᠤᠯᠢ ᠳᠤ ᠥᠪᠡᠷ ᠢᠶᠠᠨ ᠬᠠᠮᠳᠤᠯᠢᠭ ᠪᠠᠶᠢᠭᠤᠯᠤᠭᠰᠠᠨ ᠠᠴᠠ ᠤᠷᠠᠨ ᠪᠥᠳᠥᠬᠡᠯ ᠴᠢᠬᠤᠯᠠ ᠲᠠᠢ ᠪᠠᠶᠢᠵᠥ᠂ ︽ᠡᠵᠢ ᠮᠢᠨᠢ︾ ᠵᠡᠷᠬᠡ ᠤᠯᠠᠨ ᠰᠠᠶᠢᠬᠠᠨ ᠠᠶ᠎ᠠ ᠲᠠᠭᠤᠤ ᠨᠤᠭᠤᠳ ᠢ ᠵᠤᠬᠢᠶᠠᠵᠥ ᠲᠠᠭᠤᠯᠠᠭᠰᠠᠨ ᠪᠠᠶᠢᠨ᠎ᠠ᠃ ᠲᠡᠷᠡ ᠤᠶᠤᠳᠠᠨ ᠪᠠᠶᠢᠬᠤ ᠳᠠᠭᠠᠨ ᠲᠠᠭᠤᠯᠬᠠᠤ ᠮᠡᠷᠬᠡᠵᠢᠯ ᠰᠤᠷᠴᠤ ᠪᠠᠶᠢᠭᠰᠠᠨ ᠴᠤ ᠠᠶ᠎ᠠ ᠵᠤᠬᠢᠶᠠᠬᠤ ᠲᠠᠯ᠎ᠠ ᠪᠠᠷ ᠮᠠᠰᠢ ᠪᠠᠬ᠎ᠠ ᠲᠠᠢ᠃ ᠶᠡᠭᠡ ᠰᠤᠷᠭᠠᠭᠤᠯᠢ ᠳᠤ ᠲᠠᠭᠤᠤ ᠬᠥᠭᠵᠢᠮ ᠤᠨ ᠤᠨᠤᠯ ᠤᠨ ᠬᠢᠴᠢᠶᠡᠯ ᠵᠡᠷᠬᠡ ᠰᠠᠭᠤᠷᠢ ᠮᠡᠳᠡᠯᠬᠡ ᠶᠢᠨ ᠬᠢᠴᠢᠶᠡᠯ ᠢ ᠴᠥᠮ ᠰᠤᠷᠳᠠᠭ ᠳᠤᠯᠠ ᠠᠶ᠎ᠠ ᠵᠤᠬᠢᠶᠠᠬᠤ ᠶᠢ ᠥᠪᠡᠷ ᠢᠶᠠᠨ ᠰᠤᠷᠴᠤ ᠡᠬᠢᠯᠡᠵᠠᠢ᠃ ᠲᠡᠬᠦᠨ ᠤ ᠲᠠᠭᠤᠯᠠᠬᠤᠢ ᠶᠢᠨ ᠲᠤᠰᠬᠠᠢ ᠮᠡᠷᠬᠡᠵᠢᠯ ᠤᠨ ᠪᠠᠭᠰᠢ ᠨᠢ ᠠᠶ᠎ᠠ ᠵᠤᠬᠢᠶᠠᠳᠠᠭ ᠪᠠᠶᠢᠭᠰᠠᠨ ᠪᠤᠯᠬᠤᠷ ᠲᠡᠷᠡ ᠪᠠᠭᠰᠢ ᠠᠴᠠ ᠪᠠᠨ ᠰᠤᠷᠬᠤ ᠪᠤᠶᠤ ᠪᠤᠰᠤᠳ ᠠᠶ᠎ᠠ ᠵᠤᠬᠢᠶᠠᠳᠠᠭ ᠪᠠᠭᠰᠢ ᠨᠠᠷ ᠢ ᠴᠤ ᠡᠷᠢᠵᠥ ᠵᠢᠭᠠᠯᠭᠠᠳᠠᠭ ᠪᠠᠶᠢᠪᠠ᠃ ᠶᠡᠭᠡ ᠰᠤᠷᠭᠠᠭᠤᠯᠢ ᠪᠠᠨ ᠲᠡᠬᠦᠰᠬᠡᠬᠡᠳ ᠠᠯᠳᠠᠨᠪᠠᠭᠠᠨ᠎ᠠ ᠬᠥᠭᠵᠢᠮ ᠤᠨ ᠵᠤᠬᠢᠶᠠᠯ ᠤᠨ ᠲᠤᠷ᠎ᠠ ᠪᠠᠬ᠎ᠠ ᠳᠠᠭᠠᠨ ᠬᠥᠳᠥᠯᠥᠭᠳᠡᠨ ᠠᠶ᠎ᠠ ᠵᠤᠬᠢᠶᠠᠬᠤ ᠮᠡᠷᠬᠡᠵᠢᠯ ᠢ ᠥᠷᠬᠦᠯᠵᠢᠯᠡᠨ ᠬᠥᠨᠵᠡᠬᠡᠢ ᠰᠤᠷᠤᠯᠴᠠᠬᠤ ᠪᠠᠷ ᠺᠤᠷᠢᠶᠠ ᠤᠯᠤᠰ ᠤᠨ ᠭᠠᠳᠠᠭᠠᠳᠤ ᠬᠡᠯᠡᠨ ᠤ ᠰᠤᠷᠭᠠᠭᠤᠯᠢ ᠳᠤ 1 ᠵᠢᠯ ᠬᠢᠷᠢᠳᠠᠢ ᠰᠤᠯᠤᠩᠭᠤᠰ ᠬᠡᠯᠡ ᠰᠤᠷᠤᠯᠴᠠᠭᠠᠳ 2008 ᠤᠨ ᠳᠤ ᠺᠤᠷᠢᠶᠠ ᠤᠯᠤᠰ ᠤᠨ ᠹᠥᠰᠡᠨ ᠤᠯᠤᠰ ᠤᠨ ᠶᠡᠭᠡ ᠰᠤᠷᠭᠠᠭᠤᠯᠢ ᠶᠢᠨ ᠲᠠᠭᠤᠤ ᠬᠥᠭᠵᠢᠮ ᠤᠨ ᠲᠡᠬᠡᠳᠤ ᠰᠤᠷᠭᠠᠭᠤᠯᠢ ᠳᠤ ᠺᠤᠮᠫᠢᠥ᠋ᠲ᠋ᠧᠷ ᠬᠥᠭᠵᠢᠮ ᠤᠨ ᠵᠤᠬᠢᠶᠠᠯ ᠤᠨ ᠮᠡᠷᠬᠡᠵᠢᠯ ᠪᠠ ᠺᠢᠨᠣ᠋ ᠲᠧᠯᠸᠢᠰ ᠤᠨ ᠬᠥᠭᠵᠢᠮ ᠤᠨ ᠨᠠᠶᠢᠷᠠᠭᠤᠯᠭ᠎ᠠ ᠵᠢᠴᠢ ᠲᠠᠭᠤᠨ ᠤ ᠳᠤᠤᠭᠠᠷᠤᠯᠳᠠ ᠶᠢᠨ ᠢᠨᠵᠧᠨᠧᠷ ᠤᠨ ᠮᠡᠷᠬᠡᠵᠢᠯ ᠢ ᠰᠤᠳᠤᠯᠤᠨ ᠰᠤᠷᠤᠯᠴᠠᠭᠰᠠᠨ ᠪᠠᠶᠢᠨ᠎ᠠ᠃ ︽ᠤᠤᠯ ᠳᠠᠭᠠᠨ ᠪᠢ ᠲᠥᠬᠦᠮᠬᠡᠨ ᠬᠥᠭᠵᠢᠮ ᠤᠨ ᠨᠠᠶᠢᠷᠠᠭᠤᠯᠭ᠎ᠠ ᠶᠢᠨ ᠮᠡᠷᠬᠡᠵᠢᠯ ᠢ ᠰᠤᠷᠴᠤ ᠥᠡᠭᠭᠡᠷᠡᠪᠡ᠃ ᠲᠡᠨᠳᠡ ᠤᠴᠢᠭᠰᠠᠨ ᠤ ᠲᠠᠷᠠᠭ᠎ᠠ ᠺᠢᠨᠣ᠋ ᠲᠧᠯᠸᠢᠰ ᠤᠨ ᠬᠥᠭᠵᠢᠮ ᠤᠨ ᠨᠠᠶᠢᠷᠠᠭᠤᠯᠭ᠎ᠠ ᠶᠢ ᠰᠤᠷᠪᠠ᠃ ᠤᠷᠴᠢᠨ ᠥᠶ᠎ᠠ ᠶᠢᠨ ᠲᠠᠭᠤᠤ ᠬᠥᠭᠵᠢᠮ ᠬᠡᠪᠡᠯ ᠮᠠᠨ ᠤ ᠡ᠊ᠨᠳᠡ ᠴᠠᠬᠢᠯᠭᠠᠨ ᠺᠢᠲ᠋ᠠᠷ᠂ ᠠᠷᠬᠢᠯ ᠺᠢᠲ᠋ᠠᠷ ᠵᠡᠷᠬᠡ ᠬᠥᠭᠵᠢᠮ ᠤᠨ ᠨᠠᠶᠢᠷᠠᠭᠤᠯᠭ᠎ᠠ ᠶᠢ ᠯᠠ ᠬᠡᠯᠡᠳᠡᠭ ᠪᠠᠶᠢᠭᠰᠠᠨ ᠪᠤᠯ ᠲᠡᠯᠡᠬᠡᠢ ᠶᠢᠨ ᠳᠦᠪᠰᠢᠨ ᠳᠤ ᠬᠠᠷᠢᠨ ᠺᠢᠨᠣ᠋ ᠲᠧᠯᠸᠢᠰ ᠤᠨ ᠲᠤᠮᠤ ᠳᠡᠪᠢᠰᠭᠡᠷ ᠬᠥᠭᠵᠢᠮ ᠵᠡᠷᠬᠡ ᠶᠢ ᠴᠤ ᠪᠥᠷ ᠪᠠᠭᠳᠠᠭᠠᠳᠠᠭ᠃ ᠡᠬᠦᠨ ᠢ ᠪᠢᠳᠠ ᠬᠥᠭᠵᠢᠮ ᠢᠶᠠᠷ ᠯᠠ ᠬᠥᠭᠵᠢᠮᠳᠡᠬᠦ ᠪᠢᠰᠢ᠂ ᠬᠠᠷᠢᠨ ᠠᠮᠢᠳᠤ ᠬᠥᠭᠵᠢᠮ ᠤᠨ ᠰᠠᠭᠤᠷᠢᠨ ᠲᠡᠬᠡᠷ᠎ᠡ  ᠺᠤᠮᠫᠢᠥ᠋ᠲ᠋ᠧᠷ ᠢᠶᠠᠷ ᠬᠢᠵᠥ ᠪᠥᠳᠥᠬᠡᠳᠡᠭ ᠲᠠᠭᠤᠨ ᠤ ᠳᠤᠤᠭᠠᠷᠤᠯᠳᠠ ᠶᠢᠨ ᠢᠨᠵᠧᠨᠧᠷ ᠤᠨ ᠮᠡᠷᠬᠡᠵᠢᠯ ᠢ ᠰᠤᠷᠴᠥ ᠪᠠᠶᠢᠭᠰᠠᠨ ᠶᠤᠮ︾ ᠬᠡᠵᠥ ᠠᠯᠳᠠᠨᠪᠠᠭᠠᠨ᠎ᠠ ᠺᠤᠷᠢᠶᠠ ᠳᠤ ᠰᠤᠷᠤᠯᠴᠠᠵᠥ ᠪᠠᠶᠢᠭᠰᠠᠨ ᠬᠥᠭᠵᠢᠮ ᠤᠨ ᠮᠡᠷᠬᠡᠵᠢᠯ ᠢᠶᠠᠨ ᠲᠥᠬᠦᠮᠬᠡᠨ ᠲᠠᠨᠢᠯᠴᠠᠭᠤᠯᠪᠠ᠃      ᠲᠡᠷᠡ ᠬᠥᠮᠤᠨ ᠤ ᠭᠠᠵᠠᠷ ᠬᠥᠨᠳᠡᠯᠡᠨ ᠤ ᠨᠤᠳᠤᠭ ᠲᠤ ᠰᠤᠷᠤᠯᠴᠠᠵᠥ ᠪᠠᠶᠢᠬᠤ ᠳᠠᠭᠠᠨ ᠰᠤᠷᠤᠯᠭ᠎ᠠ ᠶᠢᠨ ᠰᠦᠢᠳᠬᠡᠯ᠂ ᠠᠮᠢᠳᠤᠷᠠᠯ ᠤᠨ ᠵᠠᠷᠤᠳᠠᠯ ᠢᠶᠠᠨ ᠤᠯᠬᠤ ᠶᠢᠨ ᠲᠥᠯᠥᠬᠡ ᠪᠠᠷᠢᠯᠭ᠎ᠠ ᠶᠢᠨ ᠭᠠᠵᠠᠷ᠂ ᠤᠡᠭᠭᠤᠴᠠᠨ ᠲᠤᠨᠤᠭ ᠲᠥᠬᠦᠬᠡᠷᠤᠮᠵᠢ ᠬᠢᠬᠦ ᠤᠢᠢᠯᠡᠳᠪᠤᠷᠢ᠂ ᠨᠢᠰᠬᠡᠯ ᠤᠨ ᠲᠤᠨᠤᠭ ᠲᠥᠬᠦᠬᠡᠷᠤᠮᠵᠢ ᠵᠠᠰᠠᠬᠤ ᠤᠢᠢᠯᠡᠳᠪᠤᠷᠢ᠂ ᠱᠠᠬᠠᠢ ᠶᠢᠨ ᠤᠢᠢᠯᠡᠳᠪᠤᠷᠢ ᠵᠡᠷᠬᠡ ᠠᠷᠪᠢᠨ ᠭᠠᠵᠠᠷ ᠤᠳ ᠢᠶᠠᠷ ᠬᠥᠯᠥᠰᠤᠨ ᠠᠵᠢᠯ ᠬᠢᠵᠥ᠂ ᠭᠤᠷᠪᠠᠨ ᠡᠳᠤᠷ ᠭᠤᠷᠪᠠᠨ ᠰᠥᠨᠢ ᠠᠮᠠᠷᠠᠯ ᠥᠬᠡᠢ ᠪᠠᠷ ᠠᠵᠢᠯᠯᠠᠭᠰᠠᠨ ᠤᠳᠠᠭ᠎ᠠ ᠴᠤ ᠪᠠᠶᠢᠭᠰᠠᠨ ᠬᠡᠨ᠎ᠠ᠃ ︽ᠴᠢᠷᠮᠠᠶᠢᠯᠭ᠎ᠠ ᠬᠥᠮᠤᠨ ᠢ ᠭᠤᠮᠤᠳᠠᠭᠠᠳᠠᠭ ᠥᠬᠡᠢ︾᠃ ᠠᠯᠳᠠᠨᠪᠠᠭᠠᠨ᠎ᠠ ᠲᠠᠰᠤᠷᠠᠯᠳᠡ ᠥᠬᠡᠢ ᠮᠡᠷᠡᠶᠢᠵᠥ ᠲᠡᠮᠡᠤᠯᠥᠭᠰᠡᠨ ᠠᠴᠠ ᠰᠢᠯᠢᠳᠡᠭ ᠬᠢᠷᠢ ᠪᠥᠳᠤᠮᠵᠢ ᠪᠠᠷ ᠮᠠᠺᠰᠲ᠋ᠧᠷ ᠴᠤᠯᠠ ᠪᠠᠨ ᠬᠠᠮᠠᠭᠠᠯᠠᠵᠥ᠂ ︽ᠬᠡᠬᠡᠷ᠎ᠡ ᠶᠢᠨ ᠭᠠᠯᠠᠭᠤ ᠨᠢᠰᠥᠬᠡᠳ ᠬᠥᠷᠬᠦ ᠥᠬᠡᠢ ᠭᠠᠵᠠᠷ ᠠᠴᠠ ᠬᠥᠮᠤᠨ ᠤ ᠬᠥᠥ ᠡᠷᠳᠡᠨᠢ ᠡᠪᠥᠷᠯᠡᠬᠡᠳ ᠪᠤᠴᠠᠨ᠎ᠠ︾ ᠬᠡᠳᠡᠭ ᠢᠶᠠᠷ ᠥᠯᠥᠬᠡᠢ ᠨᠤᠳᠤᠭ ᠲᠠᠭᠠᠨ ᠬᠠᠷᠢᠵᠥ ᠤᠷᠠᠯᠢᠭ ᠤᠨ ᠵᠠᠮ ᠢᠶᠠᠨ ᠥᠷᠬᠦᠯᠵᠢᠯᠡᠬᠦᠯᠪᠡ᠃ ᠲᠡᠷᠡ 2012 ᠤᠨ ᠳᠤ ᠥᠥᠰᠢᠨ ᠬᠤᠰᠢᠭᠤᠨ ᠤ ᠤᠯᠠᠭᠠᠨᠮᠥ᠋ᠴᠢᠷ ᠲᠤ ᠠᠵᠢᠯᠯᠠᠵᠥ᠂ ᠠᠵᠢᠯ ᠤᠨ ᠴᠢᠯᠥᠬᠡ ᠪᠠᠷ ᠢᠶᠠᠨ ᠺᠤᠷᠢᠶᠠ᠂ ᠮᠤᠩᠭᠤᠯ ᠤᠯᠤᠰ ᠵᠡᠷᠬᠡ ᠤᠯᠤᠰ ᠢᠶᠠᠷ ᠥᠷᠬᠦᠯᠵᠢ ᠰᠤᠷᠤᠯᠴᠠᠬᠤ ᠪᠠᠷ ᠤᠴᠢᠳᠠᠭ ᠪᠠᠶᠢᠨ᠎ᠠ᠃ 2017 ᠤᠨ ᠳᠤ ᠲᠠᠬᠢᠨ ᠥᠥᠰᠢᠨ ᠬᠤᠰᠢᠭᠤᠨ ᠤ ᠰᠤᠶᠤᠯ ᠤᠨ ᠤᠷᠳᠤᠨ ᠳᠤ ᠠᠵᠢᠯ ᠰᠢᠯᠵᠢᠪᠠ᠃      ᠠᠯᠳᠠᠨᠪᠠᠭᠠᠨ᠎ᠠ ᠶᠢᠨ ᠨᠡᠶᠢᠳᠡᠯᠡᠭᠰᠡᠨ ᠲᠠᠭᠤᠤ ᠬᠥᠭᠵᠢᠮ ᠤᠨ ᠤᠷᠠᠨ ᠪᠥᠳᠥᠬᠡᠯ 40 ᠤᠷᠴᠢᠮ ᠪᠠᠶᠢᠵᠥ᠂ ᠨᠡᠶᠢᠳᠡᠯᠡᠭᠳᠡᠭᠡ ᠥᠬᠡᠢ ᠲᠠᠭᠤᠤ ᠬᠥᠭᠵᠢᠮ ᠤᠨ ᠤᠷᠠᠨ ᠪᠥᠳᠥᠬᠡᠯ ᠴᠤ 200 ᠤᠷᠴᠢᠮ ᠪᠤᠢ᠃ ᠲᠡᠬᠦᠨ ᠤ ᠪᠢᠴᠢᠭᠰᠡᠡ ᠬᠡᠪᠯᠡᠬᠦᠯᠬᠦ ᠪᠠᠷ ᠪᠡᠯᠡᠳᠬᠡᠵᠥ ᠪᠠᠶᠢᠭ᠎ᠠ ᠰᠢᠯᠥᠭ ᠤᠨ ᠲᠡᠬᠦᠪᠤᠷᠢ ᠴᠤ 2 ᠲᠡᠪᠳᠡᠷ ᠪᠤᠢ᠃ 2018 ᠤᠨ ᠳᠤ ᠲᠡᠷᠡ 14 ᠲᠠᠭᠤᠤ ᠪᠠᠷ ᠪᠥᠷᠢᠯᠳᠥᠭᠰᠡᠨ ︽ᠰᠠᠶᠢᠬᠠᠨ ᠮᠤᠩᠭᠤᠯ ᠨᠤᠳᠤᠭ︾ ᠬᠡᠬᠦ ᠪᠡᠶ᠎ᠡ ᠪᠠᠨ ᠲᠠᠭᠠᠭᠠᠭᠰᠠᠨ ᠴᠤᠮᠤᠭ ᠢᠶᠠᠨ ᠬᠢᠵᠥ᠂ ᠥᠬᠡ᠂ ᠠᠶ᠎ᠠ ᠵᠤᠬᠢᠶᠠᠬᠤ ᠠᠴᠠ ᠲᠠᠭᠤᠯᠠᠬᠤ᠂ ᠬᠥᠭᠵᠢᠮ ᠨᠠᠶᠢᠷᠠᠭᠤᠯᠬᠤ ᠵᠡᠷᠬᠡ ᠪᠥᠬᠦ ᠠᠵᠢᠯ ᠢ ᠥᠪᠡᠷ ᠢᠶᠠᠨ ᠬᠢᠭᠰᠡᠨ ᠪᠠᠶᠢᠨ᠎ᠠ᠃ ︽ᠶᠡᠷᠤᠩᠬᠡᠢ ᠳᠡᠭᠡᠨ ᠲᠠᠭᠤᠤ ᠶᠢᠨ ᠥᠬᠡ᠂ ᠠᠶ᠎ᠠ ᠶᠢ ᠪᠥᠷ ᠥᠪᠡᠷ ᠢᠶᠠᠨ ᠪᠢᠴᠢᠵᠥ᠂ ᠬᠥᠭᠵᠢᠮ ᠤᠨ ᠨᠠᠶᠢᠷᠠᠭᠤᠯᠭ᠎ᠠ ᠵᠡᠷᠬᠡ ᠶᠢ ᠴᠤ ᠥᠪᠡᠷ ᠢᠶᠠᠨ ᠬᠢᠳᠡᠭ᠃ ᠡᠶᠢᠮᠥ ᠠᠴᠠ ᠨᠢᠬᠡ ᠤᠷᠠᠨ ᠪᠥᠳᠥᠬᠡᠯ ᠢ ᠬᠢᠬᠦ ᠳᠤ ᠨᠡᠯᠢᠶᠠᠳ ᠴᠠᠭ ᠵᠠᠷᠤᠴᠠᠭᠤᠯᠳᠠᠭ᠃ ᠮᠢᠨᠥ ᠪᠥᠳᠥᠬᠡᠯ ᠳᠤ ᠨᠤᠳᠤᠭ ᠤᠰᠤ᠂ ᠠᠪᠤ ᠡᠵᠢ ᠂ ᠬᠠᠶᠢᠷ᠎ᠠ ᠲᠤᠷᠠᠯᠠᠯ ᠤᠨ ᠲᠤᠬᠠᠢ ᠤᠯᠠᠨ ᠬᠡᠯᠪᠡᠷᠢ ᠶᠢᠨ ᠲᠠᠭᠤᠤ ᠪᠥᠷ ᠪᠠᠶᠢᠭ᠎ᠠ ᠶᠤᠮ᠃ ᠰᠡᠬᠦᠯᠴᠢ ᠶᠢᠨ ᠥᠶ᠎ᠡ ᠳᠤ ᠬᠥᠷᠴᠥ ᠢᠷᠡᠬᠡᠳ ᠲᠠᠭᠤᠨ ᠤ ᠥᠬᠡ᠂ ᠠᠶ᠎ᠠ ᠶᠢᠨ ᠲᠠᠯ᠎ᠠ ᠪᠠᠷ ᠡᠬᠡ ᠪᠠᠶᠢᠭᠠᠯᠢ ᠲᠠᠢ ᠪᠠᠨ ᠬᠤᠯᠪᠤᠭᠰᠠᠨ᠂ ᠬᠥᠨ ᠰᠡᠳᠬᠢᠴᠡ ᠲᠠᠢ ᠲᠠᠭᠤᠤ ᠶᠢ ᠢᠯᠡᠬᠦᠥ ᠵᠤᠬᠢᠶᠠᠨ ᠪᠥᠳᠥᠬᠡᠵᠥ ᠶᠠᠪᠤᠵᠠᠢ᠃ ᠬᠡᠬᠦ ᠳᠡᠭᠡᠨ ᠨᠢᠬᠡᠨ ᠤᠷᠠᠨ ᠪᠥᠳᠥᠬᠡᠯᠴᠢ ᠪᠤᠯᠤᠭᠰᠠᠨ ᠤ ᠬᠤᠪᠢ ᠳᠤ ᠪᠢ ᠡᠷᠬᠡᠪᠰᠢ ᠠᠷᠪᠢᠨ ᠰᠡᠳᠬᠢᠴᠡ ᠲᠠᠢ ᠪᠠᠶᠢᠬᠤ ᠬᠡᠷᠡᠭᠳᠡᠢ᠃ ᠭᠠᠭᠴᠠ ᠵᠦᠢᠯ ᠢ ᠲᠠᠭᠤᠯᠠᠭᠠᠳ ᠪᠠᠶᠢᠬᠤ ᠪᠢᠰᠢ᠂ ᠬᠠᠷᠢᠨ ᠠᠮᠢᠳᠤᠷᠠᠵᠥ ᠪᠠᠶᠢᠭ᠎ᠠ ᠬᠤᠷᠸ᠎ᠠ ᠳᠤ ᠪᠠᠶᠢᠳᠠᠭ ᠪᠥᠬᠦᠨ ᠢ ᠲᠠᠭᠤᠯᠠᠵᠥ᠂ ᠠᠯᠢ ᠨᠢᠬᠡ ᠡᠳᠤᠷ ᠭᠠᠭᠴᠠ ᠴᠡᠴᠡᠭ ᠢ ᠴᠤ ᠲᠠᠭᠤᠯᠠᠵᠥ ᠥᠵᠡᠵᠥ ᠮᠠᠭᠠᠳ ᠥᠬᠡᠢ᠂ ᠰᠡᠳᠬᠢᠴᠡ ᠶᠢᠨ ᠲᠠᠯ᠎ᠠ ᠪᠠᠷ ᠪᠢ ᠠᠮᠢᠳᠤᠯᠢᠭ ᠪᠠᠶᠢᠬᠤ ᠶᠢ ᠬᠥᠰᠡᠳᠡᠭ︾ ᠬᠡᠵᠥ ᠲᠡᠷᠡ ᠶᠥᠮᠦᠷᠯᠢᠭ ᠶᠠᠷᠢᠯ᠎ᠠ᠃      ᠠᠯᠳᠠᠨᠪᠠᠭᠠᠨ᠎ᠠ ᠤᠷᠴᠢᠮᠬᠠᠨ ᠨᠠᠶᠢᠵᠠ ᠲᠠᠢ ᠪᠠᠨ ᠬᠠᠮᠳᠤᠷᠠᠨ ᠲᠠᠭᠤᠯᠠᠭᠰᠠᠨ ︽ᠠᠯᠳᠠᠨ ᠨᠠᠮᠤᠷ︾ ᠬᠡᠬᠦ ᠲᠠᠭᠤᠨ ᠤ MV ᠪᠢᠴᠢᠯᠬᠡ ᠪᠠᠨ ᠨᠡᠶᠢᠳᠡᠯᠡᠭᠰᠡᠨ ᠪᠠᠶᠢᠯ᠎ᠠ᠃ ᠡᠨᠡ ᠲᠠᠭᠤᠤ ᠶᠢ ᠠᠩᠬ᠎ᠠ ᠵᠤᠬᠢᠶᠠᠨ ᠪᠥᠳᠥᠬᠡᠭᠰᠡᠨ ᠤ ᠲᠤᠬᠠᠢ ᠲᠡᠷᠡ ᠶᠠᠷᠢᠬᠤ ᠳᠠᠭᠠᠨ᠄ ︽2019 ᠤᠨ ᠤ ᠨᠠᠮᠤᠷ ᠮᠢᠨᠥ ᠨᠠᠶᠢᠵᠠ ᠰᠢᠨ᠎ᠠ ᠬᠡᠷᠡᠯ ᠵᠢᠷᠤᠭ ᠤᠨ ᠮᠠᠰᠢᠨ ᠠᠪᠴᠢᠬᠠᠭᠰᠠᠨ ︿ᠬᠤᠶᠠᠭᠤᠯᠠ ᠪᠠᠨ ᠭᠠᠳᠠᠭᠤᠷ ᠨᠠᠮᠤᠷ ᠤᠨ ᠥᠡᠭᠭᠡᠨ ᠳᠤ ᠶᠠᠪᠤᠶ᠎ᠠ﹀ ᠬᠡᠵᠥ ᠨᠠᠮ᠎ᠠ ᠶᠢ ᠲᠠᠭᠤᠳᠠᠭᠰᠠᠨ ᠶᠤᠮ᠃ ᠢᠡᠭᠬᠢᠬᠡᠳ ᠪᠢᠳᠠ ᠬᠤᠶᠠᠭᠤᠯᠠ ᠭᠠᠯᠠᠭᠤᠳᠤ᠂ ᠲᠤᠯᠢ ᠶᠢᠨ ᠴᠠᠶᠢᠳᠠᠮ ᠢᠶᠠᠷ ᠲᠤᠭᠤᠷᠢᠬᠤ ᠳᠤ ᠲᠡᠷᠡ ᠵᠢᠯ ᠤᠨ ᠨᠠᠮᠤᠷ ᠤᠨ ᠥᠵᠡᠮᠵᠢ ᠲᠤᠩ ᠭᠤᠶᠤ ᠪᠠᠶᠢᠭᠰᠠᠨ᠂ ᠪᠢ ᠴᠤ ᠥᠪᠡᠷ ᠤᠨ ᠨᠤᠳᠤᠭ ᠢᠶᠠᠷ ᠢᠶᠠᠨ ᠶᠠᠪᠤᠵᠥ ᠨᠠᠮᠤᠷ ᠤᠨ ᠥᠡᠭᠭᠡ ᠳᠤ ᠰᠤᠭᠳᠤᠭᠤᠷᠠᠵᠤ᠂ ᠭᠠᠷ ᠤᠳᠠᠰᠤᠨ ᠳᠠᠭᠠᠨ ︿ᠠᠯᠳᠠᠨ ᠨᠠᠮᠤᠷ﹀ ᠬᠡᠰᠡᠨ ᠲᠠᠭᠤᠤ ᠶᠢ ᠭᠠᠭᠴᠠ ᠪᠠᠳᠠᠭ ᠲᠠᠭᠤᠯᠠᠵᠥ ᠰᠢᠩᠭᠡᠬᠡᠭᠰᠡᠨ ᠶᠤᠮ᠃ ᠬᠠᠷᠢᠵᠥ ᠤᠴᠢᠭᠠᠳ ᠲᠠᠬᠢᠨ ᠲᠠᠭᠤᠨ ᠤ ᠥᠭᠡ ᠶᠢ ᠪᠥᠷᠢᠨ ᠪᠤᠯᠭᠠᠵᠥ᠂ ᠠᠶ᠎ᠠ ᠳᠤᠨᠢ ᠵᠠᠰᠠᠪᠤᠷᠢ ᠤᠷᠤᠭᠤᠯᠤᠭᠠᠳ ᠵᠤᠬᠢᠶᠠᠵᠥ ᠪᠥᠳᠥᠬᠡᠪᠠ᠃ ᠲᠡᠬᠡᠬᠡᠳ ᠨᠠᠶᠢᠵᠠ ᠲᠠᠢ ᠪᠠᠨ ᠬᠤᠶᠠᠭᠤᠯᠠ ᠡᠨᠡ ᠲᠠᠭᠤᠤ ᠶᠢ ᠲᠠᠭᠤᠯᠠᠵᠥ᠂ ᠲᠠᠬᠢᠨ ᠨᠠᠶᠢᠵᠠ ᠶᠢᠨ ᠢᠶᠠᠨ ᠬᠠᠪᠰᠤᠷᠤᠯᠭ᠎ᠠ ᠪᠠᠷ MV ᠪᠢᠴᠢᠯᠬᠡ ᠪᠠᠨ ᠬᠢᠵᠥ ᠭᠠᠷᠭᠠᠭᠰᠠᠨ ᠶᠤᠮ︾ ᠬᠡᠯ᠎ᠠ᠃      ᠲᠡᠷᠡ ᠤᠷᠢᠳ ᠬᠤᠵᠢᠳ ︽ᠰᠠᠶᠢᠬᠠᠨ ᠮᠤᠩᠭᠤᠯ ᠨᠤᠳᠤᠭ︾᠂ ︽ᠬᠠᠷᠢᠮᠠᠷ ᠪᠠᠶᠢᠨ᠎ᠠ︾᠂ ︽ᠠᠪᠤ ᠮᠢᠨᠢ︾᠂ ︽ᠬᠠᠶᠢᠷ᠎ᠠ ᠶᠢᠨ ᠲᠠᠭᠤᠤ︾᠂ ︽ᠵᠡᠬᠦᠳᠤᠨ ᠨᠤᠳᠤᠭ︾ ᠵᠡᠷᠬᠡ ᠤᠯᠠᠨ ᠰᠠᠶᠢᠬᠠᠨ ᠤᠷᠠᠨ ᠪᠥᠳᠥᠬᠡᠯ ᠬᠢᠭᠰᠡᠨ ᠠᠴᠠ ᠭᠠᠳᠠᠨ᠎ᠠ ᠪᠠᠰᠠ ︽ᠲᠠᠯ᠎ᠠ ᠶᠢᠨ ᠰᠥᠨᠢ︾᠂ ︽ᠡᠪᠳᠡᠷᠡᠭᠰᠡᠨ ᠮᠤᠷᠢᠨ ᠬᠤᠭᠤᠷ︾᠂ ︽ᠴᠤᠤᠷᠢᠶ᠎ᠠ︾᠂ ︽ᠡᠬᠡ ᠪᠠᠶᠢᠭᠠᠯᠢ ᠶᠢᠨ ᠭᠤᠮᠤᠳᠠᠯ︾ ᠵᠡᠷᠬᠡ ᠺᠤᠮᠫᠢᠥ᠋ᠲ᠋ᠧᠷ ᠤᠨ ᠤᠳᠤ ᠥᠶ᠎ᠡ ᠶᠢᠨ ᠲᠠᠭᠤᠤ ᠬᠥᠭᠵᠢᠮ ᠤᠨ ᠪᠥᠳᠥᠬᠡᠯ ᠲᠠᠢ ᠪᠢᠯᠡ᠃ ᠲᠡᠷᠡ ︽ᠮᠤᠩᠭᠤᠯ ᠤᠯᠤᠰ ᠤᠨ ᠡᠬᠦᠳᠤᠨ ᠪᠥᠳᠥᠬᠡᠯᠳᠡ ᠶᠢᠨ ᠭᠠᠷᠮᠠᠭᠠᠢ ᠵᠠᠯᠠᠭᠤᠴᠤᠳ ᠤᠨ ᠭᠠᠪᠢᠶᠠᠨ ᠲᠡᠮᠳᠡᠭ︾᠎ ᠢ ᠬᠥᠷᠳᠡᠭᠰᠡᠨ ᠮᠥᠷᠳᠡᠬᠡᠨ ᠥᠥᠰᠢᠨ ᠬᠤᠰᠢᠭᠤᠨ ᠤ ᠲᠥᠷᠪᠡᠳᠤᠬᠡᠷ ᠬᠤᠭᠤᠴᠠᠭᠠᠨ ᠤ ᠰᠠᠭᠠᠡᠭ ᠰᠡᠴᠡᠨ ᠤᠳᠬ᠎ᠠ ᠤᠷᠠᠯᠢᠭ ᠤᠨ ᠵᠤᠬᠢᠶᠠᠨ ᠪᠥᠳᠥᠬᠡᠯᠬᠡ ᠶᠢᠨ ᠱᠠᠩᠨᠠᠯ ᠵᠡᠷᠬᠡ ᠤᠯᠠᠨ ᠱᠠᠩᠨᠠᠯ ᠬᠥᠬᠢᠬᠦᠯᠤᠯ ᠢ ᠲᠤᠰᠴᠤ ᠥᠡᠭᠬᠡᠷᠡᠵᠠᠢ᠃      ᠤᠷᠠᠨ ᠪᠥᠳᠥᠬᠡᠯᠴᠢ ᠬᠥᠮᠤᠨ ᠳᠤ ᠵᠤᠬᠢᠶᠠᠨ ᠪᠥᠳᠥᠬᠡᠬᠦ ᠮᠡᠳᠡᠷᠡᠮᠵᠢ ᠰᠡᠳᠬᠢᠮᠵᠢ ᠮᠠᠰᠢ ᠴᠢᠬᠤᠯᠠ ᠪᠠᠶᠢᠳᠠᠭ ᠪᠤᠯ ᠠᠯᠳᠠᠨᠪᠠᠭᠠᠨ᠎ᠠ ᠴᠤ ᠤᠷᠠᠨ ᠪᠥᠳᠥᠬᠡᠯ ᠢᠶᠠᠨ ᠵᠤᠬᠢᠶᠠᠨ ᠪᠥᠳᠥᠬᠡᠬᠦ ᠶᠢᠨ ᠲᠤᠬᠠᠢ ᠥᠪᠡᠷ ᠤᠨ ᠥᠵᠡᠯᠳᠡ ᠲᠠᠨᠢᠯᠳᠡ ᠲᠠᠢ ᠪᠠᠶᠢᠯ᠎ᠠ᠃ ᠲᠡᠷᠡ᠄ ︽ᠵᠤᠬᠢᠶᠠᠨ ᠪᠥᠳᠥᠬᠡᠬᠦ ᠮᠡᠳᠡᠷᠡᠮᠵᠢ ᠶᠢᠨ ᠲᠠᠯ᠎ᠠ ᠪᠠᠷ ᠡᠷᠬᠡᠪᠰᠢ ᠠᠮᠢᠳᠤᠷᠠᠯ ᠲᠠᠢ ᠤᠢᠢᠷᠠᠳᠤᠭᠰᠠᠨ ᠪᠠᠶᠢᠬᠤ ᠶᠤᠰᠤᠳᠠᠢ᠃ ᠪᠢ ᠤᠤᠯ ᠳᠠᠭᠠᠨ ᠺᠤᠷᠢᠶᠠ ᠤᠯᠤᠰ ᠲᠤ ᠬᠥᠭᠵᠢᠮ ᠤᠨ ᠨᠠᠶᠢᠷᠠᠭᠤᠯᠭ᠎ᠠ ᠬᠢᠬᠦ ᠳᠤ ᠮᠤᠩᠭᠤᠯ ᠠᠮᠢᠳᠤᠷᠠᠯ ᠠᠴᠠ ᠲᠠᠩᠴᠤ ᠵᠠᠶᠢᠳᠠᠵᠥ᠂ ᠮᠤᠩᠭᠤᠯ ᠬᠥᠭᠵᠢᠮᠴᠢᠨ᠂ ᠲᠠᠭᠤᠴᠢᠨ ᠤᠯᠵᠥ ᠲᠡᠶᠢᠯᠬᠦ ᠥᠬᠡᠢ᠃ ᠲᠡᠬᠡᠬᠡᠳ ᠪᠢ ᠠᠮᠢᠳᠤᠷᠠᠯ ᠠᠴᠠ ᠪᠠᠨ ᠬᠤᠯᠠ ᠪᠠᠶᠢᠪᠠᠯ ᠰᠠᠶᠢᠨ ᠤᠷᠠᠨ ᠪᠥᠳᠥᠬᠡᠯ ᠬᠢᠵᠥ ᠭᠠᠷᠭᠠᠬᠤ ᠳᠤ ᠬᠡᠴᠡᠬᠦᠥ ᠬᠡᠰᠡᠨ ᠢ ᠤᠬᠠᠪᠤᠷᠢᠯᠠᠵᠠᠢ᠃ ᠡᠨᠡ ᠨᠢ ᠮᠥᠨ ᠴᠤ ᠮᠢᠨᠥ ᠨᠤᠳᠤᠭ ᠲᠠᠭᠠᠨ ᠬᠠᠷᠢᠵᠥ ᠢᠷᠡᠭᠰᠡᠨ ᠰᠢᠯᠳᠡᠭᠠᠨ ᠶᠤᠮ᠃ ᠪᠢ ᠥᠷᠬᠦᠯᠵᠢ ᠮᠤᠩᠭᠤᠯ ᠤᠯᠤᠰ᠂ ᠬᠥᠬᠡᠨᠠᠭᠤᠷ ᠵᠡᠷᠬᠡ ᠮᠤᠩᠭᠤᠯ ᠨᠤᠳᠤᠭ ᠢᠶᠠᠷ ᠠᠶᠠᠯᠠᠨ᠂ ᠮᠠᠯᠴᠢᠳ ᠲᠠᠢ ᠶᠠᠷᠢᠯᠴᠠᠵᠥ᠂ ᠠᠵᠥ ᠠᠮᠢᠳᠤᠷᠠᠯ ᠢ ᠨᠢ ᠤᠢᠢᠯᠠᠭᠠᠳᠠᠭ᠃ ᠢᠡᠭᠬᠢᠬᠦ ᠳᠤ ᠭᠠᠵᠠᠷ ᠪᠤᠯᠭᠠᠨ ᠤ ᠬᠥᠮᠤᠨ ᠤ ᠪᠤᠳᠤᠯ ᠰᠡᠳᠬᠢᠭᠳᠡᠯ ᠠᠳᠠᠯᠢ ᠥᠬᠡᠢ᠂ ᠨᠠᠳᠠ ᠳᠤ ᠠᠷᠪᠢᠨ ᠵᠦᠢᠯ ᠢ ᠰᠡᠳᠬᠢᠭᠳᠡᠬᠦᠯᠳᠡᠭ᠃ ᠢᠢᠮᠥ ᠠᠴᠠ ᠠᠮᠢᠳᠤᠷᠠᠯ ᠲᠠᠢ ᠠᠯᠢ ᠤᠢᠢᠷᠠᠬᠠᠨ ᠪᠠᠶᠢᠬᠤ ᠳᠤᠳᠤᠮ ᠢᠶᠠᠨ ᠠᠮᠢᠳᠤᠷᠠᠯ ᠴᠢᠮ᠎ᠠ ᠳᠤ ᠠᠯᠢ ᠠᠷᠪᠢᠨ ᠬᠠᠷᠢᠭᠤ ᠥᠭᠴᠤ ᠪᠠᠶᠢᠬᠤ ᠰᠢᠭ᠋ ᠤᠯᠠᠠ ᠰᠠᠶᠢᠬᠠᠨ ᠮᠡᠳᠡᠷᠡᠮᠵᠢ ᠶᠢ ᠤᠯᠭᠤᠳᠠᠭ᠃ ᠪᠢ ᠨᠤᠮ ᠥᠵᠡᠬᠦ ᠲᠤᠷᠠᠳᠠᠢ᠃ ᠮᠤᠩᠭᠤᠯᠴᠤᠳ ᠤᠨ ᠲᠡᠤᠬᠡ ᠰᠤᠶᠤᠯ᠂ ᠡᠪᠦᠭᠡ ᠲᠡᠬᠡᠳᠤᠰ ᠤᠨ ᠢᠶᠠᠨ ᠬᠢᠵᠥ ᠪᠥᠳᠥᠬᠡᠭᠰᠡᠨ ᠵᠦᠢᠯᠡᠰ ᠢ ᠰᠤᠳᠤᠯᠵᠥ ᠤᠢᠢᠯᠠᠭᠠᠬᠤ ᠲᠤᠷᠠᠳᠠᠢ᠃ ᠬᠡᠷᠪᠡ ᠰᠤᠶᠤᠯ ᠲᠡᠤᠬᠡ ᠪᠠᠨ ᠠᠩᠵᠠᠭᠠᠷᠠᠬᠤ ᠥᠬᠡᠢ᠂ ᠤᠢᠢᠯᠠᠭᠠᠬᠤ ᠥᠬᠡᠢ ᠪᠤᠯ ᠮᠡᠳᠡᠷᠡᠮᠵᠢ ᠬᠡᠰᠡᠨ ᠶᠠᠭᠤᠮ᠎ᠠ ᠪᠠᠶᠢᠬᠤ ᠥᠬᠡᠢ᠂ ᠶᠠᠮᠠᠷ ᠨᠢᠬᠡᠨ ᠮᠡᠳᠡᠷᠡᠮᠵᠢ ᠶᠢ ᠤᠯᠭᠤᠵᠥ ᠪᠠᠶᠢᠭᠰᠠᠨ ᠴᠤ ᠲᠡᠬᠦᠨ ᠢ ᠪᠠᠨ ᠲᠠᠨᠢᠬᠤ ᠥᠬᠡᠢ ᠶᠤᠮ ᠴᠢᠨᠢ᠂ ᠶᠠᠭ ᠯᠡ ᠥᠪᠡᠷ ᠢᠶᠠᠨ ᠡᠬᠦᠳᠡ ᠪᠠᠨ ᠬᠠᠭᠠᠴᠢᠬᠠᠵᠥ᠂ ᠡᠷᠳᠡᠨᠢ ᠠᠪᠴᠢᠷᠠᠵᠥ ᠥᠭᠭᠦᠪᠡᠴᠤ ᠲᠠᠨᠢᠬᠤ ᠥᠬᠡᠢ ᠲᠠᠢ ᠠᠳᠠᠯᠢ᠃ ᠪᠢᠳᠠ ᠮᠤᠩᠭᠤᠯ ᠠᠮᠢᠳᠤᠷᠠᠯ ᠢᠶᠠᠨ ᠲᠡᠬᠡᠳᠤᠯᠡᠨ ᠬᠠᠶᠢᠷᠠᠯᠠᠵᠥ ᠶᠠᠪᠤᠪᠠᠯ ᠮᠡᠳᠡᠷᠡᠮᠵᠢ ᠤᠡᠭᠭᠤᠳ ᠴᠤ ᠢᠷᠡᠬᠡᠳ ᠪᠠᠶᠢᠳᠠᠭ︾ ᠬᠡᠯ᠎ᠠ᠃      ᠠᠯᠳᠠᠨᠪᠠᠭᠠᠨ᠎ᠠ ᠬᠤᠶᠢᠰᠢᠳᠡ ᠶᠢᠨ ᠤᠷᠠᠯᠢᠭ ᠤᠨ ᠵᠠᠮ ᠮᠥᠷ ᠤᠨ ᠢᠶᠠᠨ ᠲᠤᠬᠠᠢ᠄ ︽ᠲᠤᠬᠠᠢ ᠶᠢᠨ ᠥᠶ᠎ᠡ ᠳᠤ ᠨᠤᠳᠤᠭ ᠲᠠᠭᠠᠨ ᠬᠠᠷᠢᠵᠥ ᠢᠷᠡᠬᠦ ᠳᠡᠭᠡᠨ ᠨᠤᠳᠤᠭ ᠤᠷᠤᠨ ᠤ ᠪᠠᠨ ᠬᠥᠭᠵᠢᠮᠴᠢᠨ ᠲᠠᠭᠤᠴᠢᠨ ᠨᠠᠷ ᠢ ᠴᠤᠭᠯᠠᠭᠤᠯᠵᠥ ᠤᠯᠠᠨ ᠰᠠᠶᠢᠬᠠᠨ ᠤᠷᠠᠯᠢᠭ ᠤᠨ ᠪᠥᠳᠥᠬᠡᠯ ᠢ ᠬᠠᠮᠳᠤᠷᠠᠨ ᠬᠢᠶ᠎ᠡ ᠬᠡᠰᠡᠨ ᠪᠤᠳᠤᠯ ᠢ ᠡᠪᠤᠷᠯᠡᠭᠰᠡᠨ ᠶᠤᠮ᠃ ᠰᠡᠬᠦᠯᠡᠷ ᠨᠢ ᠤᠯᠠᠩᠬᠢ ᠬᠥᠮᠥᠨ ᠠᠮᠢᠳᠤᠷᠠᠯ ᠳᠠᠭᠠᠨ ᠲᠠᠷᠤᠭᠳᠠᠵᠥ ᠪᠠᠶᠢᠬᠤ ᠶᠢ ᠮᠡᠳᠡᠯ᠎ᠠ᠃ ᠬᠥᠮᠤᠨ ᠠᠮᠢᠳᠤᠷᠠᠬᠤ ᠳᠤ ᠠᠵᠢᠯ ᠤᠢᠢᠯᠡᠰ᠂ ᠠᠮᠢᠳᠤᠷᠠᠯ ᠬᠡᠰᠡᠨ ᠬᠤᠶᠠᠷ ᠴᠢᠬᠤᠯᠠ ᠵᠦᠢᠯ ᠪᠠᠶᠢᠭ᠎ᠠ ᠶᠤᠮ᠃ ᠠᠵᠢᠯ ᠬᠡᠪᠡᠯ ᠠᠮᠢᠳᠤᠷᠠᠬᠤ ᠶᠢᠨ ᠲᠥᠯᠥᠬᠡ ᠬᠢᠵᠥ ᠪᠠᠶᠢᠭ᠎ᠠ ᠵᠦᠢᠯ᠂ ᠤᠢᠢᠯᠡᠰ ᠬᠡᠪᠡᠯ ᠥᠪᠡᠷ ᠤᠨ ᠨᠠᠰᠤᠨ ᠲᠤᠷᠰᠢᠳᠡ ᠬᠢᠬᠦ ᠲᠤᠷᠠᠳᠠᠢ ᠠᠵᠢᠯ ᠢ ᠬᠡᠯᠡᠳᠡᠭ ᠬᠡᠵᠥ ᠪᠢ ᠥᠵᠡᠨ᠎ᠠ᠃ ᠨᠠᠳᠠ ᠳᠤ ᠠᠪᠴᠤ ᠬᠡᠯᠡᠪᠡᠯ᠂ ᠮᠢᠨᠥ ᠤᠢᠢᠯᠡᠰ ᠪᠤᠯ ᠤᠷᠠᠨ ᠪᠥᠳᠥᠬᠡᠯ ᠬᠢᠬᠦ ᠶᠠᠪᠤᠳᠠᠯ ᠶᠤᠮ᠃ ᠬᠤᠶᠢᠰᠢᠳᠡ ᠨᠡᠩ ᠤᠯᠠᠨ ᠰᠢᠯᠢᠳᠡᠭ ᠬᠦᠭᠵᠢᠮᠴᠢᠨ ᠲᠠᠭᠤᠴᠢᠨ ᠨᠠᠷ ᠲᠠᠢ ᠬᠠᠮᠳᠤᠷᠠᠯᠴᠠᠵᠥ ᠤᠯᠠᠮ ᠰᠠᠶᠢᠨ ᠤᠷᠠᠨ ᠪᠥᠳᠥᠬᠡᠯ ᠭᠠᠷᠭᠠᠬᠤ ᠪᠠᠷ ᠴᠢᠷᠮᠠᠶᠢᠨ᠎ᠠ︾ ᠬᠡᠵᠦ ᠢᠳᠡᠬᠡᠯ ᠲᠥᠬᠦᠷᠡᠩ ᠶᠠᠷᠢᠯ᠎ᠠ᠃      ᠮᠤᠩᠭᠤᠯ ᠲᠠᠭᠤᠤ ᠬᠥᠭᠵᠢᠮ ᠤᠨ ᠢᠶᠠᠨ ᠲᠤᠯᠭ᠎ᠠ ᠶᠢᠨ ᠭᠠᠯ ᠢ ᠥᠪᠡᠷᠮᠢᠴᠡ ᠤᠨᠴᠠᠯᠢᠭᠳᠤ ᠺᠤᠮᠫᠢᠥ᠋ᠲ᠋ᠧᠷ ᠬᠥᠭᠵᠢᠮ ᠤᠨ ᠴᠤᠭ ᠢᠶᠠᠷ ᠪᠠᠳᠠᠷᠠᠭᠠᠵᠥ ᠶᠠᠪᠤᠭ᠎ᠠ ᠠᠯᠳᠠᠨᠪᠠᠭᠠᠨ᠎ᠠ ᠳᠠᠭᠠᠨ ᠤᠷᠠᠯᠢᠭ ᠤᠨ ᠠᠶᠠᠠ ᠤ ᠥᠨᠳᠤᠷ ᠠᠮᠵᠢᠯᠳᠡ ᠶᠢ ᠬᠥᠰᠡᠶ᠎ᠠ︕      ᠰᠤᠷᠪᠤᠯᠵᠢᠯᠠᠭᠴᠢ ᠶᠢᠨ ᠡᠪᠤᠷ ᠲᠡᠮᠳᠡᠭᠯᠡᠯ᠄      ᠠᠯᠳᠠᠨᠪᠠᠭᠠᠨ᠎ᠠ ᠶᠢ ᠰᠤᠷᠪᠤᠯᠵᠢᠯᠠᠬᠤ ᠪᠠᠷ ᠤᠴᠢᠬᠤ ᠳᠤ ᠲᠡᠷᠡ ᠤᠷᠤᠯᠳᠤᠭᠠᠠ ᠳᠤ ᠤᠷᠤᠯᠴᠠᠬᠤ ᠪᠤᠯᠪᠠᠰᠤᠷᠠᠯ ᠳᠠᠭᠠᠨ ᠰᠢᠮᠳᠠᠵᠦ ᠮᠠᠰᠢ ᠶᠠᠭᠠᠷᠠᠯᠳᠠᠢ ᠪᠠᠶᠢᠬᠰᠠᠠ ᠶᠤᠮ᠃ ᠪᠤᠯᠪᠠᠰᠤᠷᠠᠯ ᠤᠨ ᠳᠤᠮᠳᠠ ᠠᠮᠤᠰᠬᠢᠬᠤ ᠤᠬᠤᠷᠬᠠᠨ ᠴᠠᠭ ᠢ ᠠᠮᠵᠢᠵᠦ ᠰᠤᠷᠪᠤᠯᠵᠢᠯᠠᠭ᠎ᠠ ᠪᠠᠨ ᠬᠢᠭᠰᠡᠨ ᠴᠤ ᠠᠯᠳᠠᠨᠪᠠᠭᠠᠨ᠎ᠠ ᠶᠢᠨ ᠶᠠᠷᠢᠭᠰᠠᠨ᠂ ᠰᠡᠳᠬᠢᠭᠰᠡᠨ ᠵᠦᠢᠯ ᠨᠢ ᠶᠡᠭᠡ ᠯᠠ ᠬᠥᠨᠴᠡ ᠲᠠᠢ ᠮᠡᠳᠡᠭᠳᠡᠯ᠎ᠠ᠃ ᠠᠯᠳᠠᠨᠪᠠᠭᠠᠨ᠎ᠠ ᠪᠤᠯ ᠵᠢᠷ ᠤᠨ ᠨᠢᠬᠡᠡ ᠮᠠᠯᠴᠢᠨ ᠠᠶᠢᠯ ᠤᠨ ᠬᠡᠤᠬᠡᠳ᠂ ᠲᠡᠷᠡ ᠲᠠᠭᠤᠤ ᠬᠥᠭᠵᠢᠮ ᠳᠤ ᠬᠠᠷᠠᠬᠠᠠ ᠪᠠᠭ᠎ᠠ ᠠᠴᠠ ᠪᠠᠨ ᠳᠤᠷ᠎ᠠ ᠪᠠᠬ᠎ᠠ ᠲᠠᠢ᠂ ᠳᠡᠷᠡ ᠰᠡᠳᠬᠢᠯ ᠤᠨ ᠬᠦᠨ ᠳᠤ ᠬᠤᠨᠤᠭᠰᠢᠬᠰᠠᠠ ᠡᠨᠡ ᠬᠦ ᠬᠥᠰᠡᠯ ᠢᠶᠠᠨ ᠲᠡᠷᠬᠡᠯᠰᠢᠬᠦᠯᠬᠦ ᠪᠠᠷ ᠴᠥᠬᠦᠷᠡᠯ ᠥᠬᠡᠢ ᠴᠢᠷᠮᠠᠶᠢᠭᠰᠠᠭᠠᠷ ᠢᠷᠡᠵᠠᠢ᠃ ᠠᠯᠳᠠᠨᠪᠠᠭᠠᠨ᠎ᠠ ᠬᠠᠷᠢ ᠬᠥᠷᠥᠨ ᠳᠤ ᠰᠤᠷᠤᠯᠴᠠᠵᠥ ᠪᠠᠶᠢᠬᠤ ᠳᠠᠭᠠᠨ ᠠᠷᠤ ᠬᠡᠷ ᠤᠨ ᠢᠶᠠᠨ ᠲᠠᠷᠤᠭᠠᠰᠤ ᠶᠢ ᠬᠦᠩᠬᠡᠷᠡᠬᠦᠯᠬᠦ ᠶᠢᠨ ᠳᠦᠯᠦᠬᠡ ᠲᠤᠰᠬᠠᠢ ᠮᠡᠷᠬᠡᠵᠢᠯ ᠢᠶᠠᠨ ᠰᠤᠷᠤᠯᠴᠠᠬᠤ ᠶᠢᠨ ᠲᠠᠭᠠᠤ ᠳᠤ ᠤᠯᠠᠨ ᠵᠦᠢᠯ ᠤᠨ ᠬᠥᠯᠥᠰᠥᠨ ᠠᠵᠢᠯ ᠢ ᠬᠢᠵᠥ ᠥᠡᠭᠬᠡᠷᠡᠵᠠᠢ᠃ ᠠᠯᠳᠠᠨᠪᠠᠭᠠᠨ᠎ᠠ ᠤᠯᠠᠨ ᠭᠠᠵᠠᠷ ᠢᠶᠠᠷ ᠰᠤᠷᠤᠯᠴᠠᠵᠥ ᠶᠠᠪᠤᠬᠤ ᠳᠠᠭᠠᠨ ᠳᠦᠷᠦᠵᠦ ᠥᠰᠥᠭᠰᠡᠨ ᠨᠤᠳᠤᠭ ᠤᠰᠤ᠂ ᠥᠨᠳᠤᠰᠤᠳᠡᠨ ᠤ ᠲᠡᠤᠬᠡ ᠰᠤᠶᠤᠯ ᠢᠶᠠᠨ ᠰᠠᠨᠠᠭᠠᠯᠵᠠᠵᠦ ᠲᠡᠬᠡᠳᠤᠯᠡᠵᠥ ᠶᠠᠪᠤᠳᠠᠭ ᠠᠴᠠ ᠲᠡᠬᠦᠨ ᠳᠤ ᠤᠯᠠᠨ ᠰᠠᠶᠢᠬᠠᠨ ᠤᠷᠠᠠ ᠪᠦᠳᠦᠬᠡᠯ ᠬᠢᠬᠦ ᠮᠡᠳᠡᠷᠡᠮᠵᠢ ᠶᠢ ᠤᠯᠭᠤᠭᠰᠠᠨ ᠬᠡᠳᠡᠭ᠃ ᠵᠠᠯᠠᠭᠤᠴᠤᠳ ᠮᠠᠨᠢ ᠥᠨᠳᠤᠰᠤᠳᠡᠨ ᠤ ᠰᠤᠶᠤᠯ ᠲᠡᠤᠬᠡ ᠪᠠᠨ ᠤᠢᠢᠯᠠᠭᠠᠵᠥ ᠲᠡᠬᠡᠳᠤᠯᠡᠵᠥ ᠶᠠᠪᠤᠪᠠᠯ ᠪᠢᠳᠠᠨ ᠳᠤ ᠮᠠᠰᠢ ᠶᠡᠭᠡ ᠰᠡᠳᠬᠢᠯ ᠤᠨ ᠬᠥᠴᠥ ᠲᠠᠮᠢᠷ ᠢ ᠤᠯᠭᠤᠵᠥ᠂ ᠥᠬᠡᠳᠡᠷᠬᠡᠭ ᠠᠮᠢᠳᠤᠷᠠᠬᠤ ᠶᠢᠨ ᠬᠡᠬᠡᠡ ᠢᠷᠡᠬᠡᠳᠦᠢ ᠶᠢ ᠰᠤᠶᠤᠷᠬᠠᠬᠤ ᠪᠠᠶᠢᠬ᠎ᠠ ᠡ︕
 
ᠢᠷᠡᠯᠲᠡ᠄ ᠤᠷᠳᠤᠰ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号