ᠰᠥᠨ ᠫᠸᠡᠭ ᠰᠢᠶᠠᠩ ᠭᠤᠤ ᠶᠦᠩ ᠴᠢᠶᠠᠩ ᠳᠤᠰ ᠳᠤᠰ ᠠᠯᠳᠠᠨ ᠮᠧᠳᠠᠯ ᠳᠤᠰᠤᠯ᠎ᠠ
ᠨᠡᠶᠢᠲᠡᠯᠡᠭᠰᠡᠨ ᠴᠠᠭ᠄
2021/11/1
     ᠤᠢᠢᠷ᠎ᠠ ᠳᠤ᠂ ᠰᠢ ᠠᠨ ᠬᠤᠳᠠ ᠳᠤ ᠠᠮᠵᠢᠯᠳᠠ ᠲᠠᠢ ᠥᠨᠳᠥᠷᠯᠡᠭᠰᠡᠨ ᠪᠥᠭᠦ ᠤᠯᠤᠰ ᠤᠨ ᠠᠷᠪᠠᠨ ᠨᠢᠬᠡᠳᠥᠬᠡᠷ ᠬᠤᠭᠤᠴᠠᠭᠠᠨ ᠤ ᠵᠡᠮᠳᠡᠭᠴᠦᠳ ᠤᠨ ᠲᠠᠮᠢᠷ ᠤᠨ ᠴᠤᠭᠯᠠᠭᠠᠨ ᠵᠢᠴᠢ ᠨᠠᠢᠮᠠᠳᠤᠭᠠᠷ ᠬᠤᠭᠤᠴᠠᠭᠠᠨ ᠤ ᠣᠨᠴᠠᠭᠠᠶ ᠣᠯᠢᠮᠫᠢᠺ ᠤᠨ ᠲᠠᠮᠢᠷ ᠤᠨ ᠴᠤᠭᠯᠠᠭᠠᠨ ᠳᠤ ᠮᠠᠠ ᠤ ᠬᠤᠳᠠ ᠶᠢᠨ ᠳᠠᠮᠢᠷᠴᠢᠨ ᠰᠥᠨ ᠫᠸᠡᠭ ᠰᠢᠶᠠᠩ ᠰᠢᠳᠡᠬᠦᠷ ᠵᠢᠳᠠ ᠶᠢᠨ F41 ᠳᠡᠰ ᠤᠨ ᠤᠷᠤᠯᠳᠤᠭᠠᠨ ᠳᠤ 46.16 ᠮᠧᠲᠷ᠂ ᠭᠤᠤ ᠶᠦᠩ ᠴᠢᠶᠠᠩ ᠬᠢᠨᠵᠢᠳᠤ ᠪᠥᠮᠪᠦᠭᠡ ᠶᠢᠨ ᠤᠷᠤᠯᠳᠤᠭᠠᠨ ᠳᠤ 55.37 ᠮᠧᠲᠷ ᠤᠨ ᠬᠢᠷᠢ ᠪᠥᠳᠤᠮᠵᠢ ᠪᠠᠷ ᠳᠤᠰ ᠳᠤᠰ ᠠᠯᠳᠠᠨ ᠮᠧᠳᠠᠯ ᠲᠤᠰᠪᠠ᠃      ᠲᠤᠤᠺᠢᠤ᠋ ᠶᠢᠨ ᠵᠡᠮᠳᠡᠭᠴᠤᠳ ᠤᠨ ᠤᠯᠢᠮᠫᠢᠺ ᠤᠨ ᠠᠯᠳᠠᠨ ᠮᠧᠳᠠᠯᠳᠤ ᠳᠠᠮᠢᠷᠴᠢᠨ ᠰᠥᠨ ᠫᠸᠡᠭ ᠰᠢᠶᠠᠩ ᠡᠷᠡᠭᠲᠠᠢ ᠶᠢᠨ ᠰᠢᠳᠡᠬᠦᠷ ᠵᠢᠳᠠ ᠶᠢᠨ F41 ᠳᠡᠰ ᠤᠨ ᠤᠷᠤᠯᠳᠤᠭᠠᠨ ᠳᠤ 47.13 ᠮᠧᠲᠷ ᠤᠨ ᠬᠢᠷᠢ ᠪᠥᠳᠤᠮᠵᠢ ᠪᠠᠷ ᠳᠡᠯᠡᠬᠡᠢ ᠶᠢᠨ ᠳᠡᠮᠳᠡᠭᠯᠡᠯ ᠢ ᠰᠢᠨᠡᠳᠬᠡᠭᠰᠡᠨ ᠶᠤᠮ᠃ ᠡᠨᠡ ᠤᠳᠠᠭ᠎ᠠ ᠶᠢᠨ ᠪᠥᠭᠦ ᠤᠯᠤᠰ ᠤᠨ ᠵᠡᠮᠳᠡᠭᠴᠤᠳ ᠤᠨ ᠳᠠᠮᠢᠷ ᠤᠨ ᠤᠷᠤᠯᠳᠤᠭᠠᠨ ᠳᠤ ᠳᠡᠷᠡ 3 ᠲᠥᠷᠥᠯ ᠤᠨ ᠤᠷᠤᠯᠳᠤᠭᠠᠨ ᠳᠤ ᠳᠤᠰ ᠳᠤᠰ ᠠᠯᠳᠠ᠂ ᠮᠥᠡᠭᠭᠦ᠂ ᠬᠥᠷᠡᠯ ᠮᠧᠳᠠᠯ ᠢᠶᠠᠷ ᠡ᠊ᠡᠭᠬᠡᠷ ᠢᠶᠠᠨ ᠮᠢᠯᠢᠶᠠᠯᠭᠠᠵᠠᠢ᠃      ᠡᠨᠡ ᠵᠢᠯ 37 ᠨᠠᠰᠤᠲᠠᠢ ᠭᠤᠤ ᠶᠦᠩ ᠴᠢᠶᠠᠩ ᠪᠥᠭᠦ ᠤᠯᠤᠰ ᠤᠨ ᠬᠢᠨᠵᠢᠳᠤ ᠪᠥᠮᠪᠦᠭᠡ ᠶᠢᠨ 52.21 ᠮᠧᠲᠷ ᠤᠨ ᠳᠡᠮᠳᠡᠭᠯᠡᠯ ᠢ 55.37 ᠮᠧᠲᠷ ᠢᠶᠠᠷ ᠲᠠᠭᠢᠨᠳᠠ ᠰᠢᠨᠡᠳᠬᠡᠵᠠᠢ᠃ ᠳᠡᠷᠡ ᠤᠳᠤᠬᠠᠨ ᠪᠤᠯᠳᠠᠯ᠎ᠠ ᠪᠥᠭᠦ ᠤᠯᠤᠰ ᠤᠨ ᠵᠡᠮᠳᠡᠭᠴᠤᠳ ᠤᠨ ᠳᠠᠮᠢᠷ ᠤᠨ ᠤᠷᠤᠯᠳᠤᠭᠠᠨ ᠳᠤ ᠨᠠᠶᠢᠳᠠ 5 ᠬᠤᠭᠤᠴᠠᠭ᠎ᠠ ᠤᠷᠤᠯᠴᠠᠵᠤ᠂ ᠨᠠᠢᠮᠠᠳᠤᠭᠠᠷ ᠂ ᠶᠢᠰᠥᠳᠥᠬᠡᠷ ᠬᠤᠭᠤᠴᠠᠭᠠᠨ ᠤ ᠪᠥᠭᠦ ᠤᠯᠤᠰ ᠤᠨ ᠵᠡᠮᠳᠡᠭᠴᠤᠳ ᠤᠨ ᠤᠷᠤᠯᠳᠤᠭᠠᠨ ᠤ ᠬᠢᠨᠵᠢᠳᠤ ᠪᠥᠮᠪᠦᠭᠡ ᠶᠢᠨ ᠤᠷᠤᠯᠳᠤᠭᠠᠨ ᠳᠤ ᠳᠤᠰ ᠳᠤᠰ ᠠᠯᠳᠠᠨ ᠮᠧᠳᠠᠯ ᠢ ᠳᠤᠰᠴᠤ ᠥᠡᠭᠬᠡᠷᠡᠭᠰᠡᠨ ᠶᠤᠮ᠃      ᠥᠢᠯᠠᠭᠠᠭᠰᠠᠨ ᠢᠶᠠᠷ᠂ ᠰᠥᠨ ᠫᠸᠡᠭ ᠰᠢᠶᠠᠩ ᠪᠤᠯ ᠤᠷᠳᠤᠰ ᠬᠤᠳᠠ ᠶᠢᠨ ᠳ᠋ᠥᠡᠭᠱᠸᠡᠭ ᠳᠤᠭᠤᠷᠢᠭ ᠤᠨ ᠬᠥᠮᠤᠨ᠂ 2011 ᠤᠨ ᠠᠴᠠ ᠡᠬᠢᠯᠡᠨ ᠮᠠᠨ ᠤ ᠬᠤᠳᠠ ᠶᠢᠨ ᠵᠡᠮᠳᠡᠭᠴᠤᠳ ᠤᠨ ᠬᠥᠨᠳᠤ ᠬᠥᠡᠭᠬᠡᠨ ᠪᠡᠶ᠎ᠠ ᠶᠢᠨ ᠳᠠᠮᠢᠷ ᠤᠨ ᠪᠤᠯᠪᠠᠰᠤᠷᠠᠯ ᠤᠨ ᠰᠠᠭᠤᠷᠢᠨ ︵ᠤᠷᠳᠤᠰ ᠬᠤᠳᠠ ᠶᠢᠨ ᠮᠤᠩᠭᠤᠯ ᠥᠨᠳᠥᠰᠥᠳᠡᠨ ᠤ ᠳᠤᠮᠳᠠᠳᠤ ᠰᠤᠷᠭᠠᠭᠤᠯᠢ ︶᠎ ᠳᠤ ᠪᠤᠯᠪᠠᠰᠤᠷᠠᠯ ᠬᠥᠷᠳᠡᠵᠤ ᠡᠬᠢᠯᠡᠵᠡᠢ᠃ ᠭᠤᠤ ᠶᠦᠩ ᠴᠢᠶᠠᠩ ᠳᠠᠯᠠᠳ ᠬᠤᠰᠢᠭᠤ ᠪᠠᠷ ᠨᠤᠳᠤᠭ ᠲᠠᠢ᠂ 2005 ᠤᠨ ᠳᠤ ᠮᠥᠨ ᠮᠠᠨ ᠤ ᠬᠤᠳᠠ ᠶᠢᠨ ᠵᠡᠮᠳᠡᠭᠴᠤᠳ ᠤᠨ ᠬᠥᠨᠳᠤ ᠬᠥᠡᠭᠬᠡᠨ ᠳᠠᠮᠢᠷ ᠤᠨ ᠪᠤᠯᠪᠠᠰᠤᠷᠠᠯ ᠤᠨ ᠰᠠᠭᠤᠷᠢᠨ ᠳᠤ ᠪᠤᠯᠪᠠᠰᠤᠷᠠᠯ ᠬᠥᠷᠳᠡᠵᠤ᠂ ᠳᠡᠳᠡ ᠬᠤᠶᠠᠭᠤᠯᠠ ᠪᠠᠨ ᠤᠷᠢᠳ ᠬᠤᠵᠢᠳ ᠳᠠᠰᠬᠠᠵᠢᠭᠤᠯᠤᠭᠴᠢ ᠬᠠᠰᠯᠤᠤ ᠳᠤ ᠱᠠᠪᠢ ᠤᠷᠤᠵᠤ᠂ ᠵᠡᠮᠳᠡᠭᠴᠤᠳ ᠤᠨ ᠪᠡᠶ᠎ᠠ ᠶᠢᠨ ᠳᠠᠮᠢᠷ ᠤᠨ ᠥᠢᠯᠡᠰ ᠲᠠᠢ ᠬᠤᠪᠢ ᠪᠠᠷᠢᠯᠳᠤᠯᠭ᠎ᠠ ᠪᠠᠨ ᠬᠤᠯᠪᠤᠭᠰᠠᠨ ᠪᠠᠶᠢᠨ᠎ᠠ᠃
 
ᠢᠷᠡᠯᠲᠡ᠄ ᠤᠷᠳᠤᠰ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号