ᠵᠢᠷ ᠤᠨ ᠮᠠᠯᠴᠢᠨ ᠤ ᠬᠥᠰᠡᠯ ᠪᠠ ᠴᠢᠷᠮᠠᠶᠢᠯᠭ᠎ᠠ
ᠨᠡᠶᠢᠲᠡᠯᠡᠭᠰᠡᠨ ᠴᠠᠭ᠄
2021/11/1
     ᠲᠥᠷᠥᠭᠦᠥ ᠪᠠᠷ ᠪᠢ ᠤᠷᠠᠠᠴᠢᠮᠡᠭ ᠤᠨ ᠤᠷᠠᠨ ᠬᠠᠳᠬᠤᠮᠠᠯ ᠤᠨ ᠪᠥᠲᠥᠭᠡᠯ ᠰᠢᠯᠢᠳᠡᠭ ᠱᠠᠩᠨᠠᠯ ᠲᠣᠰᠤᠭᠰᠠᠨ ᠲᠣᠬᠠᠢ ᠮᠡᠳᠡᠭᠡᠯᠡᠯ ᠢ ᠵᠢᠷᠬᠢᠶ᠎ᠠ ᠠᠴᠠ ᠰᠤᠨᠢᠷᠬᠠᠨ ᠣᠩᠰᠢᠭᠠᠳ ︽ᠡᠨᠡ ᠤᠷᠠᠠᠴᠢᠮᠡᠭ ᠭᠡᠭᠴᠢ ᠨᠢ ᠠᠯᠢ ᠨᠣᠲᠤᠭ ᠤᠨ ᠭᠥᠮᠥᠨ ᠪᠣᠯᠴᠢᠬᠠᠪᠠ︖︾ ᠭᠡᠵᠦ ᠰᠤᠨᠢᠷᠬᠠᠨ ᠭᠠᠶᠢᠬᠠᠵᠤ ᠴᠢᠨᠠᠭᠰᠢ ᠰᠡᠭᠦᠳᠡᠷ ᠵᠢᠷᠤᠭ ᠤᠳ ᠢ ᠨᠢ ᠨᠠᠷᠢᠪᠴᠢᠯᠠᠨ ᠥᠵᠡᠬᠦᠯᠡᠷ ᠥᠭᠡᠷ᠎ᠡ ᠭᠥᠮᠥᠨ ᠪᠤᠰᠤ᠂ ᠬᠠᠷᠢᠨ ᠴᠢᠪ ᠭᠡᠮᠡᠨ ᠮᠢᠨᠥ ᠪᠠᠭ᠎ᠠ ᠰᠤᠷᠭᠠᠭᠤᠯᠢ ᠶᠢᠨ ᠬᠠᠮᠲᠤ ᠰᠤᠷᠤᠯᠭᠠᠳᠠᠨ ᠤᠷᠠᠠᠴᠢᠮᠡᠭ ᠪᠠᠶᠢᠯ᠎ᠠ᠃
     ᠤᠷᠠᠠᠴᠢᠮᠡᠭ ᠪᠢᠳᠡ ᠬᠤᠶᠠᠷ 1967 ᠣᠨ ᠳᠤ ᠥᠥᠰᠢᠨ ᠬᠤᠰᠢᠭᠤᠨ ᠤ ᠨᠢᠭᠡᠳᠥᠭᠡᠷ ᠪᠥᠷᠢᠨ ᠪᠠᠭ᠎ᠠ ᠰᠤᠷᠭᠠᠭᠤᠯᠢ ᠳᠤ ᠤᠷᠤᠵᠤ ᠨᠢᠭᠡ ᠠᠩᠭᠢ ᠳᠤ ᠰᠠᠭᠤᠭᠰᠠᠨ ᠶᠤᠮ᠃ ᠲᠡᠷᠡ ᠪᠠᠭ᠎ᠠ ᠰᠤᠷᠭᠠᠭᠤᠯᠢ ᠪᠠᠨ ᠳᠤᠷᠭᠤᠨ ᠲᠡᠭᠦᠰᠬᠡᠵᠦ ᠭᠥᠳᠡᠭᠡ ᠭᠡᠷ ᠲᠡᠭᠡᠨ ᠬᠠᠷᠢᠭᠰᠠᠨ ᠠᠴᠠ ᠬᠤᠶᠢᠰᠢ ᠪᠢᠳᠡ ᠬᠤᠶᠠᠷ ᠵᠤᠯᠭᠠᠬᠰᠠᠨ ᠦᠭᠡᠢ ᠣᠨ ᠶᠡᠭᠡ ᠤᠳᠠᠪᠠ᠃ ᠵᠣᠯ ᠢᠶᠠᠷ ᠡᠨᠡ ᠤᠳᠠᠭ᠎ᠠ ᠳᠡᠬᠦᠨ ᠤ ᠱᠠᠩᠨᠠᠯ ᠤᠯᠤᠭᠰᠠᠨ ᠮᠡᠳᠡᠭᠡᠯᠡᠯ ᠢ ᠤᠩᠰᠢᠭᠠᠳ ᠤᠷᠠᠠᠴᠢᠮᠡᠭ ᠨᠠᠶᠢᠵᠠ ᠶᠢᠨ ᠢᠶᠠᠨ ᠲᠥᠯᠥᠭᠡ ᠪᠠᠶᠠᠷᠯᠠᠨ ᠣᠮᠣᠭᠰᠢᠵᠤ ᠳᠡᠭᠦᠨ ᠢ ᠪᠢ ᠤᠲᠠᠰᠤ ᠪᠠᠷ ᠰᠤᠷᠪᠤᠯᠵᠢᠯᠠᠭᠰᠠᠨ ᠶᠤᠮ᠃      ᠤᠷᠠᠠᠴᠢᠮᠡᠭ ᠰᠤᠷᠪᠤᠯᠵᠢᠯᠠᠭ᠎ᠠ ᠬᠥᠯᠢᠶᠡᠬᠦ ᠳᠡᠭᠡᠨ ᠦᠡᠭᠭᠡᠷᠡᠯᠳᠡ ᠪᠠᠨ ᠨᠠᠳᠠ ᠰᠠᠶᠢᠬᠠᠨ ᠶᠠᠷᠢᠪᠠ᠃ ᠲᠡᠷᠡ᠄      ᠬᠠᠮᠲᠤ ᠰᠤᠷᠤᠯᠭᠠᠳᠠᠨ ᠮᠢᠨᠢ᠂ ᠪᠢ ᠥᠥᠰᠢᠨ ᠬᠤᠰᠢᠭᠤᠨ ᠤ ᠭᠠᠯᠠᠭᠤᠲᠤ ᠪᠠᠯᠭᠠᠰᠤᠨ ᠤ ᠪᠤᠵᠡᠢ ᠭᠠᠴᠠᠭᠠᠨ ᠤ ᠭᠠᠯᠠᠭᠤᠲᠤ ᠮᠠᠯᠵᠢᠯ ᠤᠨ ᠬᠤᠷᠰᠢᠶᠡᠨ ᠤ ᠮᠠᠯᠴᠢᠨ᠂ ᠡᠨᠡ ᠵᠢᠯ 66 ᠨᠠᠰᠤᠲᠠᠢ᠂ ᠤᠳᠤ ᠭᠠᠯᠠᠭᠤᠳᠤ ᠪᠠᠯᠭᠠᠰᠤᠨ ᠳᠤ ᠬᠥᠥ ᠪᠡᠷᠢ ᠲᠠᠢ ᠪᠠᠨ ᠰᠠᠭᠤᠵᠤ ᠤᠮᠪᠣᠯᠤ ᠪᠠᠨ ᠬᠠᠷᠠᠬᠤ ᠶᠢᠨ ᠳᠠᠭᠠᠤ ᠬᠠᠳᠬᠤᠮᠠᠯ ᠬᠠᠳᠬᠤᠵᠤ ᠪᠠᠶᠢᠨ᠎ᠠ᠃ ᠲᠤᠬᠠᠢ ᠶᠢᠨ ᠦᠶ᠎ᠡ ᠳᠤ ᠪᠢ ᠭᠡᠷ ᠤᠨ ᠠᠮᠢᠲᠤᠷᠠᠯ ᠤᠨ ᠭᠥᠴᠢᠷᠳᠡᠯ ᠠᠴᠠ ᠪᠤᠯᠵᠤ ᠪᠠᠭ᠎ᠠ ᠰᠤᠷᠭᠠᠭᠤᠯᠢ ᠶᠢᠨ ᠰᠤᠶᠤᠯ ᠤᠨ ᠮᠥᠷ ᠢᠶᠠᠨ ᠳᠤᠲᠠᠭᠤ ᠳᠤᠷᠭᠤᠨ ᠤᠷᠬᠢᠭᠰᠠᠨ ᠳᠠᠭᠠᠨ ᠨᠠᠰᠤᠨ ᠲᠤᠷᠰᠢ ᠬᠠᠷᠠᠮᠰᠠᠭᠠᠳ ᠪᠠᠷᠠᠰᠢ ᠦᠭᠡᠢ᠃ ᠬᠤᠨᠢ ᠢᠮᠠᠭᠠᠨ ᠤ ᠪᠡᠯᠴᠢᠭᠡᠷ ᠠᠴᠠ ᠪᠠᠨ ᠬᠤᠯᠠ ᠶᠠᠪᠤᠵᠤ ᠥᠵᠡᠭᠡ ᠦᠭᠡᠢ ᠭᠥᠳᠡᠭᠡ ᠶᠢᠨ ᠮᠠᠯᠴᠢᠨ ᠪᠥᠰᠡᠬᠦᠢ ᠪᠢ ᠶᠠᠮᠠᠷ ᠴᠦ ᠥᠨ᠎ᠡ ᠥᠷᠳᠡᠭ ᠦᠭᠡᠢ᠂ ᠭᠠᠪᠢᠶ᠎ᠠ ᠵᠢᠳᠬᠦᠯ ᠦᠭᠡᠢ ᠪᠠᠷ ᠵᠠᠯᠠᠭᠤ ᠽᠠᠠᠳᠠᠨ ᠨᠠᠰᠤ ᠪᠠᠨ ᠲᠠᠯᠠᠭᠠᠷ ᠥᠩᠭᠡᠷᠡᠭᠦᠯᠥᠭᠰᠡᠨ ᠳᠡᠭᠡᠨ ᠥᠨᠡᠭᠡᠷ ᠬᠠᠷᠠᠮᠰᠠᠵᠤ ᠪᠠᠶᠢᠨ᠎ᠠ᠃ ᠨᠡᠩ ᠴᠦ ᠮᠢᠨᠥ ᠵᠥᠳᠡᠬᠦᠬᠡᠨ ᠠᠮᠢᠳᠤᠷᠠᠯ ᠤᠨ ᠵᠠᠮ ᠳᠤ ᠵᠦᠢᠯ ᠵᠦᠢᠯ ᠤᠨ ᠨᠣᠭᠤᠷᠠᠯ ᠪᠥᠳᠥᠷᠢᠯ ᠳᠣᠬᠢᠶᠠᠯᠳᠤᠵᠤ ᠪᠢᠯᠡ᠃ ᠭᠡᠪᠡᠴᠦ ᠪᠢ ᠨᠢᠭᠡᠳ ᠨᠢᠭᠡ ᠪᠠᠷ ᠵᠣᠷᠢᠭᠲᠠᠢ ᠲᠤᠭᠤᠯᠵᠤ ᠢᠷᠡᠭᠰᠡᠨ᠃ ᠨᠠᠳᠠ ᠪᠠᠰᠠ ᠭᠥᠷᠥᠯᠴᠡᠬᠦ ᠦᠭᠡᠢ ᠲᠠᠯ᠎ᠠ ᠠᠷᠪᠢᠨ ᠪᠤᠢ᠃ ᠬᠡᠭᠦ ᠳᠡᠭᠡᠨ ᠪᠢ ᠥᠪᠡᠷ ᠤᠨ ᠣᠠᠴᠠᠯᠢᠭ ᠪᠣᠶᠣ ᠳᠣᠷ᠎ᠠ ᠰᠣᠨᠢᠷᠬᠠᠯ ᠳᠠᠭᠠᠨ ᠳᠣᠬᠢᠷᠠᠭᠰᠠᠨ ᠤᠷᠠᠨ ᠬᠠᠳᠬᠤᠮᠠᠯ ᠤᠨ ᠡᠷᠳᠡᠮ ᠢ ᠰᠤᠷᠴᠦ ᠡᠵᠡᠮᠰᠢᠴᠢᠭᠡᠪᠡᠯ ᠨᠠᠶᠢᠬᠡᠮ ᠨᠡᠶᠢᠳᠡ ᠳᠤ ᠪᠠᠭ᠎ᠠ ᠰᠠᠭ᠎ᠠ ᠴᠦ ᠭᠡᠰᠡᠨ ᠠᠴᠢ ᠲᠤᠰᠠ ᠬᠦᠷᠭᠡᠵᠤ ᠴᠢᠳᠠᠬᠤ ᠮᠠᠭᠠᠳ ᠦᠭᠡᠢ ᠭᠡᠰᠡᠨ ᠰᠠᠶᠢᠬᠠᠨ ᠭᠥᠰᠡᠯ ᠪᠣᠳᠣᠯ ᠢ ᠡᠪᠥᠷᠯᠡᠵᠦ 2009᠎ ᠠᠴᠠ ᠡᠬᠢᠯᠡᠵᠦ ᠬᠤᠸᠠᠷ ᠬᠠᠳᠬᠤᠭᠰᠠᠨ ᠶᠤᠮ᠃
     ᠥᠨᠡᠨ ᠳᠡᠭᠡᠨ ᠮᠢᠨᠥ ᠮᠥᠮᠥ ᠮᠠᠰᠢ ᠤᠷᠠᠨ ᠤᠶᠤᠳᠠᠯᠴᠢᠨ᠂ ᠬᠠᠳᠬᠤᠮᠠᠯᠴᠢᠨ ᠪᠠᠶᠢᠭᠰᠠᠨ ᠶᠤᠮ᠃ ᠪᠢ ᠠᠷᠪᠠᠨ ᠬᠡᠳᠦᠨ ᠨᠠᠰᠤᠳᠠᠢ ᠲᠠᠢ ᠠᠴᠠ ᠪᠠᠨ ᠡᠬᠢᠯᠡᠨ ᠮᠥᠮᠥ ᠪᠠᠷ ᠢᠶᠠᠨ ᠵᠢᠭᠠᠯᠭᠠᠵᠤ ᠵᠣᠯᠤᠭ ᠤᠶᠤᠵᠤ ᠱᠠᠬᠠᠢ ᠣᠯᠠᠯᠠᠵᠤ ᠪᠠᠶᠢᠵᠠᠢ᠃ ᠮᠢᠨᠥ ᠪᠠᠭ᠎ᠠ ᠶᠢᠨ ᠦᠶ᠎ᠡ ᠳᠤ ︽ᠠᠷᠪᠠᠨ ᠵᠢᠯ ᠤᠨ ᠰᠠᠮᠠᠭᠤᠷᠠᠯ︾ ᠲᠠᠭᠠᠷᠠᠭᠰᠠᠨ ᠲᠤᠯᠠ ᠤᠯᠠᠮᠵᠢᠯᠠᠯᠲᠤ ᠤᠷᠠᠨ ᠬᠠᠳᠬᠤᠮᠠᠯ ᠤᠨ ᠵᠦᠢᠯᠡᠰ ᠢ ᠵᠠᠯᠭᠠᠮᠵᠢᠯᠠᠬᠤ ᠳᠤ ᠭᠥᠴᠢᠷ ᠲᠠᠢ ᠪᠤᠯᠵᠤ᠂ ᠪᠢ ᠮᠥᠮᠥ ᠠᠴᠠ ᠪᠠᠨ ᠡᠨᠡ ᠬᠦ ᠤᠯᠠᠮᠵᠢᠯᠠᠯᠲᠤ ᠤᠷᠠᠨ ᠬᠠᠳᠬᠤᠮᠠᠯ ᠤᠨ ᠡᠷᠳᠡᠮ ᠢ ᠰᠤᠷᠴᠤ ᠲᠠᠶᠢᠯᠥᠭᠰᠡᠨ ᠦᠭᠡᠢ᠂ ᠮᠠᠰᠢ ᠬᠠᠷᠠᠮᠰᠠᠳᠠᠭ᠃ ᠮᠥᠮᠥ ᠮᠢᠨᠢ ᠪᠤᠷᠬᠠᠨ ᠪᠣᠯᠴᠢᠬᠠᠭᠰᠠᠨ ᠪᠣᠯᠬᠤᠷ ᠪᠢ ᠬᠤᠵᠢᠮ ᠨᠢ ᠭᠥᠬᠡᠲᠤᠯᠤᠭᠠᠢ ᠭᠠᠴᠠᠭᠠᠨ ᠤ ᠰᠡᠷᠡᠩᠨᠡᠮᠢᠳ ᠨᠠᠰᠤᠲᠠᠨ ᠠᠴᠠ ᠤᠷᠠᠨ ᠬᠠᠳᠬᠤᠮᠠᠯ ᠤᠨ ᠲᠤᠬᠠᠢ ᠨᠠᠷᠢᠨ ᠡᠷᠳᠡᠮ ᠢ ᠰᠢᠰᠲ᠋ᠧᠮ ᠲᠠᠢ ᠰᠤᠷᠪᠠ᠃ ᠪᠢ ᠤᠷᠠᠨ ᠬᠠᠳᠬᠤᠮᠠᠯ ᠤᠨ ᠮᠡᠷᠭᠡᠵᠢᠯ ᠢᠶᠠᠨ ᠨᠡᠩ ᠰᠠᠶᠢᠨ ᠳᠡᠭᠡᠭᠰᠢᠯᠡᠬᠦᠯᠬᠦ ᠶᠢᠨ ᠲᠥᠯᠥᠭᠡ 2019 ᠣᠨ ᠳᠤ ᠥᠪᠥᠷ ᠮᠣᠩᠭᠤᠯ ᠤᠨ ᠥᠪᠡᠷᠳᠡᠭᠡᠨ ᠵᠠᠰᠠᠬᠤ ᠤᠷᠤᠨ ᠤ ᠥᠡᠳᠥᠰᠥᠲᠡᠨ ᠤ ᠬᠤᠪᠴᠠᠰᠣ ᠵᠠᠰᠠᠯ ᠤᠨ ᠨᠡᠶᠢᠭᠡᠮᠯᠢᠭ᠂ ᠥᠪᠥᠷ ᠮᠣᠩᠭᠤᠯ ᠤᠨ ᠬᠤᠳᠠᠯᠲᠤᠭ᠎ᠠ ᠠᠷᠠᠯᠵᠢᠶᠠᠨ ᠤ ᠠᠵᠢᠯ ᠮᠡᠷᠭᠡᠵᠢᠯ ᠤᠨ ᠳᠡᠭᠡᠲᠤ ᠰᠤᠷᠭᠠᠭᠤᠯᠢ ᠶᠢᠨ ᠤᠷᠠᠯᠢᠭ ᠤᠨ ᠵᠢᠷᠤᠭ ᠲᠥᠰᠥᠪᠯᠡᠯ ᠤᠨ ᠰᠠᠯᠪᠤᠷᠢ᠂ ᠣᠷᠳᠣᠰ ᠤᠨ ᠮᠥᠩᠭᠦᠡᠰᠣᠣᠵᠢ ᠥᠡᠳᠥᠰᠥᠲᠡᠨ ᠤ ᠬᠤᠪᠴᠠᠰᠣ ᠵᠠᠰᠠᠯ ᠤᠨ ᠬᠢᠵᠠᠭᠠᠷᠲᠤ ᠬᠠᠷᠢᠭᠤᠴᠠᠯᠭᠠᠲᠤ ᠺᠤᠮᠫᠠᠨᠢ᠂ ᠥᠥᠰᠢᠨ ᠬᠤᠰᠢᠭᠤᠨ ᠤ ᠠᠡᠳᠠ ᠠᠵᠢᠯ ᠮᠡᠷᠭᠡᠵᠢᠯ ᠤᠨ ᠪᠣᠯᠪᠠᠰᠤᠷᠠᠯ ᠤᠨ ᠰᠤᠷᠭᠠᠭᠤᠯᠢ ᠠᠴᠠ ᠡᠷᠬᠢᠯᠡᠭᠰᠡᠨ ︽ᠤᠷᠳᠣᠰ ᠳᠠᠷᠤᠭᠤᠯᠭ᠎ᠠ᠂ ᠤᠷᠠᠨ ᠬᠠᠳᠬᠤᠮᠠᠯ᠂ ᠮᠠᠬᠠᠢ ᠤᠷᠠᠯᠠᠵᠤ ᠤᠶᠤᠬᠤ ᠪᠣᠯᠪᠠᠰᠤᠷᠠᠯ ᠤᠨ ᠠᠩᠭᠢ︾᠎ ᠳᠤ ᠨᠢᠭᠡ ᠰᠠᠷ᠎ᠠ ᠰᠤᠷᠤᠯᠴᠠᠵᠤ᠂ 2020 ᠣᠨ ᠤ 12 ᠰᠠᠷ᠎ᠠ ᠳᠤ ᠥᠥᠰᠢᠨ ᠬᠤᠰᠢᠭᠤᠨ ᠤ ᠰᠤᠶᠤᠯ ᠪᠠ ᠵᠤᠭᠠᠴᠠᠯ ᠤᠨ ᠲᠣᠪᠴᠢᠶ᠎ᠡ᠂ ᠥᠥᠰᠢᠨ ᠬᠤᠰᠢᠭᠤᠨ ᠤ ᠰᠤᠶᠤᠯ ᠤᠨ ᠣᠷᠳᠣᠨ ᠤ ᠪᠤᠳᠠᠰ ᠤᠨ ᠪᠤᠰᠤ ᠰᠤᠶᠤᠯ ᠤᠨ ᠥᠪ ᠤᠨ ᠬᠠᠮᠠᠭᠠᠯᠠᠯᠲᠠ ᠶᠢᠨ ᠠᠯᠪᠠᠨ ᠭᠡᠷ ᠠᠴᠠ ᠡᠷᠬᠢᠯᠡᠭᠰᠡᠨ ︽ᠤᠷᠳᠤᠰ ᠮᠠᠬᠠᠢ ᠤᠷᠠᠯᠠᠯ ᠤᠨ ᠪᠤᠯᠪᠠᠰᠤᠷᠠᠯ ᠤᠨ ᠠᠩᠭᠢ︾᠎ ᠳᠤ 37 ᠡᠳᠥᠷ ᠰᠤᠷᠤᠯᠴᠠᠵᠤ᠂ 2021 ᠣᠨ ᠤ 9 ᠰᠠᠷ᠎ᠠ ᠳᠤ ᠥᠥᠰᠢᠨ ᠬᠤᠰᠢᠭᠤᠨ ᠤ ᠰᠤᠶᠤᠯ ᠪᠠ ᠵᠤᠭᠠᠴᠠᠯ ᠤᠨ ᠲᠣᠪᠴᠢᠶ᠎ᠡ᠂ ᠥᠥᠰᠢᠨ ᠬᠤᠰᠢᠭᠤᠨ ᠤ ᠰᠤᠶᠤᠯ ᠤᠨ ᠣᠷᠳᠣᠨ ᠤ ᠪᠤᠳᠠᠰ ᠤᠨ ᠪᠤᠰᠤ ᠰᠤᠶᠤᠯ ᠤᠨ ᠥᠪ ᠤᠨ ᠬᠠᠮᠠᠭᠠᠯᠠᠯᠲᠠ ᠶᠢᠨ ᠠᠯᠪᠠᠨ ᠭᠡᠷ᠂ ᠥᠥᠰᠢᠨ ᠬᠤᠰᠢᠭᠤᠨ ᠤ ︽ᠤᠷᠠᠨ ᠪᠥᠰᠡᠬᠦᠢ︾ ᠤᠷᠠᠨ ᠬᠠᠳᠬᠤᠮᠠᠯ ᠤᠨ ᠠᠵᠢᠯ ᠤᠨ ᠥᠷᠳᠡᠭᠡ ᠠᠴᠠ ᠡᠷᠭᠢᠯᠡᠭᠰᠡᠨ ︽ᠤᠷᠳᠤᠰ ᠬᠠᠳᠬᠤᠮᠠᠯ ᠤᠨ ᠤᠷᠠᠨ ᠮᠡᠷᠭᠡᠵᠢᠯ ᠤᠨ ᠪᠣᠯᠪᠠᠰᠤᠷᠠᠯ ᠤᠨ ᠠᠩᠭᠢ︾᠎ ᠳᠤ ᠬᠠᠭᠠᠰ ᠰᠠᠷ᠎ᠠ ᠰᠤᠷᠤᠯᠴᠠᠵᠤ᠂ 2021 ᠣᠨ ᠤ 9 ᠰᠠᠷ᠎ᠠ ᠳᠤ ᠣᠷᠳᠣᠰ ᠬᠤᠲᠠ ᠶᠢᠨ ᠳ᠋ᠥᠩᠱᠧᠩ ᠲᠣᠭᠤᠷᠢᠭ ᠤᠨ ᠥᠡᠳᠥᠰᠥᠲᠡᠨ ᠤ ᠬᠡᠷᠡᠭ ᠡᠷᠬᠢᠯᠡᠬᠦ ᠵᠥᠪᠯᠡᠯ᠂ ᠳ᠋ᠥᠩᠱᠧᠩ ᠲᠣᠭᠤᠷᠢᠭ ᠤᠨ ᠵᠣᠯ ᠵᠢᠷᠭᠠᠯ ᠠᠵᠢᠯ ᠮᠡᠷᠭᠡᠵᠢᠯ ᠤᠨ ᠪᠤᠯᠪᠠᠰᠤᠷᠠᠯ ᠤᠨ ᠰᠤᠷᠭᠠᠭᠤᠯᠢ ᠠᠴᠠ ᠡᠷᠬᠢᠯᠡᠭᠰᠡᠨ ︽ᠥᠡᠳᠥᠰᠥᠲᠡᠨ ᠤ ᠭᠠᠷ ᠤᠷᠠᠯᠠᠯ ᠢ ᠥᠢᠯᠡᠳᠬᠦ ᠪᠣᠯᠪᠠᠰᠤᠷᠠᠯ︾᠎ ᠳᠤ ᠣᠷᠣᠯᠴᠠᠭᠠᠳ ᠴᠥᠮ ᠰᠢᠯᠢᠳᠡᠭ ᠬᠢᠷᠢ ᠪᠥᠲᠥᠮᠵᠢ ᠲᠠᠢ ᠲᠡᠭᠦᠰᠴᠦ᠂ ᠤᠷᠠᠨ ᠬᠠᠳᠬᠤᠮᠠᠯ ᠤᠨ ᠲᠤᠬᠠᠢ ᠮᠡᠳᠡᠯᠭᠡ ᠮᠡᠷᠭᠡᠵᠢᠯ ᠢᠶᠠᠨ ᠳᠡᠭᠡᠭᠰᠢᠯᠡᠬᠦᠯᠪᠡ᠃ 2020 ᠣᠨ ᠤ 9 ᠰᠠᠷ᠎ᠠ ᠳᠤ ᠣᠷᠳᠣᠰ ᠬᠤᠲᠠ ᠶᠢᠨ ᠠᠷᠠᠳ ᠤᠨ ᠤᠳᠬ᠎ᠠ ᠤᠷᠠᠯᠢᠭᠴᠢᠳ ᠤᠨ ᠬᠢᠨ ᠤ ᠨᠡᠶᠢᠬᠡᠮᠯᠢᠭ᠂ ᠥᠥᠰᠢᠨ ᠬᠤᠰᠢᠭᠤᠨ ᠤ ᠤᠳᠬ᠎ᠠ ᠤᠷᠠᠯᠢᠭ ᠤᠨ ᠬᠢᠨ ᠤ ᠬᠤᠯᠪᠣᠭ᠎ᠠ᠂ ᠥᠥᠰᠢᠨ ᠬᠤᠰᠢᠭᠤᠨ ᠤ ᠠᠷᠠᠳ ᠤᠨ ᠤᠳᠬ᠎ᠠ ᠤᠷᠠᠯᠢᠭᠴᠢᠳ ᠤᠨ ᠡᠪᠯᠡᠯ ᠠᠴᠠ ᠡᠷᠬᠢᠯᠡᠭᠰᠡᠨ ︽ᠬᠤᠶᠠᠳᠣᠭᠠᠷ ᠬᠤᠭᠤᠴᠠᠭᠠᠨ ᠤ ᠣᠷᠳᠣᠰ ᠤᠯᠠᠮᠵᠢᠯᠠᠯᠲᠤ ᠭᠠᠷ ᠤᠷᠠᠯᠠᠯ ᠤᠨ ᠰᠣᠳᠣᠨ ᠪᠥᠲᠥᠭᠡᠯ ᠤᠨ ᠥᠵᠡᠭᠦᠯᠭᠡ ︾᠎ ᠳᠤ ᠮᠢᠨᠥ ᠤᠷᠠᠯᠠᠨ ᠬᠠᠳᠬᠤᠭᠰᠠᠨ ︽ᠭᠥᠭᠦᠷ ᠳᠠᠯᠢᠩ︾ ᠰᠤᠩᠭᠤᠭᠳᠠᠨ ᠣᠷᠣᠪᠠ᠃ 2021 ᠣᠨ ᠤ 9 ᠰᠠᠷ᠎ᠠ ᠳᠤ ᠤᠲᠤᠭ ᠤᠨ ᠡᠮᠥᠨᠡᠲᠤ ᠬᠤᠰᠢᠭᠤᠨ ᠤ ᠰᠣᠶᠣᠯ ᠪᠠ ᠵᠤᠭᠠᠴᠠᠯ ᠤᠨ ᠲᠣᠪᠴᠢᠶ᠎ᠡ ᠠᠴᠠ ᠡᠷᠬᠢᠯᠡᠭᠰᠡᠨ ᠣᠷᠳᠣᠰ ᠤᠨ ᠲᠥᠷᠪᠡᠨ ᠤᠯᠠᠷᠢᠯ ᠤᠨ ᠴᠡᠴᠡᠭ ᠤᠨ ᠰᠣᠨᠢᠷᠬᠠᠮᠵᠢ ᠵᠢᠴᠢ ︽ᠴᠠᠬᠢᠯᠳᠠᠭ ᠴᠡᠴᠡᠭ ᠰᠣᠯᠣᠩᠭᠠᠷᠠᠨ ᠳᠡᠯᠭᠡᠷᠡᠭᠰᠡᠨ ᠰᠤᠭᠲᠤᠭᠤᠷᠠᠮ᠎ᠠ ᠰᠠᠶᠢᠬᠠᠨ ᠡᠮᠥᠨᠡᠲᠤ ᠤᠲᠤᠭ︾᠎ ᠤᠨ ᠴᠡᠴᠡᠭ ᠤᠨ ᠤᠯᠠᠷᠢᠯ ᠤᠨ ᠰᠤᠶᠤᠯ ᠵᠤᠭᠠᠴᠠᠯ ᠤᠨ ᠰᠢᠷᠢᠰ ᠭᠥᠳᠡᠯᠭᠡᠭᠡᠨ ᠳᠠᠬᠢ ︽ᠮᠢᠩᠭᠠᠨ ᠮᠠᠬᠠᠢ︾᠎ ᠶᠢᠨ ᠳᠡᠯᠭᠡᠨ ᠥᠵᠡᠭᠦᠯᠭᠡ ᠳᠤ ᠤᠷᠤᠯᠴᠠᠭᠠᠳ ᠵᠣᠷᠢᠭᠵᠢᠭᠤᠯᠤᠯ ᠤᠨ ᠱᠠᠩᠨᠠᠯ ᠭᠥᠷᠳᠡᠵᠠᠢ᠃
     ᠪᠢ ᠣᠯᠠᠨ ᠤᠳᠠᠭᠠᠨ ᠤ ᠪᠣᠯᠪᠠᠰᠤᠷᠠᠯ ᠳᠤ ᠣᠷᠣᠯᠴᠠᠭᠠᠳ ᠤᠷᠠᠨ ᠬᠠᠳᠬᠤᠮᠠᠯ ᠤᠨ ᠠᠷᠭ᠎ᠠ ᠪᠠᠷᠢᠯ ᠤᠨ ᠲᠤᠬᠠᠢ ᠮᠠᠰᠢ ᠠᠷᠪᠢᠨ ᠮᠡᠳᠡᠯᠭᠡ ᠶᠢ ᠡᠵᠡᠮᠰᠢᠯ᠎ᠡ᠃ ᠵᠢᠱᠢᠶᠡᠯᠡᠪᠡᠯ᠄ ᠬᠤᠸᠠᠷ ᠴᠡᠴᠡᠭ ᠣᠶᠣᠬᠤ ᠳᠠᠭᠠᠨ ᠤᠲᠠᠰᠤ ᠵᠡᠬᠦᠥ ᠶᠢ ᠨᠢ ᠰᠣᠩᠭᠤᠵᠤ᠂ ᠥᠩᠭᠡ ᠪᠤᠲᠤᠭ ᠢ ᠨᠢ ᠲᠠᠭᠠᠷᠠᠭᠤᠯᠵᠤ ᠨᠢᠭᠲᠠ ᠤᠶᠤᠬᠤ᠂ ᠨᠢᠮᠪᠡᠢ ᠤᠶᠤᠬᠤ᠂ ᠴᠢᠩᠭ᠎ᠠ ᠰᠤᠯᠠ ᠶᠢ ᠨᠢ ᠲᠠᠭᠠᠷᠠᠭᠤᠯᠵᠤ ᠤᠶᠤᠬᠤ ᠠᠴᠠ ᠭᠠᠳᠠᠨ᠎ᠠ ᠪᠠᠰᠠ ᠣᠷᠢᠶᠠᠵᠤ ᠣᠶᠣᠬᠤ᠂ ᠵᠠᠩᠭᠢᠳᠴᠦ ᠣᠶᠣᠬᠤ᠂ ᠰᠠᠯᠭᠠᠵᠤ ᠤᠶᠤᠬᠤ᠂ ᠰᠠᠮᠨᠠᠵᠤ ᠤᠶᠤᠬᠤ᠂ ᠰᠢᠳᠡᠵᠦ ᠣᠶᠣᠬᠤ᠂ ᠰᠢᠭᠯᠠᠵᠤ ᠣᠶᠣᠬᠤ ᠵᠡᠷᠭᠡ ᠣᠯᠠᠨ ᠵᠦᠢᠯ ᠤᠨ ᠠᠷᠭ᠎ᠠ ᠪᠠᠶᠢᠳᠠᠭ ᠢ ᠨᠢ ᠰᠤᠷᠴᠦ ᠡᠵᠡᠮᠰᠢᠯ᠎ᠡ᠃ ᠡᠭᠦᠨ ᠳᠤ ᠴᠠᠭᠠᠰᠤᠨ ᠬᠤᠸᠠᠷ ᠣᠶᠣᠬᠤ᠂ ᠰᠣᠯᠠ ᠬᠤᠸᠠᠷ ᠣᠶᠣᠬᠤ ᠠᠷᠭ᠎ᠠ ᠪᠠᠷᠢᠯ ᠨᠢ ᠪᠠᠰᠠ ᠠᠳᠠᠯᠢ ᠦᠭᠡᠢ ᠪᠠᠶᠢᠳᠠᠭ ᠢ ᠮᠡᠳᠡᠵᠦ ᠠᠪᠤᠯ᠎ᠠ᠃ ᠣᠳᠤ ᠮᠢᠨᠥ ᠤᠷᠠᠯᠠᠨ ᠤᠶᠤᠭᠰᠠᠨ ᠪᠥᠲᠥᠭᠡᠯ ᠤᠨ ᠲᠤᠲᠤᠷ᠎ᠠ ᠳᠠᠷᠤᠭᠤᠯᠭ᠎ᠠ ᠵᠡᠭᠦᠭᠡ᠂ ᠭᠥᠭᠦᠷ ᠳᠠᠯᠢᠩ᠂ ᠮᠠᠬᠠᠢ᠂ ᠬᠠᠳᠬᠤᠮᠠᠯ ᠵᠡᠭᠦᠪᠴᠢ᠂ ᠮᠥᠩᠬᠦᠨ ᠵᠡᠭᠦᠪᠴᠢ᠂ ᠥᠩᠭᠡ ᠪᠥᠷᠢ ᠶᠢᠨ ᠡᠮᠵᠢᠶᠡᠷᠢ ᠬᠤᠸᠠᠷ ᠲᠠᠢ ᠳᠡᠷ᠎ᠡ᠂ ᠮᠣᠷᠢᠨ ᠮᠠᠩᠨᠠᠶᠢᠪᠴᠢ᠂ ᠤᠳᠪᠠᠯᠠ ᠴᠡᠴᠡᠭ ᠤᠨ ᠬᠤᠸᠠᠷ ᠲᠠᠢ ᠰᠤᠪᠤᠳ ᠰᠤᠠᠳᠦᠷ᠂ ᠮᠣᠷᠢ ᠣᠨᠣᠭᠠᠨ ᠤ ᠳᠠᠯᠢᠩ ᠵᠡᠷᠭᠡ ᠣᠯᠠᠨ ᠵᠦᠢᠯ ᠤᠳ ᠪᠤᠢ᠃ ᠡᠨᠡ ᠪᠥᠬᠦᠨ ᠨᠢ ᠮᠢᠨᠥ ᠤᠷᠤᠯᠭ᠎ᠠ ᠶᠢᠨ ᠤᠨᠳᠤᠷᠤᠯ ᠪᠣᠯᠵᠤ᠂ ᠨᠠᠳᠠ ᠳᠤ ᠣᠶᠣᠨ ᠰᠠᠨᠠᠭᠠᠨ ᠤ ᠲᠥᠰᠢᠭ ᠲᠤᠯᠭᠠᠭᠤᠷᠢ ᠪᠣᠯᠳᠠᠭ ᠲᠤᠯᠠ ᠪᠢ ᠡᠨᠡ ᠬᠦ ᠥᠢᠯᠡᠰ ᠲᠡᠭᠡᠨ ᠮᠠᠰᠢ ᠶᠡᠭᠡ ᠬᠠᠶᠢᠷ᠎ᠠ ᠲᠠᠢ᠂ ᠳᠤᠷ᠎ᠠ ᠲᠠᠢ ᠭᠡᠪᠡ᠃ ᠲᠡᠷᠡ ᠪᠠᠰᠠ᠄      ᠥᠨᠡᠨ ᠢ ᠬᠡᠯᠡᠪᠡᠯ᠂ ᠬᠡᠷᠪᠡ ᠪᠢ ᠥᠢᠯᠡ ᠣᠶᠣᠳᠠᠯ᠂ ᠤᠷᠠᠨ ᠬᠠᠳᠬᠤᠮᠠᠯ ᠤᠨ ᠡᠨᠡ ᠬᠦ ᠰᠠᠷᠠᠭᠤᠯ ᠳᠠᠷᠳᠠᠩ ᠵᠠᠮ ᠢ ᠰᠣᠩᠭᠤᠭᠰᠠᠨ ᠦᠭᠡᠢ ᠶᠤᠮ ᠪᠣᠯ ᠨᠠᠳᠠ ᠥᠨᠥᠳᠥᠷ ᠤᠨ ᠮᠡᠳᠥ ᠡᠶᠢᠮᠦ ᠰᠠᠶᠢᠬᠠᠨ ᠠᠮᠵᠢᠯᠲᠠ ᠪᠥᠲᠥᠮᠵᠢ ᠪᠠᠶᠢᠵᠤ ᠴᠢᠳᠠᠬᠤ ᠦᠭᠡᠢ᠃ ᠪᠢ ᠡᠯ᠎ᠡ ᠱᠠᠲᠤᠨ ᠠᠴᠠ ᠡᠷᠬᠢᠯᠡᠭᠰᠡᠨ ᠤᠷᠠᠨ ᠬᠠᠳᠬᠤᠮᠠᠯ᠂ ᠳᠠᠷᠤᠭᠤᠯᠭ᠎ᠠ ᠵᠡᠭᠦᠭᠡ᠂ ᠮᠠᠬᠠᠢ ᠤᠷᠠᠯᠠᠯ ᠤᠨ ᠪᠥᠲᠥᠭᠡᠯ ᠤᠨ ᠤᠷᠤᠯᠲᠤᠭᠠᠨ ᠪᠣᠯᠣᠨ ᠳᠡᠯᠬᠡᠨ ᠥᠵᠡᠬᠦᠯᠭᠡ ᠳᠤ ᠢᠲᠡᠪᠭᠢᠲᠡᠢ ᠤᠷᠤᠯᠴᠠᠨ ᠥᠪᠡᠷ ᠤᠨ ᠣᠠᠴᠠᠯᠢᠭ ᠪᠠ ᠤᠷ᠎ᠠ ᠴᠢᠳᠠᠪᠤᠷᠢ ᠪᠠᠨ ᠪᠠᠳᠠᠷᠠᠭᠤᠯᠵᠤ᠂ ᠨᠡᠶᠢᠬᠡᠮ ᠨᠡᠶᠢᠲᠡ ᠳᠡᠭᠡᠨ ᠥᠴᠥᠬᠡᠨ ᠴᠦ ᠬᠡᠰᠡᠨ ᠠᠴᠢ ᠲᠤᠰᠠ ᠭᠥᠷᠭᠡᠬᠦ ᠬᠤᠪᠣᠷ ᠨᠠᠨᠳᠢᠨ ᠠᠵᠠ ᠵᠠᠪᠰᠢᠶᠠᠨ ᠲᠠᠢ ᠪᠣᠯᠪᠠ᠃ ᠮᠥᠨ ᠴᠦ ᠮᠠᠰᠢ ᠠᠷᠪᠢᠨ ᠤᠷᠠᠨ ᠤᠶᠤᠳᠠᠯᠴᠢᠨ᠂ ᠤᠷᠠᠨ ᠬᠠᠳᠬᠤᠮᠠᠯᠴᠢᠨ᠂ ᠰᠣᠳᠤᠡ ᠴᠢᠳᠠᠪᠤᠷᠢᠲᠠᠨ ᠲᠠᠢ ᠠᠭᠤᠯᠵᠠᠨ ᠲᠠᠨᠢᠯᠴᠠᠵᠤ᠂ ᠲᠡᠳᠡ ᠨᠠᠷ ᠤᠨ ᠤᠷᠠᠨ ᠴᠢᠳᠠᠪᠤᠷᠢ ᠶᠢ ᠪᠠᠭ᠋ᠠᠷᠬᠠᠨ ᠪᠢᠰᠢᠷᠡᠵᠦ᠂ ᠲᠡᠳᠡ ᠨᠠᠷ ᠤᠨ ︽ᠭᠠᠷ ᠤᠨ ᠡᠷᠳᠡᠮ︾᠎ ᠢ ᠳᠠᠷᠤᠤ ᠬᠢᠴᠢᠶᠡᠩᠭᠦᠢ ᠪᠠᠷ ᠲᠠᠭᠠᠨ ᠰᠤᠷᠤᠯᠴᠠᠵᠤ ᠥᠪᠡᠷ ᠤᠨ ᠤᠷ᠎ᠠ ᠮᠡᠷᠭᠡᠵᠢᠯ ᠢᠶᠠᠨ ᠳᠠᠰᠤᠷᠠᠯᠲᠠ ᠦᠭᠡᠢ ᠳᠡᠭᠡᠭᠰᠢᠯᠡᠬᠦᠯᠵᠦ ᠢᠷᠡᠭᠰᠡᠨ ᠲᠤᠯᠠ ᠤᠷᠠᠨ ᠬᠠᠳᠬᠤᠮᠠᠯ ᠤᠨ ᠡᠨᠡ ᠬᠦ ᠨᠠᠨᠳᠢᠨ ᠥᠢᠯᠡᠰ ᠮᠢᠨᠢ ᠨᠡᠮ᠎ᠠ ᠳᠤ ᠬᠡᠮᠵᠢᠶᠡᠯᠡᠰᠢ ᠦᠭᠡᠢ ᠵᠣᠯ ᠵᠢᠷᠭᠠᠯ ᠢ ᠣᠯᠭᠤᠵᠤ᠂ ᠬᠢᠵᠠᠭᠠᠯᠠᠰᠢ ᠦᠭᠡᠢ ᠪᠠᠶᠠᠷ ᠴᠡᠩᠭᠡᠯ ᠢ ᠠᠪᠴᠢᠷᠠᠯ᠎ᠡ᠃ ᠪᠢ ᠣᠯᠠᠨ ᠤ ᠡᠮᠦᠨ᠎ᠡ ᠲᠠᠶᠢᠰᠠᠨ ᠳᠤ ᠭᠠᠷᠴᠦ ᠱᠠᠩᠨᠠᠯ ᠭᠥᠬᠢᠬᠦᠯᠥᠯ ᠭᠠᠷᠳᠠᠬᠤ ᠪᠥᠷᠢ ᠥᠪᠡᠷ ᠤᠨ ᠡᠷᠭᠡ ᠦᠭᠡᠢ ᠰᠡᠳᠬᠢᠯ ᠲᠤᠭᠲᠤᠯᠤᠨ ᠨᠢᠯᠪᠤᠰᠤ ᠮᠢᠨᠢ ᠪᠥᠮᠪᠥᠷᠢᠳᠡᠭ ᠰᠠᠨ᠃ ᠶᠠᠭᠠᠬᠢᠭᠠᠳ ᠪᠤᠢ︖ ᠭᠡᠪᠡᠯ᠂ ︽ᠤᠷᠠᠨ ᠬᠠᠳᠬᠤᠮᠠᠯ︾᠎ ᠤᠨ ᠢᠶᠠᠨ ᠠᠴᠢ ᠪᠣᠶᠠᠨ ᠢᠶᠠᠷ ᠬᠥᠳᠡᠭᠡ ᠶᠢᠨ ᠮᠠᠯᠴᠢᠨ ᠪᠢ ᠡᠶᠢᠮᠦ ᠶᠡᠭᠡ ᠢᠷᠠᠭᠤ ᠠᠯᠳᠠᠷ ᠢ ᠲᠤᠰᠣᠯ᠎ᠠ᠃ ᠤᠨᠠᠭᠰᠠᠨ ᠰᠢᠷᠦᠢ᠂ ᠥᠯᠥᠭᠡᠢ ᠨᠣᠲᠤᠭ ᠠᠴᠠ ᠪᠠᠨ ᠬᠤᠯᠠ ᠶᠡᠷᠦ ᠶᠠᠪᠤᠵᠤ ᠥᠵᠡᠭᠡ ᠦᠭᠡᠢ ᠪᠠᠶᠢᠭᠰᠠᠨ ᠭᠥᠳᠡᠭᠡ ᠶᠢᠨ ᠮᠠᠯᠴᠢᠨ ᠪᠢ ︽ᠤᠷᠠᠨ ᠬᠠᠳᠬᠤᠮᠠᠯ ︾᠎ ᠤᠨ ᠢᠶᠠᠨ ᠠᠴᠢ ᠪᠣᠶᠠᠨ ᠢᠶᠠᠷ ᠠᠩᠬ᠎ᠠ ᠤᠳᠠᠭ᠎ᠠ ᠳ᠋ᠥᠩᠱᠧᠩ ᠳᠤ ᠭᠥᠷᠴᠦ ᠳ᠋ᠥᠩᠱᠧᠩ ᠤᠨ ᠶᠡᠭᠡ ᠭᠥᠭᠵᠢᠯᠲᠡ ᠶᠢ ᠭᠠᠶᠢᠬᠠᠨ ᠪᠠᠭ᠋ᠠᠷᠬᠠᠯ᠎ᠠ᠂ ᠮᠠᠬᠠᠢ ᠤᠶᠤᠳᠠᠭ ᠤᠨ ᠢᠶᠠᠨ ᠠᠴᠢ ᠪᠤᠶᠠᠨ ᠢᠶᠠᠷ ᠮᠠᠯ ᠤᠨ ᠪᠡᠯᠴᠢᠭᠡᠷ ᠠᠴᠠ ᠪᠠᠨ ᠰᠠᠯᠵᠤ ᠠᠩᠬ᠎ᠠ ᠤᠳᠠᠭ᠎ᠠ ᠤᠲᠤᠭ ᠤᠨ ᠡᠮᠥᠨᠡᠲᠤ ᠬᠤᠰᠢᠭᠤᠨ ᠳᠤ ᠭᠥᠷᠴᠦ ︽ᠮᠢᠩᠭᠠᠨ ᠮᠠᠬᠠᠢ︾᠎ ᠶᠢᠨ ᠥᠵᠡᠬᠦᠯᠭᠡ ᠳᠤ ᠤᠷᠤᠯᠴᠠᠭᠠᠳ ᠤᠲᠤᠭ ᠤᠨ ᠡᠮᠥᠨᠡᠲᠤ ᠬᠤᠰᠢᠭᠤᠨ ᠤ ᠥᠩᠭᠡ ᠥᠵᠡᠮᠵᠢ ᠳᠤ ᠰᠣᠭᠲᠣᠭᠤᠷᠠᠨ ᠵᠤᠭᠠᠴᠠᠯ᠎ᠠ᠃ ᠢᠩᠬᠢᠭᠡᠳ ᠬᠤᠯᠠ ᠶᠠᠪᠤᠵᠤ᠂ ᠶᠡᠭᠡ ᠶᠢ ᠥᠵᠡᠵᠦ᠂ ᠬᠠᠷᠠᠭ᠎ᠠ ᠪᠠᠨ ᠥᠷᠭᠡᠳᠭᠡᠯ᠎ᠡ᠃ ᠣᠳᠤ ᠪᠢ ᠡᠳᠥᠷᠵᠢᠨ ᠬᠢᠬᠦ ᠠᠵᠢᠯ ᠲᠠᠢ ᠪᠣᠯᠵᠤ᠂ ᠨᠡᠶᠢᠬᠡᠮ ᠤᠨ ᠡᠯ᠎ᠡ ᠵᠦᠢᠯ ᠤᠨ ᠠᠵᠢᠯᠯᠠᠭᠠᠨ ᠳᠤ ᠳᠤᠷ᠎ᠠ ᠲᠠᠢ ᠣᠷᠣᠯᠴᠠᠨ᠂ ᠥᠲᠡᠯᠥᠭᠡ ᠨᠠᠰᠤᠨ ᠳᠠᠭᠠᠨ ᠪᠠᠶᠠᠷ ᠵᠢᠷᠭᠠᠯ ᠲᠠᠢ ᠠᠮᠢᠳᠤᠷᠠᠵᠤ ᠪᠠᠶᠢᠨ᠎ᠠ᠃      ᠤᠯᠠᠮᠵᠢᠯᠠᠯᠲᠤ ᠬᠤᠪᠣᠷ ᠨᠠᠨᠳᠢᠨ ᠤᠷᠠᠨ ᠬᠠᠳᠬᠤᠮᠠᠯ ᠤᠨ ᠡᠷᠳᠡᠮ ᠢᠶᠠᠨ ᠥᠷ᠎ᠡ ᠬᠤᠶᠢᠴᠢᠰ ᠪᠣᠯᠣᠨ ᠨᠣᠲᠤᠭ ᠤᠨ ᠭᠥᠮᠥᠰ ᠲᠡᠭᠡᠨ ᠵᠢᠭᠠᠵᠤ ᠶᠠᠪᠤᠨ᠎ᠠ᠂ ᠨᠠᠳᠠ 3 ᠱᠠᠪᠢ ᠲᠠᠢ᠃ ᠪᠢ ᠥᠥᠰᠢᠨ ᠬᠤᠰᠢᠭᠤᠨ ᠤ ᠠᠷᠠᠳ ᠤᠨ ᠤᠳᠬ᠎ᠠ ᠤᠷᠠᠯᠢᠭᠴᠢᠳ ᠤᠨ ᠡᠪᠯᠡᠯ ᠤᠨ ᠬᠡᠰᠢᠬᠦᠨ᠂ ᠥᠥᠰᠢᠨ ᠬᠤᠰᠢᠭᠤᠨ ᠤ ᠳᠠᠷᠤᠭᠤᠯᠭ᠎ᠠ᠂ ᠮᠠᠬᠠᠢ ᠤᠶᠤᠬᠤ ᠪᠥᠯᠬᠦᠮ ᠤᠨ ᠬᠡᠰᠢᠬᠦᠨ᠂ ᠥᠥᠰᠢᠨ ᠬᠤᠰᠢᠭᠤᠨ ᠤ ︽ᠤᠷᠠᠨ ᠪᠥᠰᠡᠬᠦᠢ︾ ᠤᠷᠠᠨ ᠬᠠᠳᠬᠤᠮᠠᠯ ᠤᠨ ᠪᠥᠯᠭᠦᠮ ᠤᠨ ᠬᠡᠰᠢᠬᠦᠨ ᠤ ᠡᠬᠦᠷᠭᠡ ᠲᠤᠰᠢᠶᠠᠯ ᠢ ᠡᠬᠦᠷᠭᠡᠯᠡᠵᠤ ᠶᠠᠪᠤᠵᠤ ᠪᠠᠶᠢᠨ᠎ᠠ ᠭᠡᠪᠡ᠃      ᠬᠠᠮᠲᠤ ᠰᠤᠷᠤᠯᠭᠠᠳᠠᠨ ᠤᠷᠠᠠᠴᠢᠮᠡᠭ ᠮᠢᠨᠢ ᠵᠠᠯᠠᠭᠤ ᠽᠠᠠᠳᠠᠨ ᠨᠠᠰᠤᠨ ᠳᠠᠭᠠᠨ ᠶᠠᠮᠠᠷ ᠴᠦ ᠥᠢᠯᠡᠰ ᠪᠥᠲᠥᠭᠡᠵᠦ ᠲᠠᠶᠢᠯᠥᠭᠰᠡᠨ ᠦᠭᠡᠢ ᠪᠣᠯᠪᠠᠴᠦ ᠵᠡᠵᠢᠨ ᠦᠰᠦ ᠨᠢ ᠴᠠᠶᠢᠬᠤ ᠶᠢᠨ ᠥᠶ᠎ᠡ ᠳᠤ ᠴᠢᠷᠮᠠᠶᠢᠨ ᠠᠵᠢᠯᠯᠠᠭᠠᠳ ᠤᠯᠤᠭᠰᠠᠨ ᠠᠮᠵᠢᠯᠲᠠ ᠪᠦᠳᠤᠭᠡᠯ ᠢ ᠨᠢ ᠰᠤᠨᠤᠰᠤᠭᠠᠳ ᠪᠢ ᠮᠠᠰᠢ ᠶᠡᠭᠡ ᠳᠤᠭᠲᠤᠯᠤᠨ ᠪᠠᠶᠠᠷᠯᠠᠯ᠎ᠠ᠃      ᠰᠢᠷᠭᠠᠭᠤ ᠬᠠᠲᠠᠭᠤᠵᠢᠯᠲᠠᠢ ᠴᠢᠷᠮᠠᠶᠢᠯᠭ᠎ᠠ ᠨᠢ ᠬᠠᠮᠲᠤ ᠰᠤᠷᠤᠯᠭᠠᠳᠠᠨ ᠤᠷᠠᠠᠴᠢᠮᠡᠭ ᠢ ᠮᠢᠨᠢ ᠥᠴᠥᠬᠡᠨ ᠴᠦ ᠭᠤᠮᠣᠳᠠᠭᠠᠭᠰᠠᠨ ᠦᠭᠡᠢ᠃
ᠢᠷᠡᠯᠲᠡ᠄ ᠤᠷᠳᠤᠰ ᠮᠤᠩᠭᠤᠯ ᠰᠦᠯᠵᠢᠶ᠎ᠠ