ᠮᠥᠡᠭᠬᠡᠳᠠᠯᠠᠢ ᠭᠡᠰᠢᠬᠦᠨ᠄ ᠨᠤᠲᠤᠭ ᠪᠡᠯᠴᠢᠭᠡᠷ ᠤᠨ ᠲᠠᠴᠢᠷᠰᠢᠯ ᠤᠰᠤᠨ ᠳᠦᠪᠰᠢᠨ ᠤ ᠳᠤᠷᠤᠭᠰᠢᠯᠠᠯᠳᠠ ᠵᠢᠨ‌ᠠᠰᠠᠭᠤᠳᠠᠯ ᠢ ᠰᠢᠨᠵᠢᠯᠡᠬᠦ ᠤᠬᠠᠭᠠᠨᠴᠢ ᠪᠠᠷ ᠵᠠᠳᠠᠯᠵᠤ ᠦᠨᠳᠦᠰᠦᠨ ᠠᠴᠠ ᠨᠢ ᠰᠢᠢᠳᠪᠦᠷᠢᠯᠡᠪᠡᠯ ᠵᠤᠬᠢᠨ᠎ᠠ
ᠨᠡᠶᠢᠲᠡᠯᠡᠭᠰᠡᠨ ᠴᠠᠭ᠄
2021/3/9
   ᠬᠤᠳᠠ ᠶᠢᠨ ᠤᠯᠤᠰ ᠲᠥᠷᠥ ᠶᠢᠨ ᠵᠥᠪᠯᠡᠯᠬᠡᠨ ᠤ ᠬᠡᠰᠢᠬᠦᠨ ᠮᠥᠡᠭᠬᠡᠳᠠᠯᠠᠢ ᠪᠤᠯ ᠥᠥᠰᠢᠨ ᠬᠤᠰᠢᠭᠤᠨ ᠤ ᠥᠥᠰᠢᠨᠵᠤᠤ ᠰᠥᠮ᠎ᠠ ᠶᠢᠨ ᠬᠠᠮᠢᠶᠠᠷᠤᠯᠳᠡ ᠶᠢᠨ ᠵᠥᠪᠯᠡᠯ ᠤᠨ ᠡᠷᠬᠢᠯᠡᠭᠴᠢ ᠪᠤᠯᠤᠨ᠎ᠠ᠃ ᠬᠠᠷᠠᠬᠠᠨ ᠪᠠᠭ᠎ᠠ ᠠᠴᠠ ᠪᠠᠨ ᠬᠥᠳᠡᠭᠡ ᠨᠤᠳᠤᠭ ᠲᠤ ᠲᠥᠷᠥᠵᠥ ᠥᠰᠥᠭᠰᠡᠨ ᠲᠡᠷᠡ ᠮᠠᠯᠵᠢᠬᠤ ᠤᠷᠤᠨ ᠳᠤ ᠤᠷᠤᠰᠢᠵᠥ ᠪᠠᠶᠢᠭ᠎ᠠ ᠠᠰᠠᠭᠤᠳᠠᠯ ᠢ ᠬᠠᠮᠤᠭ ᠠᠴᠠ ᠢᠯᠡᠬᠦᠥ ᠠᠩᠬᠠᠷᠴᠤ ᠬᠠᠯᠠᠮᠵᠢᠯᠠᠭᠰᠠᠭᠠᠷ ᠢᠷᠡᠵᠠᠢ᠃ ᠮᠠᠨ ᠤ ᠬᠤᠳᠠ ᠶᠢᠨ ᠪᠠᠷᠠᠭᠤᠨ ᠬᠡᠰᠡᠭ ᠭᠠᠵᠠᠷ ᠤᠷᠤᠨ ᠢᠶᠠᠷ ᠪᠠᠶᠢᠷᠢᠰᠢᠳᠠᠭ ᠥᠥᠰᠢᠨ ᠬᠤᠰᠢᠭᠤᠨ ᠤ ᠥᠥᠰᠢᠨᠵᠤᠤ ᠪᠠᠯᠭᠠᠰᠤ᠂ ᠲᠤᠭ ᠪᠠᠯᠭᠠᠰᠤ᠂ ᠤᠯᠠᠭᠠᠨᠳᠤᠯᠤᠭᠠᠢ ᠪᠠᠯᠭᠠᠰᠤ ᠵᠡᠷᠬᠡ ᠭᠠᠵᠠᠷ ᠤᠨ ᠭᠠᠵᠠᠷ ᠲᠤᠤᠷᠠᠬᠢ ᠤᠤᠭᠤᠬᠤ ᠤᠰᠤᠨ ᠤ ᠲᠦᠪᠰᠢᠨ ᠵᠢᠯ ᠠᠴᠠ ᠵᠢᠯ ᠲᠤᠷᠤᠭᠰᠢᠯᠠᠵᠥ᠂ ᠬᠤᠷᠢ ᠭᠤᠴᠢᠨ ᠵᠢᠯ ᠤᠨ ᠡᠮᠤᠨ᠎ᠠ ᠲᠠᠪᠤ ᠵᠢᠷᠭᠤᠭᠠᠨ ᠮᠧᠲᠷ ᠭᠦ᠋ᠨ ᠬᠤᠳᠳᠤᠭ ᠲᠤᠳᠤᠷ ᠎ᠠ ᠠᠴᠠ ᠰᠠᠭᠤᠯᠠᠭ᠎ᠠ ᠪᠠᠷ ᠤᠰᠤ ᠤᠳᠬᠤᠭᠤᠭᠠᠳ ᠠᠪᠳᠠᠭ ᠪᠠᠶᠢᠭᠰᠠᠨ ᠪᠤᠯ ᠤᠳᠤ ᠭᠤᠴᠢ ᠲᠥᠴᠢᠨ ᠮᠧᠲᠷ ᠭᠦ᠋ᠨ ᠬᠤᠳᠳᠤᠭ ᠮᠠᠯᠳᠠᠭᠠᠳ ᠴᠠᠬᠢᠯᠭᠠᠨ ᠢᠶᠠᠷ ᠤᠰᠤ ᠳᠠᠳᠠᠬᠤ ᠪᠤᠯᠵᠠᠢ᠃ ᠡ᠊ᠨᠳᠡ ᠠᠮᠢᠳᠤᠷᠠᠵᠥ ᠪᠠᠶᠢᠭ᠎ᠠ ᠬᠦᠮᠦᠰ ᠤᠨ ᠤᠯᠠᠩᠭᠢ ᠨᠢ ᠮᠠᠯᠴᠢᠨ ᠲᠠᠷᠢᠶᠠᠴᠢᠨ ᠪᠠᠶᠢᠭ᠎ᠠ ᠤᠴᠢᠷ ᠠᠴᠠ ᠡᠨᠡ ᠬᠦ ᠠᠰᠠᠭᠤᠳᠠᠯ ᠢ ᠴᠢᠬᠤᠯᠠᠴᠢᠯᠠᠵᠥ ᠥᠵᠡᠬᠦ ᠶᠤᠰᠤᠳᠠᠢ᠃ ᠡᠬᠦᠨ ᠠᠴᠠ ᠭᠠᠳᠠᠨ᠎ᠠ᠂ ᠤᠢᠢᠷ᠎ᠡ ᠶᠢᠨ ᠵᠢᠯ ᠠᠴᠠ ᠬᠥᠳᠡᠭᠡ ᠲᠤᠰᠬᠤᠨ ᠳᠤ ᠬᠤᠭ ᠨᠤᠪᠰᠢ ᠨᠡᠯᠢᠶᠠᠳ ᠥᠵᠡᠭᠳᠡᠳᠡᠭ ᠪᠤᠯᠵᠥ᠂ ᠬᠥᠳᠡᠭᠡ ᠲᠤᠰᠬᠤᠨ ᠤ ᠬᠤᠭ ᠨᠤᠪᠰᠢ ᠶᠢ ᠵᠤᠬᠢᠰᠳᠠᠢ ᠴᠤᠭᠯᠠᠭᠤᠯᠵᠥ ᠰᠢᠢᠳᠪᠤᠷᠢᠯᠡᠬᠦ ᠲᠠᠯ ᠎ᠠ ᠪᠠᠷ ᠠᠩᠬᠠᠷᠬᠤ ᠴᠢᠬᠤᠯᠠᠳᠠᠢ ᠪᠠᠶᠢᠨ᠎ᠠ ᠭᠡᠵᠤ ᠲᠠᠷᠨ ᠦᠵᠡᠵᠤ ᠪᠠᠶᠢᠪᠠ᠃     ᠮᠥᠡᠭᠬᠡᠳᠠᠯᠠᠢ ᠡᠨᠡ ᠤᠳᠠᠭᠠᠨ ᠤ ᠬᠤᠷᠠᠯ ᠳᠤ ᠲᠤᠷᠠᠳᠬᠤ ᠰᠠᠨᠠᠯ ᠲᠤᠷᠠᠳᠤᠯᠭ᠎ᠠ ᠶᠢᠨ ᠢᠶᠠᠨ ᠲᠤᠬᠠᠢ ᠶᠠᠷᠢᠬᠤ ᠳᠠᠭᠠᠨ᠄ ︽ᠮᠠᠯ ᠬᠠᠰᠢᠶᠠᠯᠠᠬᠤ ᠶᠢ ᠬᠡᠷᠡᠭᠵᠢᠬᠦᠯᠥᠬᠡᠳ ᠪᠠᠷᠤᠭ ᠠᠷᠪᠠᠨ ᠬᠡᠳᠤᠨ ᠵᠢᠯ ᠪᠤᠯᠵᠠᠢ᠃ ᠮᠠᠯᠵᠢᠬᠤ ᠤᠷᠤᠨ ᠳᠤ ᠥᠰᠥᠭᠰᠡᠨ ᠮᠠᠯᠴᠢᠨ ᠬᠥᠮᠤᠨ ᠤ ᠬᠤᠪᠢ ᠠᠴᠠ ᠦᠵᠡᠪᠡᠯ ᠮᠠᠯ ᠢ ᠬᠤᠷᠢᠵᠤ ᠬᠠᠰᠢᠶᠠᠯᠠᠭᠠᠳ ᠪᠠᠶᠢᠳᠠᠭ ᠶᠠᠭᠤᠮ᠎ᠠ ᠪᠢᠰᠢ᠂ ᠡᠪᠡᠰᠦ ᠪᠤᠷᠳᠤᠭ᠎ᠠ ᠬᠤᠳᠠᠯᠳᠤᠨ ᠠᠪᠬᠤ᠂ ᠪᠡᠶ ᠎ᠡ ᠪᠠᠨ ᠬᠠᠭᠤᠷᠴᠤ ᠡᠳᠤᠷ ᠢᠶᠠᠷ ᠬᠠᠭᠠᠵᠥ ᠰᠥᠨᠢ ᠳᠤᠨᠢ ᠪᠡᠯᠴᠢᠬᠡᠬᠦ ᠵᠡᠷᠬᠡ ᠨᠢ ᠪᠥᠷ ᠮᠠᠯᠴᠢᠳ ᠲᠤ ᠲᠠᠷᠤᠭᠠᠰᠤ ᠪᠤᠯᠵᠥ ᠪᠠᠶᠢᠨ᠎ᠠ᠃ ᠨᠤᠳᠤᠭ ᠪᠡᠯᠴᠢᠬᠡᠷ ᠢ ᠪᠥᠷ ᠬᠤᠪᠢ ᠬᠥᠮᠤᠨ ᠳᠤ ᠲᠠᠭᠠᠭᠠᠴᠢᠯᠠᠭᠤᠯᠤᠭᠰᠠᠨ ᠤᠴᠢᠷ ᠠᠴᠠ ᠥᠪᠡᠷ ᠤᠨ ᠬᠢᠨᠢ ᠪᠡᠯᠴᠢᠬᠡᠷ ᠤᠨ ᠭᠠᠵᠠᠷ ᠤᠨ ᠪᠠᠶᠢᠴᠠ ᠶᠠᠮᠠᠷ ᠰᠢᠭ᠋᠂ ᠬᠡᠳᠤᠢ ᠮᠠᠯ ᠮᠠᠯᠵᠢᠬᠤ ᠲᠠᠭᠠᠭᠠᠴᠠ ᠲᠠᠢ ᠬᠡᠰᠡᠨ ᠢᠶᠠᠨ ᠮᠠᠯᠴᠢᠳ ᠲᠤᠰᠬᠠᠢ ᠮᠡᠷᠬᠡᠵᠢᠯᠳᠡᠨ ᠠᠴᠠ ᠴᠤ ᠢᠯᠡᠬᠦᠥ ᠲᠤᠷᠰᠢᠯᠭ᠎ᠠ ᠲᠠᠢ ᠬᠡᠵᠥ ᠪᠢ ᠪᠤᠳᠤᠳᠠᠭ᠃ ᠮᠤᠩᠭᠤᠯ ᠥᠨᠳᠤᠰᠤᠳᠡᠨ ᠪᠤᠯ ᠲᠡᠤᠭᠡᠨ ᠠᠴᠠ ᠪᠠᠨ ᠠᠪᠤᠭᠠᠳ ᠨᠡᠬᠦᠳᠡᠯ ᠮᠠᠯᠵᠢᠯ ᠤᠨ ᠠᠮᠢᠳᠤᠷᠠᠯ ᠢ ᠬᠢᠵᠥ ᠢᠷᠡᠭᠰᠡᠨ ᠪᠥᠬᠡᠳ ᠤᠳᠤ ᠴᠤ ᠮᠠᠯ ᠮᠠᠯᠵᠢᠵᠤ ᠪᠠᠶᠢᠭ᠎ᠠ ᠶᠤᠮ᠃ ᠮᠠᠯ ᠬᠤᠷᠢᠬᠤ ᠥᠬᠡᠢ ᠪᠠᠷ ᠮᠠᠯᠵᠢᠭᠰᠠᠨ ᠠᠴᠠ ᠪᠤᠯᠵᠥ ᠪᠡᠯᠴᠢᠬᠡᠷ ᠨᠤᠳᠤᠭ ᠡᠯᠡᠰᠥᠷᠬᠡᠭᠵᠢᠵᠥ ᠮᠠᠭᠤᠳᠠᠯ ᠎ᠠ ᠬᠡᠰᠡᠨ ᠥᠵᠡᠯᠳᠡ ᠶᠢ ᠪᠢ ᠶᠠᠭ ᠵᠥᠪᠰᠢᠶᠡᠷᠡᠬᠦ ᠥᠬᠡᠢ᠃ ᠮᠠᠯᠵᠢᠬᠤ ᠰᠤᠶᠤᠯ᠂ ᠮᠠᠯ ᠠᠵᠤ ᠠᠬᠤᠢ ᠪᠤᠯ ᠠᠯᠢ ᠡᠷᠳᠡ ᠠᠴᠠ ᠡᠬᠢᠯᠡᠭᠰᠡᠨ ᠶᠤᠮ᠃ ᠪᠡᠯᠴᠢᠬᠡᠷ ᠨᠤᠳᠤᠭ ᠰᠠᠶᠢᠨ ᠪᠤᠯ ᠮᠠᠯ ᠥᠨᠢᠷ ᠥᠰᠴᠤ᠂ ᠪᠡᠯᠴᠢᠬᠡᠷ ᠲᠠᠴᠢᠷᠳᠠᠵᠥ ᠮᠠᠭᠤᠳᠠᠭᠠᠳ ᠪᠠᠶᠢᠪᠠᠯ ᠮᠠᠯ ᠰᠥᠷᠥᠭ ᠴᠥᠬᠡᠷᠡᠳᠡᠭ ᠤᠴᠢᠷ ᠠᠴᠠ ᠮᠠᠯᠴᠢᠳ ᠴᠤ ᠪᠠᠶᠢᠭᠠᠯᠢ ᠶᠢᠨ ᠵᠢᠮ ᠎ᠠ ᠶᠢ ᠥᠵᠡᠵᠥ ᠮᠠᠯ ᠰᠥ᠋ᠷᠥᠭ ᠢᠶᠠᠨ ᠲᠤᠬᠢᠷᠠᠭᠤᠯᠳᠠᠭ᠃ ᠮᠠᠯ ᠪᠤᠯ ᠪᠡᠯᠴᠢᠬᠡᠷ ᠲᠤ ᠵᠠᠪᠠᠯ ᠶᠠᠪᠤᠵᠥ᠂ ᠵᠠᠷᠢᠮ ᠡᠪᠡᠰᠤ ᠶᠢ ᠨᠢ ᠢᠳᠡᠵᠥ᠂ ᠵᠠᠷᠢᠮ ᠭᠠᠵᠠᠷ ᠢ ᠮᠠᠯᠳᠠᠵᠥ᠂ ᠠᠷᠭᠠᠯ ᠬᠤᠷᠭᠤᠯ ᠨᠢ ᠰᠢᠬᠡᠭ ᠪᠤᠷᠳᠤᠭᠤᠷ ᠪᠤᠯᠳᠠᠭ᠃ ᠢᠡᠭᠬᠢᠵᠥ ᠮᠠᠯᠵᠢᠬᠤ ᠠᠴᠠ ᠪᠢᠰᠢ ᠬᠠᠰᠢᠶᠠᠯᠠᠭᠠᠳ ᠲᠡᠵᠢᠬᠡᠴᠢᠬᠡᠬᠦ ᠶᠤᠮ ᠪᠤᠯ ᠭᠠᠭ᠋ᠠᠢ ᠲᠠᠬᠢᠶ᠎ᠠ ᠲᠡᠵᠢᠬᠡᠭᠰᠡᠨ ᠲᠠᠢ ᠢᠯᠭᠠᠭ᠎ᠠ ᠥᠬᠡᠢ ᠪᠤᠯᠤᠨ᠎ᠠ᠃ ᠡᠶᠢᠮᠥ ᠠᠴᠠ ᠮᠠᠯᠴᠢᠳ ᠢ ᠵᠠᠰᠠᠭ ᠤᠨ ᠤᠷᠳᠤᠨ ᠠᠴᠠ ᠢᠯᠡᠬᠦᠬᠡᠨ ᠲᠡᠮᠵᠢᠵᠥ᠂ ᠠᠬᠤᠷ ᠨᠤᠤᠰᠤ᠂ ᠮᠢᠬ᠎ᠠ ᠶᠢ ᠶᠠᠭᠠᠬᠢᠵᠥ ᠥᠷᠳᠡᠭ ᠲᠠᠢ ᠪᠤᠯᠭᠠᠵᠥ᠂ ᠵᠠᠬ᠎ᠠ ᠲᠡᠯᠬᠡᠬᠦᠷ ᠲᠤ ᠶᠠᠭᠠᠬᠢᠵᠥ ᠭᠠᠷᠭᠠᠵᠥ ᠪᠤᠷᠤᠯᠠᠭᠤᠯᠬᠤ ᠠᠷᠭ᠎ᠠ ᠶᠢ ᠰᠥᠪᠡᠭᠴᠢᠯᠡᠪᠡᠯ ᠵᠤᠬᠢᠨ᠎ᠠ᠃ ᠪᠡᠯᠴᠢᠬᠡᠷ ᠨᠤᠳᠤᠭ ᠡᠯᠡᠰᠤᠷᠬᠡᠭᠵᠢᠵᠥ ᠪᠠᠶᠢᠭ᠎ᠠ ᠶᠢᠨ ᠭᠤᠤᠯ ᠰᠢᠯᠳᠠᠭᠠᠨ ᠨᠢ ᠮᠠᠯ ᠢ ᠪᠡᠯᠴᠢᠬᠡᠷᠯᠡᠬᠦᠯᠤᠨ ᠮᠠᠯᠵᠢᠭᠰᠠᠨ ᠲᠠᠢ ᠬᠠᠮᠢᠶ ᠎ᠠ ᠥᠬᠡᠢ᠂ ᠬᠠᠷᠢᠨ ᠪᠤᠷᠤᠭᠠᠨ ᠬᠤᠷ᠎ᠠ ᠲᠤᠳᠠᠭᠰᠠᠨ ᠲᠠᠢ ᠰᠢᠭᠤᠳ ᠬᠤᠯᠪᠤᠭ᠎ᠠ ᠲᠠᠢ᠃ ᠪᠢᠳᠡᠨ ᠤ ᠥᠰᠪᠤᠷᠢ ᠶᠢᠨ ᠨᠠᠰᠤᠨ ᠳᠤ ᠪᠤᠷᠤᠭᠠᠨ ᠬᠤᠷ ᠎ᠠ ᠡᠯᠪᠡᠭ᠂ ᠪᠡᠯᠴᠢᠬᠡᠷ ᠨᠤᠳᠤᠭ ᠥᠡᠭ ᠰᠢᠮᠡᠯᠢᠭ ᠪᠠᠶᠢᠯ᠎ᠠ᠃ ᠤᠳᠤ ᠵᠢᠯ ᠳᠡᠭᠡᠨ ᠨᠢᠬᠡ ᠬᠤᠷᠤᠭᠤ ᠪᠤᠶᠤ ᠲᠥᠬᠡ ᠬᠢᠷᠢᠳᠠᠢ ᠪᠤᠷᠤᠭᠠᠨ ᠤᠷᠤᠬᠤ ᠨᠢ ᠴᠤ ᠲᠤᠭ᠎ᠠ ᠲᠠᠢ ᠬᠡᠳᠤ ᠤᠳᠠᠭ᠎ᠠ ᠪᠠᠶᠢᠵᠥ᠂ ᠪᠡᠯᠴᠢᠬᠡᠷ ᠨᠤᠳᠤᠭ ᠤᠯᠠᠮ ᠠᠴᠠ ᠭᠠᠨᠭ᠍ᠳᠠᠨ ᠲᠠᠴᠢᠷᠳᠠᠯ᠎ᠠ᠃ ᠶᠠᠭᠠᠬᠢᠭᠠᠳ ᠪᠤᠷᠤᠭᠠᠨ ᠬᠤᠷ ᠎ᠠ ᠮᠠᠭᠤᠳᠠᠭᠰᠠᠨ ᠶᠤᠮ ᠪᠤᠢ︖ ᠬᠡᠪᠡᠯ ᠠᠭᠤᠷᠬᠠᠢ ᠤᠢᠢᠯᠠᠳᠪᠤᠷᠢ ᠠᠷᠪᠢᠳᠴᠤ᠂ ᠪᠠᠶᠢᠭᠠᠯᠢ ᠡᠪᠳᠡᠭᠳᠡᠨ ᠠᠭᠠᠷ ᠪᠤᠵᠠᠷᠳᠤᠭᠰᠠᠨ ᠠᠴᠠ ᠪᠤᠯᠵᠠᠢ᠃ ᠡᠶᠢᠮᠥ ᠠᠴᠠ ᠡᠨᠡ ᠲᠠᠯ ᠎ᠠ ᠶᠢᠨ ᠠᠰᠠᠭᠤᠳᠠᠯ ᠢ ᠢᠯᠡᠬᠦᠬᠡᠨ ᠴᠢᠬᠤᠯᠠᠴᠢᠯᠠᠪᠠᠯ ᠵᠤᠬᠢᠨ᠎ᠠ︾ ᠬᠡᠯ᠎ᠠ᠃  
 
ᠢᠷᠡᠯᠲᠡ᠄ ᠤᠷᠳᠤᠰ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号