ᠦᠬᠡᠷ ᠤᠨ ᠬᠠᠯᠳᠠᠪᠤᠷᠢᠲᠤ ᠬᠢᠮᠤᠷᠠᠭ᠎ᠠ ᠶᠢ ᠬᠡᠷᠬᠢᠨ ᠵᠠᠰᠠᠬᠤ ᠪᠤᠢ
ᠨᠡᠶᠢᠲᠡᠯᠡᠭᠰᠡᠨ ᠴᠠᠭ᠄
2021/4/29
   1. 30%᠎ ᠶᠢᠨ ᠠᠨᠠᠯᠬᠢᠨ ︵安乃近︶ 20~30ml᠃ ᠬᠡᠷᠡᠭᠯᠡᠬᠦ ᠠᠷᠭ᠎ᠠ᠄ 1 ᠣᠳᠠᠭ᠎ᠠ ᠳᠤ ᠪᠤᠯᠴᠢᠩ ᠳᠤᠨᠢ ᠲᠠᠷᠢᠨ᠎ᠠ᠂ ᠡᠳᠦᠷ ᠲᠤ 1~2 ᠣᠳᠠᠭ᠎ᠠ᠃     2. 10%᠎ ᠶᠢᠨ ᠬᠠᠴᠢᠷᠯᠠᠭᠰᠠᠨ ᠠᠮᠢᠨᠤᠫᠢᠷᠢᠨ ︵复方氨基比林︶ 20~30ml᠃ ᠬᠡᠷᠡᠭᠯᠡᠬᠦ ᠠᠷᠭ᠎ᠠ᠄ 1 ᠣᠳᠠᠭ᠎ᠠ ᠳᠤ ᠠᠷᠠᠰᠤᠨ ᠳᠤᠤᠷ᠎ᠠ ᠪᠣᠶᠣ ᠪᠤᠯᠴᠢᠩ ᠳᠤᠨᠢ ᠲᠠᠷᠢᠨ᠎ᠠ᠂ ᠡᠳᠦᠷ ᠲᠤ 1~2 ᠣᠳᠠᠭ᠎ᠠ᠃     3. ᠬᠠᠴᠢᠷᠯᠠᠭᠰᠠᠨ ᠺᠦᠢᠨᠢᠨ ︵复方奎宁︶ ᠲᠠᠷᠢᠯᠭ᠎ᠠ ᠶᠢᠨ ᠠᠭᠤᠰᠤᠮᠠᠯ 20~30ml᠃ ᠬᠡᠷᠡᠭᠯᠡᠬᠦ ᠠᠷᠭ᠎ᠠ᠄ ᠨᠢᠭᠡ ᠤᠳᠠᠭ᠎ᠠ ᠳᠤ ᠪᠣᠯᠴᠢᠩ ᠳᠤᠨᠢ ᠲᠠᠷᠢᠨ᠎ᠠ᠂ ᠡᠳᠦᠷ ᠲᠤ 1~2 ᠤᠳᠠᠭ᠎ᠠ᠃ ᠬᠡᠪᠲᠡᠷᠢ ᠳᠤ ᠤᠷᠤᠭᠰᠠᠨ ᠮᠠᠯ ᠳᠤ ᠳᠤᠤᠷᠠᠬᠢ ᠵᠣᠷ ᠢ ᠰᠣᠩᠭᠤᠨ ᠬᠡᠷᠡᠭᠯᠡᠵᠦ ᠪᠣᠯᠣᠨ᠎ᠠ᠃     ⑴10%᠎ ᠤᠨ ᠰᠠᠯᠢᠼᠢᠯ ᠬᠦᠴᠢᠯ ᠤᠨ ᠨᠠᠳ᠋ᠷᠢ ︵水杨酸钠︶᠎ ᠶᠢᠨ ᠲᠠᠷᠢᠯᠭ᠎ᠠ ᠶᠢᠨ ᠠᠭᠤᠰᠤᠮᠠᠯ 100~150ml᠃ ᠬᠡᠷᠡᠭᠯᠡᠬᠦ ᠠᠷᠭ᠎ᠠ᠄ 1 ᠣᠳᠠᠭ᠎ᠠ ᠳᠤ ᠨᠠᠮᠵᠢᠭᠤᠨ ᠰᠤᠳᠠᠯ ᠳᠤ ᠲᠠᠷᠢᠨ᠎ᠠ᠂ ᠡᠳᠦᠷ ᠲᠤ 1 ᠣᠳᠠᠭ᠎ᠠ᠂ ᠡᠪᠡᠳᠴᠢᠨ ᠤ ᠪᠠᠶᠢᠳᠠᠯ ᠢ ᠦᠨᠳᠦᠰᠦᠯᠡᠨ ᠵᠠᠯᠭᠠᠨ ᠬᠡᠷᠡᠭᠯᠡᠵᠦ ᠪᠤᠯᠣᠨ᠎ᠠ᠃     ⑵ ᠡᠷᠰᠮᠢᠩ ︵奥斯鸣︶᠎ ᠤᠨ ᠲᠠᠷᠢᠯᠭ᠎ᠠ ᠶᠢᠨ ᠠᠭᠤᠰᠤᠮᠠᠯ 100~150ml᠃ ᠬᠡᠷᠡᠭᠯᠡᠬᠦ ᠠᠷᠭ᠎ᠠ᠄ 1 ᠤᠳᠠᠭ᠎ᠠ ᠳᠤ ᠨᠠᠮᠵᠢᠭᠤᠨ ᠰᠤᠳᠠᠯ ᠢᠶᠠᠷ ᠠᠭᠠᠵᠢᠮᠬᠠᠨ ᠲᠠᠷᠢᠨ᠎ᠠ᠂ ᠡᠳᠦᠷ ᠲᠤ 1 ᠣᠳᠠᠭ᠎ᠠ᠂ 2~5 ᠬᠤᠨᠤᠭ ᠦᠷᠭᠦᠯᠵᠢᠯᠡᠨ ᠬᠡᠷᠡᠭᠯᠡᠨ᠎ᠡ᠃     ⑶ ᠦᠪᠡᠷ ᠤᠨ ᠪᠡᠶ᠎ᠡ ᠶᠢᠨ ᠴᠢᠰᠤ ᠪᠠᠷ ᠵᠠᠰᠠᠬᠤ ᠠᠷᠭ᠎ᠠ᠄ ᠭᠡᠮᠨᠡᠭᠰᠡᠨ ᠦᠬᠡᠷ ᠤᠨ ᠨᠠᠮᠵᠢᠭᠤᠨ ᠰᠤᠳᠠᠯ ᠠᠴᠠ 60ml ᠴᠢᠰᠤ ᠠᠪᠤᠭᠠᠳ ᠬᠦᠵᠦᠭᠦᠨ ᠤ ᠬᠠᠵᠠᠭᠤ ᠲᠠᠯ᠎ᠠ ᠶᠢᠨ ᠠᠷᠠᠰᠤᠨ ᠳᠤᠤᠷ᠎ᠠ ᠪᠣᠶᠣ ᠪᠣᠯᠴᠢᠩ ᠳᠤ ᠪᠠᠷᠢᠨ ᠲᠠᠷᠢᠨ᠎ᠠ᠂ ᠡᠳᠦᠷ ᠲᠤ 1 ᠣᠳᠠᠭ᠎ᠠ᠂ 3 ᠤᠳᠠᠭ᠎ᠠ ᠶᠢ 1 ᠡᠮᠴᠢᠯᠡᠭᠡᠨ ᠤ ᠬᠤᠭᠤᠴᠠᠭ᠎ᠠ ᠪᠤᠯᠭᠠᠨ᠎ᠠ᠂ ᠤᠳᠠᠭ᠎ᠠ ᠪᠦᠷᠢ ᠴᠢᠰᠤᠨ ᠤ ᠬᠡᠮᠵᠢᠶ᠎ᠡ ᠶᠢ 20ml ᠨᠡᠮᠡᠭᠳᠡᠭᠦᠯᠦᠨ᠎ᠡ᠃     4. 50g ᠪᠣᠷᠣ ᠮᠠᠭᠠᠵᠢ᠂ 50g ᠭᠠ᠂ 5 ᠰᠠᠭᠤᠷᠢ ᠰᠣᠩᠭᠢᠨ᠎ᠠ ᠶᠢᠨ ᠴᠠᠭᠠᠨ ᠢ ᠣᠰᠣᠨ ᠳᠤ ᠴᠢᠨᠠᠭᠠᠳ 1ᠣᠳᠠᠭ᠎ᠠ ᠳᠤ ᠴᠢᠳᠬᠤᠵᠤ ᠦᠭᠭᠦᠨ᠎ᠡ᠃     5. 70g ᠪᠣᠷᠣ ᠮᠠᠭᠠᠵᠢ ᠶᠢᠨ ᠡᠰᠢ ᠨᠠᠪᠴᠢ᠂ 45g ᠭᠠ ᠶᠢ ᠤᠰᠤᠨ ᠳᠤ ᠴᠢᠨᠠᠵᠤ 2 ᠠᠶᠠᠭ᠎ᠠ ᠰᠦᠮᠦᠰᠦ ᠠᠪᠤᠭᠠᠳ ᠪᠦᠯᠢᠶᠡᠨ ᠢᠶᠠᠷ 1 ᠤᠳᠠᠭ᠎ᠠ ᠳᠤ ᠴᠢᠳᠬᠤᠵᠤ ᠦᠭᠭᠦᠨ᠎ᠡ᠃     6. 50g ᠵᠡᠭᠡᠷᠭᠡᠨ᠎ᠡ᠂ 100g ᠨᠤᠭᠤᠭᠠᠨ ᠪᠤᠷᠴᠠᠭ ᠢ ᠤᠰᠤᠨ ᠳᠤ ᠴᠢᠨᠠᠭᠠᠳ 1000ml ᠰᠦᠮᠦᠰᠦ ᠠᠪᠴᠤ ᠬᠦᠷᠦᠭᠡᠭᠰᠡᠨ ᠤ ᠬᠤᠶᠢᠨ᠎ᠠ 1 ᠤᠳᠠᠭ᠎ᠠ ᠳᠤ ᠴᠢᠳᠬᠤᠵᠤ ᠦᠭᠭᠦᠨ᠎ᠡ᠃     7. 2 ᠬᠦᠯᠳᠡᠭᠦᠦ ᠠᠯᠢᠮ᠎ᠠ᠂ 1 ᠠᠳᠬᠤ ᠭᠠ᠂ 1 ᠠᠳᠬᠤ ᠭᠦᠢᠯᠡᠰᠦᠨ ᠴᠦᠮ᠎ᠡ ᠶᠢ ᠤᠰᠤᠨ ᠳᠤ ᠴᠢᠨᠠᠵᠤ 4 ᠠᠶᠠᠭ᠎ᠠ ᠰᠦᠮᠦᠰᠦ ᠠᠪᠤᠨ᠎ᠠ᠂ ᠳᠡᠭᠡᠷ᠎ᠡ ᠨᠢ 1 ᠰᠢᠨᠠᠭ᠎ᠠ ᠪᠠᠯ ᠨᠠᠮᠠᠵᠦ ᠬᠤᠳᠬᠤᠭᠠᠳ 1 ᠣᠳᠠᠭ᠎ᠠ ᠳᠤ ᠴᠢᠳᠬᠤᠵᠤ ᠦᠭᠭᠦᠨ᠎ᠡ᠃     8. 10 ᠠᠳᠬᠤ ᠴᠠᠭᠠᠨ ᠨᠤᠭᠤᠭᠠᠨ ᠤ ᠦᠨᠳᠦᠰᠦ᠂ 5 ᠯᠤᠤᠪᠠᠩ᠂ 5 ᠠᠳᠬᠤ ᠰᠣᠩᠭᠢᠨ᠎ᠠ ᠶᠢᠨ ᠴᠠᠭᠠᠨ ᠢ ᠴᠢᠨᠠᠭᠠᠳ 5 ᠠᠶᠠᠭ᠎ᠠ ᠰᠦᠮᠦᠰᠦ ᠠᠪᠤᠨ᠎ᠠ᠂ ᠳᠡᠭᠡᠭᠡᠳ 1 ᠠᠳᠬᠤ ᠪᠤᠷᠠᠮ ᠬᠢᠵᠦ ᠠᠭᠤᠰᠬᠠᠭᠠᠳ 1 ᠣᠳᠠᠭ᠎ᠠ ᠳᠤ ᠴᠢᠳᠬᠤᠵᠤ ᠦᠭᠭᠦᠨ᠎ᠡ᠃    
 
ᠢᠷᠡᠯᠲᠡ᠄ ᠰᠠᠨ᠎ᠠ ᠶᠢᠨ ᠨᠠᠶᠢᠷᠠᠭᠤᠯᠤᠭᠰᠠᠨ ︽ᠮᠠᠯ ᠵᠢᠭᠦᠷᠲᠡᠨ ᠤ ᠡᠪᠡᠳᠴᠢᠨ ᠢ ᠰᠡᠷᠭᠡᠶᠢᠯᠡᠨ ᠵᠠᠰᠠᠬᠤ ᠠᠰᠠᠭᠤᠯᠲᠠ ᠬᠠᠷᠢᠭᠤᠯᠲᠠ︾ ᠭᠡᠬᠦ ᠨᠤᠮ ᠡ᠊
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号