20 ᠲᠦᠮᠨ ᠶᠢᠨ ᠵᠢᠯ ᠤᠨ ᠤᠷᠤᠯᠭ᠎ᠠ ᠶᠢ ᠤᠳᠬᠤᠨᠴᠢᠮᠡᠭ ᠬᠡᠷᠬᠢᠨ ᠡᠭᠦᠳᠪᠡ︖
ᠨᠡᠶᠢᠲᠡᠯᠡᠭᠰᠡᠨ ᠴᠠᠭ᠄
2021/8/15
     ᠬᠠᠨᠭ᠍ᠬᠢᠨ ᠬᠤᠰᠢᠭᠤᠨ ᠤ ᠲᠤᠭᠤᠶᠢᠳᠠᠯ᠎ᠠ ᠪᠠᠯᠭᠠᠰᠤᠨ ᠤ ᠰᠢᠷᠠᠵᠤᠤ ᠭᠠᠴᠠᠭᠠᠨ ᠳᠤ ᠨᠤᠳᠤᠭ ᠲᠠᠢ ᠤᠳᠬᠤᠨᠴᠢᠮᠡᠭ ᠪᠤᠯ ᠰᠢᠮᠡᠳᠠᠢ ᠭᠡᠳᠡᠰᠤ ᠴᠢᠳᠬᠤᠬᠤ ᠦᠢᠯᠡᠳᠭᠡᠯ ᠤᠨ ᠭᠠᠵᠠᠷ ᠤᠨ ᠡᠵᠡᠳᠡᠨ ᠶᠤᠮ᠃ ᠲᠡᠷᠨ ᠭᠡᠳᠡᠰᠤ ᠴᠢᠳᠬᠤᠬᠤ ᠠᠵᠢᠯ ᠢ ᠡᠷᠬᠢᠯᠡᠭᠡᠳ 20 ᠵᠢᠯ ᠤᠨ ᠨᠢᠭᠤᠷ ᠢ ᠦᠵᠡᠵᠤ ᠪᠠᠶᠢᠨ᠎ᠠ᠃ ᠲᠡᠷᠨ ᠪᠠᠷ ᠤᠯᠡᠨ ᠵᠢᠯ ᠤᠨ ᠲᠤᠷᠰᠢ ᠤᠯᠠᠮᠵᠢᠯᠠᠯᠳᠤ ᠭᠡᠳᠡᠰᠤ ᠴᠢᠳᠬᠤᠬᠤ ᠠᠷᠭ᠎ᠠ ᠮᠠᠶ᠋ᠢᠭ ᠢ ᠰᠢᠨ᠎ᠡ ᠬᠡᠯᠪᠡᠷᠢ ᠶᠢᠨ ᠮᠠᠰᠢᠨᠴᠢᠯᠡᠯᠳᠡ ᠲᠠᠢ ᠤᠶᠠᠯᠳᠤᠭᠤᠯᠵᠤ᠂ ᠴᠢᠳᠬᠤᠬᠰᠡᠨ ᠭᠡᠳᠡᠰᠤ ᠨᠢ ᠨᠡᠮᠡᠯᠳᠡ ᠡᠳ᠋ ᠦᠭᠡᠢ᠂ ᠤᠬᠢ ᠰᠠᠶᠢᠨ ᠠᠮᠳᠡ ᠲᠠᠢ ᠪᠠᠶᠢᠳᠠᠭ ᠢᠶᠠᠷ ᠢᠶᠠᠨ ᠤᠯᠡᠨ ᠲᠠᠶᠠᠭᠠᠷ ᠲᠤ ᠲᠠᠭᠠᠯᠠᠬᠳᠠᠵᠤ᠂ ᠵᠠᠬ᠎ᠠ ᠲᠡᠯᠭᠡᠭᠦᠷ ᠲᠡᠭᠡᠷ᠎ᠡ ᠤᠷᠤᠨ ᠪᠠᠶᠢᠷᠢ ᠪᠠᠨ ᠤᠯᠵᠤ ᠴᠢᠳᠠᠵᠠᠢ᠃ ᠡᠶᠢᠮᠤ ᠠᠴᠠ ᠲᠡᠭᠦᠨ ᠤ ᠬᠢᠭᠰᠡᠨ ᠪᠦᠳᠦᠭᠡᠭᠳᠡᠭᠦᠨ ᠨᠢ ᠤᠷᠳᠤᠰ ᠬᠤᠳᠠ ᠠᠴᠠ ᠭᠠᠳᠠᠨ᠎ᠠ ᠪᠡᠭᠡᠵᠢᠩ᠂ ᠬᠦᠭᠡᠬᠤᠳᠠ᠂ ᠪᠤᠭᠤᠳᠤ ᠵᠡᠷᠭᠡ ᠭᠠᠵᠠᠷ ᠤᠳ ᠢᠶᠠᠷ ᠪᠤᠷᠤᠯᠠᠭᠤᠯᠤᠬᠳᠠᠵᠤ᠂ ᠤᠳᠤ ᠪᠤᠯᠬᠤ ᠳᠤ ᠵᠢᠯ ᠤᠨ ᠤᠷᠤᠯᠭ᠎ᠠ ᠨᠢ 20 ᠲᠦᠮᠡᠨ ᠲᠦᠭᠦᠷᠢᠭ ᠢ ᠲᠠᠪᠠᠭᠰᠡᠨ ᠪᠠᠶᠢᠨ᠎ᠠ᠃      ᠦᠢᠯᠠᠭᠠᠬᠰᠡᠨ ᠢᠶᠠᠷ᠂ ᠤᠳᠬᠤᠨᠴᠢᠮᠡᠭ ᠠᠩᠬᠠᠨ ᠳᠠᠭᠠᠨ ᠬᠠᠨᠭ᠍ᠬᠢᠨ ᠬᠤᠰᠢᠭᠤᠨ ᠤ ᠬᠠᠨᠭ᠍ᠭᠠᠨ ᠪᠤᠷᠤᠯᠠᠭᠤᠯᠬᠤ ᠬᠤᠷᠰᠢᠶᠠᠨ ᠤ ᠮᠠᠯ ᠤᠨ ᠠᠰᠢᠭ ᠰᠢᠮ᠎ᠡ ᠶᠢᠨ ᠺᠤᠮᠫᠠᠨᠢ ᠳᠤ ᠠᠵᠢᠯ ᠬᠢᠵᠤ ᠪᠠᠶᠢᠬᠰᠡᠨ ᠠᠴᠠ ᠪᠠᠨ ᠰᠡᠭᠦᠯ ᠳᠤᠨᠢ ᠠᠵᠢᠯ ᠠᠯᠳᠡᠵᠤ  ᠠᠳᠡ ᠲᠡᠨᠳᠡ ᠠᠷᠰᠠᠷ ᠠᠵᠢᠯ ᠬᠢᠵᠤ ᠭᠡᠳᠤᠨ ᠵᠢᠯ ᠢ ᠦᠡᠭᠭᠡᠷᠡᠭᠦᠯᠦᠭᠰᠡᠨ ᠪᠤᠯᠪᠠᠴᠤ ᠠᠯᠢ ᠨᠢ ᠴᠤ ᠲᠤᠭᠤᠰᠢᠳᠠᠢ ᠪᠤᠯᠵᠤ ᠲᠠᠶᠢᠯᠦᠭᠰᠡᠨ ᠦᠭᠡᠢ᠃ ᠲᠡᠭᠡᠭᠡᠳ ᠲᠡᠷᠨ ᠦᠪᠡᠷ ᠢᠶᠠᠨ ᠨᠢᠭᠡ ᠦᠢᠯᠡᠰ ᠪᠤᠰᠬᠠᠬᠤ ᠵᠤᠷᠢᠭ ᠢ ᠡᠪᠤᠷᠯᠡᠵᠤ᠂ ᠪᠦᠳᠦᠮᠵᠢᠳᠠᠢ ᠠᠷᠭ᠎ᠠ ᠵᠠᠮ ᠢ ᠰᠦᠪᠡᠭᠴᠢᠯᠡᠨ 2001 ᠤᠨ ᠠᠴᠠ ᠡᠬᠢᠯᠡᠨ ᠮᠠᠯ ᠤᠨ ᠭᠡᠳᠡᠰᠤ ᠲᠤᠳᠤᠷ ᠴᠢᠳᠬᠤᠬᠤ ᠠᠵᠢᠯ ᠢ ᠬᠢᠵᠤ ᠡᠬᠢᠯᠡᠭᠰᠡᠨ ᠶᠤᠮ᠃ ᠡᠨᠡ ᠨᠢ ᠮᠦᠨ ᠴᠤ ᠲᠡᠭᠦᠨ ᠤ ᠦᠨᠳᠤᠰᠤᠳᠡᠨ ᠤ ᠤᠯᠠᠮᠵᠢᠯᠠᠯᠳᠤ ᠢᠳᠡᠭᠡᠨ ᠢ ᠲᠡᠯᠭᠡᠷᠡᠭᠦᠯᠤᠨ ᠬᠦᠭᠵᠢᠭᠦᠯᠬᠦ ᠭᠡᠰᠡᠨ ᠰᠠᠨᠠᠭ᠎ᠠ ᠲᠠᠢ ᠨᠡᠶᠢᠴᠡᠵᠤ ᠪᠠᠶᠢᠯ᠎ᠠ᠃ ︽ᠵᠤᠷᠢᠭ ᠲᠠᠢ ᠬᠦᠮᠤᠨ ᠤ ᠵᠠᠮ ᠤᠨ ᠬᠦᠵᠦᠭᠦᠤ ᠤᠷᠳᠤ︾ ᠬᠡᠳᠡᠭ ᠢᠶᠠᠷ᠂ ᠶᠠᠮᠠᠷ ᠶᠠᠭᠤᠮ᠎ᠠ ᠬᠢᠭᠰᠡᠨ ᠴᠤ ᠨᠠᠷᠢᠨ ᠬᠢᠨᠠᠮᠠᠭᠠᠢ ᠪᠠᠶᠢᠳᠠᠭ ᠤᠨ ᠵᠠᠩ ᠢᠶᠠᠷ ᠤᠳᠬᠤᠨᠴᠢᠮᠡᠭ ᠡᠬᠢᠯᠡᠭᠡᠳ ᠭᠠᠭᠴᠠᠭᠠᠷ ᠢᠶᠠᠨ ᠬᠢᠵᠤ᠂ ᠦᠷᠯᠦᠭᠡ ᠦᠳᠡᠰᠢ ᠶᠢ ᠲᠡᠮᠡᠴᠡᠨ ᠶᠠᠭᠠᠷᠠᠨ ᠠᠵᠢᠯᠯᠠᠵᠤ᠂ ᠴᠢᠳᠬᠤᠬᠤ ᠮᠡᠷᠭᠡᠵᠢᠯ ᠢᠶᠠᠨ ᠲᠡᠭᠡᠭᠰᠢᠯᠡᠭᠦᠯᠤᠨ ᠦᠨᠤᠷ ᠠᠮᠳᠡ ᠤᠷᠤᠭᠤᠯᠬᠤ ᠮᠠᠲ᠋ᠧᠷᠢᠶᠠᠯ ᠢ ᠵᠦᠢ ᠵᠤᠬᠢᠰᠳᠠᠢ ᠲᠤᠬᠢᠷᠠᠭᠤᠯᠵᠤ ᠪᠠᠷᠢᠮᠵᠢᠶᠠᠯᠡᠨ ᠬᠢᠭᠰᠡᠨ ᠠᠴᠠ ᠬᠤᠳᠠᠯᠳᠤᠨ ᠠᠪᠤᠬᠴᠢᠳ ᠤᠨ ᠲᠤᠭ᠎ᠠ ᠡᠳᠤᠷ ᠠᠴᠠ ᠡᠳᠤᠷ ᠤᠯᠠᠰᠢᠷᠠᠬᠰᠡᠨ ᠪᠠᠶᠢᠨ᠎ᠠ᠃ ᠡᠭᠦᠨ ᠤ ᠲᠡᠭᠡᠷ᠎ᠡ ᠲᠡᠷᠨ ᠪᠠᠰᠨ ᠪᠤᠷᠤᠯᠠᠭᠤᠯᠭ᠎ᠠ ᠶᠢᠨ ᠵᠠᠮ ᠢᠶᠠᠨ ᠦᠷᠭᠡᠳᠭᠡᠨ᠂ ᠬᠤᠭᠤᠯᠡᠨ ᠭᠡᠷ᠂ ᠵᠤᠴᠢᠳ ᠤᠨ ᠪᠠᠭᠤᠳᠠᠯ ᠳᠤ ᠬᠦᠷᠭᠡᠵᠤ ᠪᠤᠷᠤᠯᠠᠭᠤᠯᠤᠭᠰᠠᠨ ᠠᠴᠠ ᠬᠡᠷᠡᠭᠯᠡᠭᠴᠢᠳ ᠤᠨ ᠳᠠᠭᠠᠰᠢᠶᠠᠯ ᠢ ᠤᠯᠵᠤ᠂ ᠪᠤᠷᠤᠯᠠᠭᠤᠯᠭ᠎ᠠ ᠤᠯᠠᠮ ᠰᠠᠶᠢᠨ ᠪᠤᠯᠵᠠᠢ᠃ ᠤᠳᠬᠤᠨᠴᠢᠮᠡᠭ ᠬᠡᠯᠡᠬᠦ ᠳᠡᠭᠡᠨ᠄ ︽ᠭᠡᠳᠡᠰᠤ ᠴᠢᠳᠬᠤᠵᠤ ᠴᠢᠨᠠᠬᠤ ᠭᠡᠳᠡᠭ ᠪᠤᠯ ᠲᠠᠶᠢᠮᠤ ᠲᠦᠭᠦᠮ ᠠᠵᠢᠯ ᠪᠢᠰᠢ᠂ ᠠᠩᠬ᠎ᠠ ᠡᠬᠢᠯᠡᠵᠤ ᠬᠢᠬᠦ ᠳᠤ ᠪᠠᠭ᠎ᠠ ᠬᠡᠮᠵᠢᠶ᠎ᠡ ᠪᠠᠷ ᠬᠢᠵᠤ᠂ ᠦᠢᠷ᠎ᠠ ᠬᠠᠪᠢ ᠶᠢᠨ ᠮᠤᠩᠭᠤᠯ ᠬᠤᠭᠤᠯᠡᠨ ᠭᠡᠷ ᠤᠳ ᠢᠶᠠᠷ ᠪᠤᠷᠤᠯᠠᠭᠤᠯᠵᠤ ᠪᠠᠶᠢᠬᠰᠡᠨ ᠶᠤᠮ᠃ ᠰᠡᠭᠦᠯ ᠳᠤᠨᠢ ᠵᠠᠬᠢᠶᠠᠯᠠᠭ᠎ᠠ ᠠᠷᠪᠢᠳᠴᠤ ᠤᠯᠡᠮ ᠤᠯᠡᠮ ᠢᠶᠠᠷ ᠬᠦᠮᠤᠨ ᠲᠤᠳᠠᠬᠳᠠᠵᠤ᠂ ᠵᠠᠷᠢᠮ ᠳᠠᠭᠠᠨ ᠬᠦᠮᠤᠰ ᠤᠨ ᠬᠡᠷᠡᠭᠴᠡᠭᠡ ᠶᠢ ᠬᠠᠨᠭ᠍ᠭᠠᠵᠤ ᠲᠠᠶᠢᠯᠬᠦ ᠦᠭᠡᠢ ᠪᠤᠯᠬᠤ ᠳᠠᠭᠠᠨ ᠬᠤᠶᠠᠷ ᠠᠵᠢᠯᠳᠡᠨ ᠨᠡᠮᠡᠵᠤ ᠡᠯᠰᠡᠨ ᠬᠡᠷᠡᠭᠯᠡᠵᠠᠢ︾ ᠭᠡᠵᠤ ᠪᠠᠶᠢᠯ᠎ᠠ᠃      ᠤᠳᠬᠤᠨᠴᠢᠮᠡᠭ ᠤᠨ ᠬᠢᠨ ᠭᠡᠷ ᠲᠡᠭᠡᠨ ᠭᠤᠷᠪᠡᠨ ᠠᠮᠨ ᠪᠦᠯᠢ ᠲᠠᠢ ᠪᠠᠶᠢᠵᠤ᠂ ᠡᠷ᠎ᠡ ᠨᠦᠬᠦᠷ ᠨᠢ ᠪᠠᠭᠰᠢ ᠶᠢᠨ ᠠᠵᠢᠯ ᠠᠯᠪᠡ ᠲᠠᠢ ᠪᠤᠯᠬᠤᠷ ᠵᠦᠪᠭᠡᠨ ᠰᠤᠯᠨ ᠰᠡᠯᠡᠭᠦᠤ ᠴᠠᠭ ᠢᠶᠠᠷ ᠢᠶᠠᠨ ᠢᠷᠡᠵᠤ ᠬᠠᠮᠵᠢᠨ ᠬᠢᠳᠡᠭ᠃ ᠲᠡᠷᠡ ᠪᠠᠰᠨ ᠲᠠᠸᠠᠷ ᠤᠨ ᠲᠡᠮᠳᠡᠭ ᠳᠠᠩᠰᠠᠯᠠᠵᠤ᠂ ᠴᠢᠳᠬᠤᠬᠰᠡᠨ ᠭᠡᠳᠡᠰᠤ ᠠᠴᠠ ᠭᠠᠳᠠᠨ᠎ᠠ ᠪᠠᠰᠨ ᠬᠦᠵᠡᠭᠡᠨ ᠪᠤᠭᠤᠳᠠᠭ ᠵᠡᠷᠭᠡ ᠶᠢ ᠨᠡᠮᠡᠨ ᠬᠢᠵᠠᠢ᠃ ᠰᠤᠷᠪᠤᠯᠵᠢᠯᠠᠭ᠎ᠠ ᠲᠤᠮᠳᠡ ᠤᠳᠬᠤᠨᠴᠢᠮᠡᠭ ᠡᠰᠢ ᠲᠡᠰᠢ ᠶᠠᠭᠠᠷᠠᠬᠤ ᠶᠢᠨ ᠬᠠᠮᠳᠤ ᠪᠠᠰᠨ ᠶᠠᠷᠢᠯᠴᠠᠭ᠎ᠠ ᠪᠠᠨ ᠦᠷᠭᠦᠯᠵᠢᠯᠡᠭᠦᠯᠤᠨ᠎ᠡ᠄ ︽ᠮᠠᠨ ᠤ ᠡᠨᠡ ᠠᠵᠢᠯ ᠭᠡᠵᠤ ᠶᠠᠭᠠᠷᠠᠵᠤ ᠯᠨ ᠪᠠᠶᠢᠪᠠᠯ ᠤᠷᠤᠯᠭ᠎ᠠ ᠰᠠᠶᠢᠨ᠂ ᠶᠠᠭᠠᠷᠠᠬᠤ ᠪᠠᠨ ᠪᠠᠶᠢᠴᠢᠬᠠᠪᠠᠯ ᠤᠯᠬᠤ ᠪᠠᠨ ᠪᠠᠶᠢᠴᠢᠬᠠᠨ᠎ᠠ᠃ ᠪᠢ ᠭᠡᠷ ᠲᠡᠭᠡᠨ ᠬᠠᠮᠤᠭ ᠪᠠᠭ᠎ᠠ ᠨᠢ᠂ ᠡᠭᠡᠴᠢ ᠮᠢᠨᠢ ᠨᠠᠳᠡ ᠶᠢ ᠬᠡᠳᠤᠷᠡᠳᠡᠯ᠎ᠡ ᠶᠠᠳᠠᠷᠠᠬᠤ ᠠᠴᠠ ᠬᠢᠴᠢᠶᠡᠭᠡᠷᠡᠢ ᠭᠡᠵᠤ ᠲᠠᠩᠳᠡ ᠰᠠᠨᠠᠭᠤᠯᠵᠤ ᠪᠠᠶᠢᠳᠠᠭ ᠶᠤᠮ︾ ᠭᠡᠨ᠎ᠡ᠃ ᠮᠤᠩᠭᠤᠯ ᠬᠤᠭᠤᠯᠡᠨ ᠭᠡᠷ ᠨᠡᠭᠡᠭᠡᠵᠤ ᠪᠠᠶᠢᠳᠠᠭ ᠬᠡᠷᠡᠭᠯᠡᠭᠴᠢ ᠰᠡᠴᠡᠨ ᠶᠠᠭ ᠡᠳᠡᠨ ᠤ ᠬᠢᠨ ᠢᠶᠠᠷ ᠴᠢᠳᠬᠤᠬᠰᠡᠨ ᠭᠡᠳᠡᠰᠤ ᠬᠤᠳᠠᠯᠳᠤᠨ ᠠᠪᠬᠤ ᠪᠠᠷ ᠢᠷᠡᠭᠰᠡᠨ ᠲᠠᠢ ᠲᠠᠭᠠᠷᠠᠯᠳᠤᠵᠤ᠂ ᠰᠤᠷᠪᠤᠯᠵᠢᠯᠠᠭ᠎ᠠ ᠬᠦᠯᠢᠶᠡᠵᠤ ᠬᠡᠯᠡᠬᠦ ᠳᠡᠭᠡᠨ᠄ ︽ᠪᠢ ᠤᠳᠠᠭᠠᠨ ᠵᠢᠯ ᠡᠳᠡᠨ ᠤ ᠴᠢᠳᠬᠤᠬᠰᠡᠨ ᠭᠡᠳᠡᠰᠤ ᠶᠢ ᠤᠷᠤᠭᠤᠯᠤᠨ ᠬᠡᠷᠡᠭᠯᠡᠭᠰᠡᠭᠡᠷ ᠢᠷᠡᠵᠡᠢ᠃ ᠴᠢᠨᠡᠷ ᠪᠡ ᠠᠮᠳᠡ ᠶᠢᠨ ᠲᠠᠯ᠎ᠠ ᠪᠠᠷ ᠤᠯᠠᠮ ᠠᠴᠠ ᠤᠯᠠᠮ ᠰᠠᠶᠢᠨ ᠪᠤᠯᠵᠤ ᠪᠠᠶᠢᠨ᠎ᠠ᠂ ᠭᠡᠶᠢᠴᠢᠳ ᠵᠤᠴᠢᠳ ᠴᠤ ᠰᠡᠳᠬᠢᠯ ᠬᠠᠨᠤᠮᠵᠢᠳᠠᠢ︾ ᠭᠡᠵᠤ ᠪᠠᠶᠢᠯ᠎ᠠ᠃ ᠰᠤᠷᠪᠤᠯᠵᠢᠯᠠᠭ᠎ᠠ ᠲᠡᠭᠦᠰᠬᠦ ᠳᠤ ᠤᠳᠬᠤᠨᠴᠢᠮᠡᠭ ᠶᠠᠷᠢᠬᠤ ᠳᠠᠭᠠᠨ᠄ ︽ᠠᠵᠢᠯᠳᠡᠨ ᠤᠯᠳᠠᠪᠡᠯ ᠬᠤᠶᠢᠰᠢᠳᠡ ᠪᠠᠰᠨ ᠨᠡᠩ ᠦᠷᠭᠡᠳᠭᠡᠵᠤ ᠬᠢᠬᠦ ᠰᠠᠨᠠᠭ᠎ᠠ ᠲᠠᠢ᠂ ᠡᠨᠡ ᠬᠡᠳᠤᠨ ᠵᠢᠯ ᠤᠨ ᠤᠷᠤᠯᠭ᠎ᠠ ᠪᠠᠰᠨ ᠵᠦᠭᠡᠷ᠂ ᠨᠢᠭᠡ ᠰᠠᠷ᠎ᠠ ᠶᠢᠨ ᠤᠷᠤᠯᠭ᠎ᠠ 2 ᠲᠦᠮᠨ ᠳᠤ ᠬᠥᠷᠳᠡᠭ᠂ ᠪᠤᠷᠤᠯᠠᠭᠤᠯᠭ᠎ᠠ ᠰᠠᠶᠢᠳᠠᠢ ᠦᠶ᠎ᠡ ᠳᠤ 3 ᠲᠦᠮᠡᠨ ᠲᠦᠭᠦᠷᠢᠭ ᠤᠨ ᠤᠷᠤᠯᠭ᠎ᠠ ᠶᠢ ᠴᠤ ᠡᠭᠦᠳᠴᠢᠭᠡᠳᠡᠭ ᠶᠤᠮ︾ ᠭᠡᠵᠤ ᠪᠠᠶᠢᠯ᠎ᠠ᠃
  ᠤᠳᠬᠤᠨᠴᠢᠮᠡᠭ ᠬᠡᠳᠡᠰᠤ ᠴᠢᠳᠬᠤᠬᠤ ᠪᠠᠷ ᠪᠡᠯᠡᠳᠬᠡᠨ᠎ᠡ
 
ᠢᠷᠡᠯᠲᠡ᠄ ᠤᠷᠳᠤᠰ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号