ᠬᠠᠨ ᠸᠧᠢ᠄ ᠬᠠᠮᠤᠭ ᠤᠨ ᠭᠤᠶᠤ ᠨᠠᠶᠢᠳᠠ ᠶᠢᠨ ᠠᠰᠠᠷᠠᠮᠵᠢ ᠶᠢᠨ ᠵᠠᠮᠴᠢᠯᠠᠬᠴᠢ
ᠨᠡᠶᠢᠲᠡᠯᠡᠭᠰᠡᠨ ᠴᠠᠭ᠄
2021/8/25
     ᠬᠠᠨ ᠸᠧᠢ᠂ ᠵᠡᠭᠦᠨᠭᠠᠷ ᠬᠤᠰᠢᠭᠤᠨ ᠤ ᠵᠠᠮ ᠬᠠᠷᠢᠯᠴᠠᠭᠠᠨ ᠤ ᠬᠠᠮᠢᠶᠠᠷᠤᠯᠳᠠ ᠶᠢᠨ ᠶᠡᠭᠡ ᠠᠩᠭᠢ ᠶᠢᠨ ᠠᠷᠠᠳ ᠤᠨ ᠴᠠᠬᠳᠠᠭ᠎ᠠ᠂ ᠠᠨᠳᠠ ᠠᠪᠤᠷᠠᠨ ᠲᠤᠰᠠᠯᠠᠬᠤ ᠠᠩᠭᠢ ᠶᠢᠨ ᠲᠠᠷᠤᠭ᠎ᠠ᠂ ᠵᠡᠭᠦᠨᠭᠠᠷ ᠬᠤᠰᠢᠭᠤᠨ ᠤ ︽5 · 4 ︾᠎ ᠤ ᠱᠠᠩᠨᠠᠯ᠂ ᠤᠷᠳᠤᠰ ᠬᠤᠳᠠ ᠶᠢᠨ ᠰᠢᠯᠢᠳᠡᠭ ᠨᠡᠶᠢᠭᠡᠮ ᠤᠨ ᠵᠤᠭᠢᠶᠠᠨ ᠪᠠᠶᠢᠭᠤᠯᠤᠯᠳᠠ ᠶᠢᠨ ᠨᠠᠮ ᠤᠨ ᠭᠡᠰᠢᠭᠦᠨ᠂ ᠦᠪᠡᠷᠳᠡᠭᠡᠨ ᠵᠠᠰᠠᠬᠤ ᠤᠷᠤᠨ ᠤ ᠬᠠᠮᠤᠭ ᠤᠨ ᠭᠤᠶᠤ ᠴᠡᠷᠢᠭ ᠠᠴᠠ ᠬᠠᠯᠠᠬᠳᠠᠬᠰᠠᠳ ᠵᠡᠷᠭᠡ ᠢᠷᠠᠭᠤ ᠠᠯᠳᠠᠷ ᠢᠶᠠᠷ ᠡ᠊ᠡᠭᠭᠡᠷ ᠢᠶᠠᠨ ᠮᠢᠯᠢᠶᠠᠯᠭᠠᠵᠤ ᠶᠠᠪᠤᠵᠠᠢ᠃      ᠠᠨᠳᠠ ᠠᠪᠤᠷᠠᠨ ᠲᠤᠰᠠᠯᠠᠬᠤ ᠠᠩᠭᠢ ᠶᠢᠨ ᠡᠭᠦᠰᠭᠡᠨ ᠪᠠᠶᠢᠭᠤᠯᠤᠬᠴᠢ᠂ ᠠᠩᠭᠢ ᠶᠢᠨ ᠲᠠᠷᠤᠭ᠎ᠠ ᠪᠤᠯᠤᠬᠰᠠᠨ ᠤ ᠬᠤᠪᠢ ᠳᠤ᠂ ᠬᠠᠨ ᠸᠧᠢ 2017 ᠤᠨ ᠠᠴᠠ ᠡᠳᠦᠭᠡ ᠪᠤᠯᠳᠠᠯ᠎ᠠ ᠵᠠᠮ ᠬᠠᠷᠢᠯᠴᠠᠭᠠᠨ ᠤ ᠠᠪᠤᠷᠠᠨ ᠲᠤᠰᠠᠯᠠᠬᠤ ᠠᠵᠢᠯ ᠳᠤ 268 ᠤᠳᠠᠭ᠎ᠠ᠂ ᠰᠤᠷᠤᠯᠭ᠎ᠠ ᠶᠢ ᠲᠡᠳᠭᠦᠭᠦ ᠠᠵᠢᠯᠯᠠᠭ᠎ᠠ ᠳᠤ 50 ᠤᠳᠠᠭ᠎ᠠ᠂ ᠭᠦᠨᠳᠦ ᠡᠪᠡᠳᠴᠢᠳᠡᠨ ᠢ ᠠᠪᠤᠷᠠᠨ ᠲᠤᠰᠠᠯᠠᠬᠤ ᠠᠵᠢᠯᠯᠠᠭ᠎ᠠ ᠳᠤ 42 ᠤᠳᠠᠭ᠎ᠠ᠂ ᠤᠰᠤᠨ ᠲᠡᠭᠡᠷᠡᠭᠢ ᠠᠪᠤᠷᠠᠨ ᠲᠤᠰᠠᠯᠠᠬᠤ ᠠᠵᠢᠯᠯᠠᠭ᠎ᠠ ᠳᠤ 6 ᠤᠳᠠᠭ᠎ᠠ᠂ ᠦᠶᠠᠷ ᠢ ᠰᠡᠷᠭᠡᠶᠢᠯᠡᠭᠦ ᠠᠪᠤᠷᠠᠨ ᠲᠤᠰᠠᠯᠠᠬᠤ ᠠᠵᠢᠯᠯᠠᠭ᠎ᠠ ᠳᠤ 3 ᠤᠳᠠᠭ᠎ᠠ᠂ ᠭᠦᠮᠦᠨ ᠡᠷᠢᠵᠤ ᠠᠪᠤᠷᠠᠨ ᠲᠤᠰᠠᠯᠠᠬᠤ ᠠᠵᠢᠯᠯᠠᠭ᠎ᠠ ᠳᠤ 30 ᠤᠳᠠᠭ᠎ᠠ ᠤᠷᠤᠯᠴᠠᠵᠤ᠂ 3 ᠵᠢᠯ ᠲᠠᠷᠠᠭᠠᠯᠠᠨ 854 ᠤᠳᠠᠭ᠎ᠠ ᠶᠢᠨ ᠲᠡᠷᠭᠡ ᠮᠠᠰᠢᠨ ᠢ ᠵᠤᠭᠢᠶᠠᠨ ᠪᠠᠶᠢᠭᠤᠯᠤᠨ ᠰᠢᠯᠭᠠᠯᠳᠠ ᠳᠤ ᠤᠷᠤᠯᠴᠠᠬᠰᠠᠳ ᠢ ᠭᠦᠷᠭᠡᠵᠤ ᠲᠤᠰᠴᠤ᠂ ᠪᠦᠭᠦ ᠬᠤᠰᠢᠭᠤᠨ ᠤ 20 ᠭᠠᠷᠤᠢ ᠰᠤᠷᠭᠠᠭᠤᠯᠢ ᠳᠤ ᠴᠡᠷᠢᠭ ᠤᠨ ᠶᠠᠪᠤᠳᠠᠯ ᠤᠨ ᠪᠤᠯᠪᠠᠰᠤᠷᠠᠯ ᠪᠠ ᠠᠮᠤᠷ ᠲᠦᠪᠰᠢᠨ ᠤ ᠰᠡᠷᠭᠡᠶᠢᠯᠡᠯᠳᠠ ᠬᠠᠮᠠᠭᠠᠯᠠᠯᠳᠠ ᠶᠢᠨ ᠮᠡᠷᠭᠡᠵᠢᠯ ᠤᠨ ᠪᠤᠯᠪᠠᠰᠤᠷᠠᠯ ᠦᠷᠨᠢᠭᠦᠯᠦᠨ᠂ ᠪᠦᠭᠦ ᠬᠤᠰᠢᠭᠤᠨ ᠤ 12 ᠪᠠᠭ᠎ᠠ ᠰᠤᠷᠭᠠᠭᠤᠯᠢ ᠳᠤ ᠰᠠᠶᠢᠨ ᠲᠤᠷ᠎ᠠ ᠶᠢᠨ ᠦᠢᠯᠡᠴᠢᠯᠡᠭᠡ ᠬᠠᠨᠭ᠍ᠭᠠᠪᠠ᠃ ᠤᠳᠤᠬᠠᠨ ᠪᠤᠯᠳᠠᠯ᠎ᠠ᠂ ᠬᠠᠨ ᠸᠧᠢ ᠶᠢᠨ ᠬᠤᠪᠢ ᠭᠦᠮᠦᠨ ᠤ ᠰᠠᠶᠢᠨ ᠲᠤᠷ᠎ᠠ ᠶᠢᠨ ᠦᠢᠯᠡᠴᠢᠯᠡᠭᠡᠨ ᠤ ᠴᠠᠭ 2738.5 ᠴᠠᠭ ᠪᠤᠯᠤᠬᠰᠠᠨ ᠪᠠᠶᠢᠨ᠎ᠠ᠃      ᠬᠠᠨ ᠸᠧᠢ ᠶᠢᠨ ᠲᠠᠭᠠᠭᠤᠯᠭ᠎ᠠ ᠪᠠ ᠨᠦᠯᠦᠭᠡᠯᠡᠯ ᠲᠤᠤᠷ᠎ᠠ᠂ ᠠᠨᠳᠠ ᠠᠪᠤᠷᠠᠨ ᠲᠤᠰᠠᠯᠠᠬᠤ ᠠᠩᠭᠢ ᠨᠢ 2017 ᠤᠨ ᠳᠤ ᠪᠠᠶᠢᠭᠤᠯᠤᠬᠳᠠᠬᠰᠠᠨ ᠠᠴᠠ ᠨᠠᠭᠠᠰᠢ᠂ ᠦᠢᠯᠡᠴᠢᠯᠡᠭᠡᠨ ᠤ ᠲᠦᠷᠦᠯ ᠵᠦᠢᠯ ᠢ ᠲᠠᠰᠤᠷᠠᠯᠳᠠ ᠦᠭᠡᠢ ᠦᠷᠭᠡᠳᠭᠡᠵᠤ᠂ ᠨᠠᠰᠤᠳᠠᠳ ᠢ ᠬᠠᠪᠰᠤᠷᠬᠤ᠂ ᠰᠤᠷᠭᠠᠭᠤᠯᠢ ᠶᠢᠨ ᠭᠦᠷᠢᠶᠠᠨ ᠤ ᠠᠮᠤᠷ ᠲᠦᠪᠰᠢᠨ ᠢ ᠬᠠᠮᠠᠭᠠᠯᠠᠬᠤ᠂ ᠮᠤᠩᠭᠤᠯ ᠭᠡᠯᠡᠨ ᠤ ᠨᠠᠶᠢᠳᠠ ᠶᠢᠨ ᠠᠰᠠᠷᠠᠮᠵᠢ ᠶᠢᠨ ᠭᠢᠴᠢᠶᠠᠯ ᠤᠷᠤᠬᠤ᠂ ᠴᠡᠷᠢᠭ ᠠᠴᠠ ᠬᠠᠯᠠᠬᠳᠠᠬᠰᠠᠨ ᠠᠬᠠᠮᠠᠳ ᠴᠡᠷᠢᠭ ᠲᠤ ᠦᠢᠯᠡᠴᠢᠯᠡᠭᠦ ᠵᠡᠷᠭᠡ ᠠᠷᠪᠠ ᠭᠠᠷᠤᠢ ᠦᠢᠯᠡᠴᠢᠯᠡᠭᠡᠨ ᠤ ᠲᠦᠷᠦᠯ ᠪᠤᠯᠤᠨ ᠦᠷᠭᠡᠵᠢᠭᠦᠯᠵᠡᠢ᠃ ᠠᠩᠭᠢ ᠶᠢᠨ ᠭᠡᠰᠢᠭᠦᠨ ᠨᠢ 10 ᠭᠠᠷᠤᠢ ᠪᠠᠶᠢᠬᠰᠠᠨ ᠠᠴᠠ ᠪᠠᠨ 2000 ᠭᠠᠷᠤᠢ ᠪᠤᠯᠵᠤ᠂ ᠦᠢᠯᠡᠴᠢᠯᠡᠭᠡ ᠬᠠᠨᠭ᠍ᠭᠠᠬᠰᠠᠨ ᠴᠠᠭ ᠨᠢ 61741.63 ᠴᠠᠭ ᠪᠤᠯᠵᠤ᠂ ᠰᠠᠭᠠᠳ ᠭᠠᠷᠤᠭᠰᠠᠨ 4194 ᠲᠡᠷᠭᠡ ᠮᠠᠰᠢᠨ ᠢ ᠠᠪᠤᠷᠠᠨ ᠭᠠᠷᠭᠠᠵᠤ᠂ 8 ᠲᠦᠮᠠᠨ ᠭᠦᠮᠦᠨ ᠳᠤ ᠲᠤᠰᠠᠯᠠᠮᠵᠢ ᠭᠦᠷᠭᠡᠪᠡ᠃      ᠴᠡᠷᠢᠭ ᠠᠩᠭᠢ ᠠᠴᠠ ᠬᠠᠯᠠᠬᠳᠠᠬᠰᠠᠨ ᠤ ᠲᠠᠷᠠᠭ᠎ᠠ ᠬᠠᠨ ᠸᠧᠢ ᠵᠠᠮ ᠬᠠᠷᠢᠯᠴᠠᠭᠠᠨ ᠤ ᠴᠠᠬᠳᠠᠭ᠎ᠠ ᠪᠤᠯᠤᠬᠰᠠᠨ ᠶᠤᠮ᠃ ᠠᠵᠢᠯ ᠤᠨ ᠪᠠᠶᠢᠷᠢᠨ ᠲᠡᠭᠡᠷ᠎ᠠ ᠪᠠᠨ ᠭᠠᠪᠰᠢᠭᠠᠢᠢᠯᠠᠨ ᠠᠵᠢᠯᠯᠠᠬᠤ ᠶᠠᠪᠤᠴᠠ ᠳᠤ᠂ ᠠᠮᠢ ᠨᠠᠰᠤ ᠡᠳ᠋ ᠭᠦᠷᠦᠩᠭᠡ ᠬᠤᠭᠢᠷᠠᠯ ᠳᠤ ᠤᠴᠠᠷᠠᠬᠤ ᠪᠠ ᠵᠠᠮ ᠬᠠᠷᠢᠯᠴᠠᠭ᠎ᠠ ᠲᠦᠭᠵᠢᠷᠡᠭᠦ ᠵᠡᠷᠭᠡ ᠪᠠᠶᠢᠳᠠᠯ ᠢ ᠲᠤᠭ᠎ᠠ ᠦᠭᠡᠢ ᠤᠯᠠᠨ ᠬᠠᠷᠠᠬᠰᠠᠨ ᠬᠠᠨ ᠸᠧᠢ ᠨᠡᠶᠢᠭᠡᠮ ᠤᠨ ᠭᠦᠴᠦᠨ ᠴᠢᠳᠠᠯ ᠢ ᠲᠠᠶᠢᠴᠢᠯᠠᠨ ᠵᠠᠮ ᠬᠠᠷᠢᠯᠴᠠᠭᠠᠨ ᠤ ᠠᠪᠤᠷᠠᠨ ᠲᠤᠰᠠᠯᠠᠬᠤ ᠠᠵᠢᠯ ᠢ ᠦᠷᠨᠢᠭᠦᠯᠭᠦ ᠪᠤᠳᠤᠯ ᠤᠷᠤᠭᠰᠠᠨ ᠪᠠᠶᠢᠨ᠎ᠠ᠃      2017 ᠤᠨ ᠤ 3 ᠰᠠᠷ᠎ᠠ ᠶᠢᠨ 19᠎ ᠤ ᠡᠳᠦᠷ᠂ ᠬᠠᠨ ᠸᠧᠢ ᠵᠡᠭᠦᠨᠭᠠᠷ ᠬᠤᠰᠢᠭᠤᠨ ᠤ ︽ᠠᠨᠳᠠ ᠲᠡᠷᠭᠡᠨ ᠤ ᠠᠩᠭᠢ︾᠎ ᠶᠢ ᠵᠢᠩᠭᠢᠨᠢ ᠪᠠᠷ ᠡᠭᠦᠰᠭᠡᠨ ᠪᠠᠶᠢᠭᠤᠯᠪᠠ᠃ ᠠᠩᠬ᠎ᠠ ᠡᠭᠢᠯᠡᠩᠭᠦᠳᠠ 10 ᠭᠠᠷᠤᠢ ᠭᠦᠮᠦᠨ ᠲᠠᠢ ᠪᠠᠶᠢᠵᠤ᠂ ᠵᠠᠮ ᠬᠠᠷᠢᠯᠴᠠᠭᠠᠨ ᠤ ᠠᠪᠤᠷᠠᠨ ᠲᠤᠰᠠᠯᠠᠬᠤ ᠠᠵᠢᠯ᠂ ᠭᠤᠤᠨᠢ ᠭᠠᠭᠴᠠ ᠨᠠᠰᠤᠳᠠᠳ ᠢ ᠬᠠᠪᠰᠤᠷᠤᠨ ᠲᠡᠮᠵᠢᠭᠦ ᠵᠡᠷᠭᠡ ᠦᠢᠯᠡᠴᠢᠯᠡᠭᠡᠨ ᠤ ᠠᠵᠢᠯᠯᠠᠭ᠎ᠠ ᠳᠤ ᠢᠳᠡᠪᠭᠢᠯᠠᠨ ᠤᠷᠤᠯᠴᠠᠵᠤ᠂ 2018 ᠤᠨ ᠳᠤ 500 ᠭᠠᠷᠤᠢ ᠭᠦᠮᠦᠨ ᠲᠠᠢ ᠪᠤᠯᠤᠨ ᠦᠷᠭᠡᠵᠢᠵᠤ᠂ ᠵᠡᠭᠦᠨᠭᠠᠷ ᠬᠤᠰᠢᠭᠤᠨ ᠤ ︽ᠠᠨᠳᠠ ᠠᠪᠤᠷᠠᠨ ᠲᠤᠰᠠᠯᠠᠬᠤ ᠠᠩᠭᠢ︾ ᠭᠡᠵᠤ ᠨᠠᠷ᠎ᠠ ᠪᠠᠨ ᠬᠠᠯᠠᠪᠠ᠃ ᠡᠭᠦᠨ ᠤ ᠲᠠᠷᠠᠭ᠎ᠠ ᠠᠨᠳᠠ ᠠᠪᠤᠷᠠᠨ ᠲᠤᠰᠠᠯᠠᠬᠤ ᠠᠩᠭᠢ ᠨᠢ ᠨᠠᠶᠢᠳᠠ ᠶᠢᠨ ᠠᠰᠠᠷᠠᠮᠵᠢ ᠶᠢᠨ ᠰᠢᠨ᠎ᠠ ᠲᠦᠷᠦᠯ ᠵᠦᠢᠯ ᠢ ᠲᠠᠰᠤᠷᠠᠯᠳᠠ ᠦᠭᠡᠢ ᠦᠷᠨᠢᠭᠦᠯᠵᠤ᠂ ᠭᠦᠮᠦᠨ ᠡᠷᠢᠭᠦ᠂ ᠭᠡᠭᠡᠭᠰᠡᠨ ᠪᠤᠳᠠᠰ ᠢ ᠲᠠᠨᠢᠨ ᠠᠪᠬᠤ ᠂ ᠰᠢᠯᠭᠠᠯᠳᠠ ᠳᠤ ᠤᠷᠤᠯᠴᠠᠬᠰᠠᠳ ᠢ ᠭᠦᠷᠭᠡᠵᠤ ᠲᠤᠰᠬᠤ᠂ ᠪᠤᠯᠪᠠᠰᠤᠨ ᠢᠶᠠᠷ ᠵᠠᠮᠨᠠᠬᠤ᠂ ᠪᠦᠭᠦ ᠠᠷᠠᠳ ᠤᠨ ᠠᠮᠤᠷ ᠲᠦᠪᠰᠢᠨ ᠤ ᠬᠠᠮᠠᠭᠠᠯᠠᠯᠳᠠ᠂ ᠨᠠᠶᠢᠳᠠ ᠶᠢᠨ ᠠᠰᠠᠷᠠᠮᠵᠢ ᠶᠢᠨ ᠨᠤᠮ ᠤᠨ ᠰᠠᠩ᠂ ᠮᠤᠩᠭᠤᠯ ᠭᠡᠯᠡᠨ ᠤ ᠨᠠᠶᠢᠳᠠ ᠶᠢᠨ ᠠᠰᠠᠷᠠᠮᠵᠢ ᠶᠢᠨ ᠭᠢᠴᠢᠶᠠᠯ᠂ ᠴᠡᠷᠢᠭ ᠤᠨ ᠶᠠᠪᠤᠳᠠᠯ ᠤᠨ ᠪᠤᠯᠪᠠᠰᠤᠷᠠᠯ ᠵᠡᠷᠭᠡ ᠤᠯᠠᠨ ᠲᠦᠷᠦᠯ ᠵᠦᠢᠯ ᠢ ᠬᠠᠮᠤᠷᠴᠦ᠂ 30 ᠬᠤᠪᠢᠶᠠᠷᠢ ᠠᠩᠭᠢ᠂ 21 ᠰᠠᠯᠠᠭ᠎ᠠ ᠮᠦᠴᠢᠷ ᠢ ᠪᠠᠶᠢᠭᠤᠯᠤᠨ᠂ ᠨᠠᠶᠢᠳᠠ 2226 ᠰᠠᠶᠢᠨ ᠲᠤᠷᠠᠴᠤᠤᠯ ᠲᠠᠢ ᠪᠤᠯᠪᠠ᠃      2020 ᠤᠨ ᠤ ᠭᠡᠨᠡᠳᠳᠠ ᠲᠤᠭᠢᠶᠠᠯᠳᠤᠬᠰᠠᠨ ᠰᠢᠨ᠎ᠠ ᠲᠢᠳᠢᠮᠯᠢᠭ ᠠᠭᠤᠰᠭᠢᠨ ᠦᠷᠪᠢᠰᠦᠯ ᠤᠨ ᠭᠢᠵᠢᠭ ᠤᠨ ᠪᠠᠶᠢᠳᠠᠯ ᠤᠨ ᠡᠮᠤᠨ᠎ᠠ᠂ ᠬᠠᠨ ᠸᠧᠢ ᠡᠯᠢᠭᠡᠨ ᠤ ᠬᠠᠳᠠᠭᠤᠷᠠᠯ᠂ ᠪᠦᠭᠡᠷᠠᠨ ᠤ ᠦᠮᠠᠨ ᠳᠤ ᠨᠡᠷᠪᠡᠭᠳᠡᠭᠰᠡᠨ ᠠᠪᠤ ᠪᠠ ᠭᠠᠨᠭ᠍ᠰᠠᠷᠠᠬᠤ ᠭᠡᠮ ᠳᠤ ᠨᠡᠷᠪᠡᠭᠳᠡᠭᠰᠡᠨ ᠡᠵᠢ ᠪᠠᠨ ᠪᠦᠰᠡᠭᠦᠢ ᠳᠡᠭᠡᠨ ᠤᠷᠭᠢᠵᠤ᠂ ᠦᠪᠡᠷ ᠢᠶᠠᠨ ᠭᠢᠵᠢᠭ ᠢ ᠰᠡᠷᠭᠡᠶᠢᠯᠡᠭᠦ ᠡᠮᠤᠨ᠎ᠠ ᠹᠷᠤᠨᠲ ᠲᠤ ᠭᠠᠪᠰᠢᠭᠠᠢᠢᠯᠠᠨ᠂ ᠭᠤᠶᠠᠴᠢ ᠦᠭᠡᠢ ᠬᠠᠶᠢᠷ᠎ᠠ ᠪᠠᠷ ᠢᠶᠠᠨ ᠠᠷᠠᠳ ᠤᠯᠠᠨ ᠤ ᠡᠷᠡᠭᠦᠯ ᠮᠡᠨᠳᠤ ᠶᠢ ᠰᠠᠭᠢᠨ ᠬᠠᠮᠠᠭᠠᠯᠠᠪᠠ᠃ ᠬᠠᠭᠠᠰ ᠰᠠᠷ᠎ᠠ ᠶᠢᠨ ᠲᠤᠷᠰᠢ ᠲᠡᠷᠠ ᠡᠳᠦᠷ ᠰᠦᠨᠢ ᠦᠭᠡᠢ ᠶᠠᠭᠠᠷᠠᠵᠤ᠂ ᠠᠨᠳᠠ ᠠᠪᠤᠷᠠᠨ ᠲᠤᠰᠠᠯᠠᠬᠤ ᠠᠩᠭᠢ ᠶᠢᠨ ᠠᠯᠪᠠᠨ ᠭᠡᠷ ᠲᠡᠭᠡᠨ ᠰᠠᠭᠤᠨ᠂ ᠡᠳᠦᠷ ᠪᠦᠷᠢ ᠶᠢᠨ ᠤᠨᠳᠠᠵᠤ ᠠᠮᠠᠷᠠᠬᠤ ᠴᠠᠭ ᠨᠢ 5 ᠴᠠᠭ ᠴᠦ ᠭᠦᠷᠳᠡᠭ ᠦᠭᠡᠢ ᠪᠠᠶᠢᠪᠠ᠃ ᠭᠢᠵᠢᠭ ᠢ ᠰᠡᠷᠭᠡᠶᠢᠯᠡᠡ ᠡᠵᠡᠮᠳᠡᠭᠦ ᠹᠷᠤᠨᠲ ᠲᠤ ᠨᠠᠩ ᠰᠠᠶᠢᠨ ᠦᠢᠯᠡᠴᠢᠯᠡᠭᠦ ᠶᠢᠨ ᠲᠤᠰᠠᠳᠠ ᠬᠠᠨ ᠸᠧᠢ ᠠᠨᠳᠠ ᠠᠪᠤᠷᠠᠨ ᠲᠤᠰᠠᠯᠠᠬᠤ ᠠᠩᠭᠢ ᠶᠢ ᠪᠠᠨ ᠲᠠᠶᠢᠴᠢᠯᠠᠨ ᠠᠷᠢᠭᠤᠳᠬᠠᠯ ᠤᠨ ᠡᠳ᠋᠂ ᠠᠮᠠᠪᠴᠢ ᠵᠡᠷᠭᠡ 49.5 ᠲᠦᠮᠠᠨ ᠲᠦᠭᠦᠷᠢᠭ ᠤᠨ ᠦᠷᠳᠡᠭ ᠪᠦᠭᠦᠢ ᠡᠳ᠋ ᠪᠤᠳᠠᠰ ᠢ ᠴᠤᠬᠯᠠᠭᠤᠯᠵᠤ᠂ ᠵᠡᠭᠦᠨᠭᠠᠷ ᠬᠤᠰᠢᠭᠤ᠂ ᠭᠢᠶ᠎ᠠ ᠪᠠᠭᠰᠢ ᠲᠤᠭᠤᠷᠢᠭ᠂ ᠳ᠋ᠦᠡᠭᠱᠸᠡᠭ ᠲᠤᠭᠤᠷᠢᠭ ᠪᠠ ᠲᠠᠯᠠᠳ ᠬᠤᠰᠢᠭᠤᠨ ᠤ ᠭᠢᠵᠢᠭ ᠢ ᠰᠡᠷᠭᠡᠶᠢᠯᠡᠨ ᠡᠵᠡᠮᠳᠡᠭᠦ ᠹᠷᠤᠨᠲ ᠲᠤ ᠭᠦᠷᠭᠡᠪᠡ᠃ ᠡᠭᠦᠨ ᠤ ᠬᠠᠮᠳᠤ ᠡᠳᠦᠷ ᠪᠦᠷᠢ 460 ᠭᠡᠰᠢᠭᠦᠨ ᠢ ᠵᠤᠭᠢᠶᠠᠨ ᠪᠠᠶᠢᠭᠤᠯᠵᠤ᠂ ᠰᠢᠶᠠᠩ ᠪᠠᠯᠭᠠᠰᠤ ᠵᠡᠭᠡᠯᠢ ᠭᠤᠳᠤᠮᠵᠢ ᠶᠢᠨ ᠭᠢᠵᠢᠭ ᠢ ᠰᠡᠷᠭᠡᠶᠢᠯᠡᠨ ᠡᠵᠡᠮᠳᠡᠭᠦ ᠴᠡᠭ ᠲᠤ ᠤᠴᠢᠭᠤᠯᠤᠨ ᠠᠵᠢᠯᠯᠠᠭᠤᠯᠳᠠᠭ ᠪᠠᠶᠢᠪᠡ᠃      ᠨᠠᠶᠢᠳᠠ ᠶᠢᠨ ᠠᠰᠠᠷᠠᠮᠵᠢ ᠪᠤᠯ ᠬᠠᠶᠢᠷ᠎ᠠ ᠪᠠᠷ ᠪᠢᠯᠬᠠᠬᠰᠠᠨ ᠠᠷᠢᠭᠤᠨ ᠦᠢᠯᠡᠰ᠂ ᠲᠠᠷᠠ ᠨᠢ ᠬᠤᠭᠤᠰᠤᠨ ᠶᠠᠷᠢᠶ᠎ᠠ ᠪᠢᠰᠢ ᠬᠠᠷᠢᠨ ᠦᠢᠯᠠ ᠠᠵᠢᠯᠯᠠᠭ᠎ᠠ ᠶᠢᠨ ᠪᠤᠳᠠᠳᠤ ᠢᠯᠠᠷᠠᠯ ᠮᠦᠨ᠃ ᠬᠠᠨ ᠸᠧᠢ ᠦᠪᠡᠷ ᠤᠨ ᠪᠤᠳᠠᠳᠤ ᠠᠵᠢᠯᠯᠠᠭ᠎ᠠ ᠪᠠᠷ ᠢᠶᠠᠨ ᠰᠢᠨ᠎ᠠ ᠴᠠᠭ ᠦᠶ᠎ᠠ ᠶᠢᠨ ᠡᠭᠡᠯ ᠶᠠᠷᠤᠮᠳᠡᠭ ᠨᠠᠶᠢᠳᠠ ᠶᠢᠨ ᠠᠰᠠᠷᠠᠮᠵᠢ ᠶᠢᠨ ᠭᠦᠮᠦᠰ ᠤᠨ ᠰᠢᠨ᠎ᠠ ᠲᠦᠷᠭᠦ ᠶᠢ ᠬᠠᠷᠠᠭᠤᠯᠵᠤ᠂ ᠤᠯᠠᠨ ᠤ ᠲᠠᠭᠤᠷᠢᠶᠠᠯ ᠪᠤᠯᠤᠯ᠎ᠠ᠃ ᠬᠠᠨ ᠸᠧᠢ᠄ ︽ᠠᠮᠢᠳᠤᠷᠠᠯ ᠤᠨ ᠠᠶᠠᠨ ᠳᠠᠭᠠᠨ ᠭᠦᠮᠦᠨ ᠨᠢᠭᠡ ᠪᠦᠷᠢ ᠰᠠᠶᠢᠨ ᠦᠢᠯᠠ ᠶᠢ ᠢᠯᠡᠭᠦᠦ ᠭᠢᠵᠤ᠂ ᠪᠤᠰᠤᠳ ᠢ ᠢᠯᠡᠭᠦᠭᠡᠨ ᠬᠠᠪᠰᠤᠷᠪᠠᠯ ᠠᠮᠢᠳᠤᠷᠠᠯ ᠴᠢᠨᠢ ᠬᠠᠶᠢᠷ᠎ᠠ ᠪᠠᠷ ᠪᠢᠯᠬᠠᠨ᠎ᠠ ᠰᠢᠦ᠃ ᠪᠤᠰᠤᠳ ᠢ ᠬᠠᠪᠰᠤᠷᠬᠤ ᠪᠠᠷ ᠵᠢᠷᠭᠠᠯ ᠢᠶᠠᠨ ᠪᠤᠯᠭᠠᠬᠤ ᠨᠢ ᠲᠠ ᠪᠢᠳᠠᠨ ᠤ ᠭᠦᠭᠡᠭᠡᠴᠠᠯᠳᠤᠯ ᠪᠠᠶᠢᠬᠤ ᠶᠤᠰᠤᠳᠠᠢ︾ ᠭᠡᠵᠤ ᠪᠠᠶᠢᠯ᠎ᠠ᠃
 
ᠢᠷᠡᠯᠲᠡ᠄ ᠤᠷᠳᠤᠰ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号