ᠬᠤᠯᠤᠭᠠᠨ᠎ᠠ ᠶᠢᠨ ᠬᠢᠵᠢᠭ ᠨᠢ ᠬᠡᠳᠤᠶᠢᠪᠡᠷ ᠨᠢᠬᠡ ᠵᠦᠢᠯ ᠤᠨ ᠳᠤᠭᠰᠢᠨ ᠴᠢᠨᠠᠷᠳᠠᠢ ᠬᠠᠯᠳᠠᠪᠤᠷᠢᠳᠤ ᠡᠪᠡᠳᠴᠢᠨ ᠪᠤᠯᠪᠠᠴᠤ᠂ ᠬᠡᠷᠪᠡ ᠤᠯᠠᠨ ᠲᠦᠮᠡᠨ ᠢ | ᠳᠠᠶᠢᠴᠢᠯᠠᠵᠤ᠂ ᠬᠦᠮᠦᠰ ᠢ ᠬᠠᠮᠠᠭᠠᠯᠠᠬᠤ ᠪᠠᠷ ᠭᠤᠤᠯ ᠪᠤᠯᠭᠠᠭᠰᠠᠨ ᠶᠡᠷᠦᠩᠬᠡᠶᠢᠯᠡᠭᠰᠡᠨ ᠴᠢᠨᠠᠷᠳᠠᠢ ᠰᠡᠷᠬᠡᠶᠢᠯᠡᠨ ᠵᠠᠰᠠᠬᠤ ᠠᠷᠭ᠎ᠠ ᠪᠠᠷᠢᠯ ᠢ ᠨᠠᠶᠢᠳᠠᠪᠤᠷᠢᠵᠢᠭᠤᠯᠵᠤ᠂ | ᠤᠷᠳᠤ ᠬᠤᠭᠤᠴᠠᠭ᠎ᠠ ᠪᠠᠷ ᠤᠷᠢᠳᠴᠢᠯᠠᠨ ᠰᠡᠷᠬᠡᠶᠢᠯᠡᠬᠦ ᠶᠢ ᠪᠠᠷᠢᠮᠳᠠᠯᠠᠳᠠᠭ ᠯᠠ ᠶᠤᠮ ᠪᠤᠯ ᠬᠦᠮᠦᠰ ᠤᠨ ᠬᠤᠭᠤᠷᠤᠨᠳᠤᠬᠢ ᠬᠤᠯᠤᠭᠠᠨ᠎ᠠ ᠶᠢᠨ ᠬᠢᠵᠢᠭ ᠡᠬᠦᠰᠬᠦ ᠢ | ᠪᠦᠷᠢᠮᠦᠰᠤᠨ ᠰᠡᠷᠬᠡᠶᠢᠯᠡᠨ ᠬᠤᠷᠢᠭᠯᠠᠵᠤ ᠪᠤᠯᠬᠤ ᠶᠤᠮ᠃ ᠬᠡᠪᠡᠴᠤ ᠬᠢᠵᠢᠭ ᠤᠨ ᠢᠷᠡᠯᠳᠡ ᠲᠠᠢ ᠭᠠᠵᠠᠷ ᠲᠤ ᠠᠮᠢᠳᠤᠷᠠᠵᠤ ᠪᠠᠶᠢᠭ᠎ᠠ ᠡᠯ᠎ᠡ ᠦᠨᠳᠤᠰᠤᠳᠡᠨ ᠤ ᠤᠯᠠᠨ | ᠲᠦᠮᠡᠨ ᠪᠦᠷ ᠳᠤᠤᠷᠠᠬᠢ ᠬᠡᠳᠤᠨ ᠵᠦᠢᠯ ᠢ ᠰᠠᠶᠢᠳᠤᠷ ᠬᠢᠬᠦ ᠬᠡᠷᠡᠭᠳᠡᠢ᠃ | 1. ᠬᠤᠯᠤᠭᠠᠨ᠎ᠠ ᠶᠢᠨ ᠬᠢᠵᠢᠭ ᠢ ᠰᠡᠷᠬᠡᠶᠢᠯᠡᠨ ᠵᠠᠰᠠᠬᠤ ᠮᠡᠳᠡᠯᠬᠡ ᠶᠢ ᠨᠠᠷᠢᠨ ᠬᠢᠨᠠᠮᠠᠭᠠᠢ ᠰᠤᠷᠤᠯᠴᠠᠨ᠂ ᠤᠬᠠᠮᠰᠠᠷ ᠠᠴᠠ ᠪᠠᠨ ᠤᠷᠢᠳᠴᠢᠯᠠᠨ ᠰᠡᠷᠬᠡᠶᠢᠯᠡᠬᠦ ᠠᠷᠭ᠎ᠠ | ᠪᠠᠷᠢᠯ ᠢ ᠬᠡᠷᠡᠭᠵᠢᠬᠦᠯᠵᠤ᠂ ᠤᠯᠠᠨ ᠢᠶᠠᠷ ᠢᠶᠠᠨ ᠬᠤᠯᠤᠭᠠᠨ᠎ᠠ ᠶᠢᠨ ᠬᠢᠵᠢᠭ ᠤᠨ ᠠᠶᠤᠯᠳᠠᠢ ᠴᠢᠨᠠᠷ ᠢ ᠳᠠᠨᠢᠬᠤ ᠶᠢᠨ ᠬᠠᠮᠳᠤ᠂ ᠮᠢᠨᠴᠤᠬᠦᠷᠡᠨ ᠳᠠᠶᠢᠪᠤᠰᠢᠷᠠᠬᠤ ᠦᠵᠡᠯ | ᠰᠠᠨᠠᠭ᠎ᠠ ᠢᠯᠡᠷᠡᠬᠦ ᠶᠢ ᠰᠡᠷᠬᠡᠶᠢᠯᠡᠵᠤ᠂ ᠪᠠᠰᠠ ᠬᠤᠯᠤᠭᠠᠨ᠎ᠠ ᠶᠢᠨ ᠬᠢᠵᠢᠭ ᠪᠤᠯ ᠤᠷᠢᠳᠴᠢᠯᠠᠨ ᠰᠡᠷᠬᠡᠶᠢᠯᠡᠵᠤ ᠪᠤᠯᠳᠠᠭ ᠢ ᠳᠤᠳᠤᠷᠬᠠᠶᠢᠯᠠᠵᠤ᠂ ᠠᠶᠤᠬᠤ ᠰᠦᠷᠳᠡᠬᠦ | ᠰᠡᠳᠬᠢᠯᠬᠡ ᠶᠢ ᠢᠯᠡᠨ ᠳᠠᠪᠠᠵᠤ᠂ ᠬᠤᠯᠤᠭᠠᠨ᠎ᠠ ᠶᠢᠨ ᠬᠢᠵᠢᠭ ᠤᠨ ᠳᠠᠮᠵᠢᠭᠳᠠᠬᠤ ᠶᠠᠪᠤᠴᠠ ᠶᠢ ᠡᠵᠡᠮᠰᠢᠵᠤ ᠬᠠᠯᠳᠠᠪᠤᠷᠢᠯᠠᠬᠤ ᠶᠢ ᠢᠮᠠᠭᠳᠠ ᠰᠡᠷᠬᠡᠶᠢᠯᠡᠬᠦ ᠬᠡᠷᠡᠭᠳᠡᠢ᠃ | | 2. ᠬᠤᠯᠤᠭᠠᠨ᠎ᠠ ᠶᠢᠨ ᠳᠤᠮᠳᠠᠬᠢ ᠬᠢᠵᠢᠭ ᠤᠨ ᠪᠠᠶᠢᠳᠠᠯ ᠬᠢᠬᠡᠳ ᠬᠤᠯᠤᠭᠠᠨ᠎ᠠ ᠶᠢᠨ ᠲᠦᠷᠦᠯ ᠤᠨ ᠳᠤᠭ᠎ᠠ ᠬᠡᠮᠵᠢᠶ᠎ᠡ ᠶᠢᠨ ᠬᠤᠪᠢᠷᠠᠯᠳᠠ ᠶᠢ ᠬᠢᠨᠠᠨ ᠬᠡᠮᠵᠢᠵᠤ᠂ | ᠬᠤᠯᠤᠭᠠᠨ᠎ᠠ ᠶᠢᠨ ᠬᠤᠭᠤᠷᠤᠨᠳᠤᠬᠢ ᠬᠢᠵᠢᠭ ᠡᠬᠦᠰᠬᠡᠬᠦ ᠦᠶ᠎ᠡ ᠳᠤ ᠳᠤᠬᠠᠢ ᠶᠢᠨ ᠭᠠᠵᠠᠷ ᠤᠨ ᠰᠠᠭᠤᠭᠠᠯᠢ ᠠᠷᠠᠳ ᠢ ᠬᠢᠵᠢᠭ ᠢ ᠰᠡᠷᠬᠡᠶᠢᠯᠡᠬᠦ ᠬᠦᠮᠦᠰ ᠶᠢ | ᠢᠳᠡᠪᠬᠢᠳᠡᠢ ᠬᠠᠮᠵᠢᠨ ᠬᠤᠯᠤᠭᠠᠨ᠎ᠠ ᠶᠢ ᠤᠰᠠᠳᠬᠠᠬᠤ ᠪᠠ ᠪᠦᠬᠡᠰᠤ ᠶᠢ ᠠᠷᠢᠯᠭᠠᠬᠤ ᠠᠷᠭ᠎ᠠ ᠪᠠᠷᠢᠯ ᠢ ᠠᠪᠴᠤ᠂ ᠬᠢᠵᠢᠭ ᠤᠨ ᠳᠤᠭᠤᠷᠢᠭ ᠢ ᠰᠢᠢᠳᠪᠤᠷᠢᠯᠡᠵᠤ᠂ | ᠬᠢᠵᠢᠭ ᠤᠨ ᠪᠠᠶᠢᠳᠠᠯ ᠢ ᠠᠷᠢᠯᠭᠠᠨ᠂ ᠬᠦᠮᠦᠰ ᠢ ᠬᠠᠮᠠᠭᠠᠯᠠᠬᠤ ᠬᠡᠷᠡᠭᠳᠡᠢ᠃ ᠫᠤᠤᠵᠢᠩ᠂ ᠹᠤᠰᠹᠤᠷᠳᠤ ᠬᠦᠩᠬᠡᠨ ᠴᠠᠭᠠᠨ ᠶᠢ ᠬᠡᠷᠡᠭᠯᠡᠵᠤ ᠪᠠᠰᠠ ᠬᠤᠤᠷᠳᠤ ᠦᠭᠶᠦᠬᠡ | ᠳᠠᠯᠪᠢᠵᠤ᠂ ᠬᠡᠷ ᠪᠠᠶᠢᠰᠢᠩ᠂ ᠫᠧᠩ ᠬᠤᠷᠤᠭ᠎ᠠ᠂ ᠬᠦᠮᠦᠷᠬᠡ ᠶᠢᠨ ᠬᠤᠯᠤᠭᠠᠨ᠎ᠠ ᠪᠠ ᠪᠦᠬᠡᠰᠤ ᠶᠢ ᠤᠰᠠᠳᠬᠠᠬᠤ ᠬᠡᠷᠡᠭᠳᠡᠢ᠃ | 3. ᠠᠶᠢᠯ ᠳᠤᠰᠬᠤᠨ ᠤ ᠤᠷᠴᠢᠨ ᠳᠤᠭᠤᠷᠢᠨ ᠪᠠ ᠬᠡᠷ ᠪᠠᠶᠢᠰᠢᠩ ᠤᠨ ᠬᠤᠯᠤᠭᠠᠨ᠎ᠠ ᠪᠦᠬᠡᠰᠤ ᠶᠢ ᠤᠰᠠᠳᠬᠠᠬᠤ ᠠᠵᠢᠯ ᠢ ᠪᠠᠶᠢᠩᠭᠤ ᠶᠢᠨ ᠴᠢᠨᠠᠷᠳᠠᠢ | ᠦᠷᠨᠢᠬᠦᠯᠵᠤ᠂ ᠬᠤᠯᠤᠭᠠᠨ᠎ᠠ ᠶᠢᠨ ᠬᠤᠤᠷᠳᠠᠭᠤᠯᠤᠯ ᠢ ᠠᠷᠢᠭᠤᠳᠬᠠᠵᠤ᠂ ᠦᠢᠯᠡᠳᠪᠤᠷᠢᠯᠡᠯ ᠠᠮᠢᠳᠤᠷᠠᠯ ᠤᠨ ᠠᠮᠤᠷ ᠲᠦᠪᠰᠢᠨ ᠤᠷᠴᠢᠨ ᠳᠤᠭᠤᠷᠢᠨ ᠢ ᠪᠤᠢ | ᠪᠤᠯᠭᠠᠬᠤ ᠬᠡᠷᠡᠭᠳᠡᠢ᠃ ᠡᠨᠡ ᠨᠢ ᠬᠤᠯᠤᠭᠠᠨ᠎ᠠ ᠶᠢᠨ ᠬᠢᠵᠢᠭ ᠢ ᠰᠡᠷᠬᠡᠶᠢᠯᠡᠬᠦ ᠭᠤᠤᠯ ᠠᠷᠭ᠎ᠠ ᠪᠠᠷᠢᠯ ᠪᠤᠯᠬᠤ ᠪᠠᠷ ᠦᠯᠦ ᠪᠠᠷᠠᠨ᠂ ᠪᠠᠰᠠ ᠨᠢᠬᠡ ᠵᠦᠢᠯ ᠤᠨ ᠠᠮᠤ | ᠪᠤᠳᠠᠭ᠎ᠠ᠂ ᠡᠪᠡᠰᠤ ᠪᠡᠯᠴᠢᠬᠡᠷ᠂ ᠡᠳ᠋ ᠪᠠᠷᠠᠭ᠎ᠠ ᠪᠠᠨ ᠬᠠᠮᠠᠭᠠᠯᠠᠬᠤ ᠪᠦᠳᠦᠮᠵᠢᠳᠡᠢ ᠠᠷᠭ᠎ᠠ ᠬᠡᠮᠵᠢᠶ᠎ᠡ ᠪᠤᠯᠤᠨ᠎ᠠ᠃ | 4. ᠬᠦᠮᠦᠨ ᠢᠶᠠᠷ ᠰᠡᠷᠬᠡᠶᠢᠯᠡᠨ ᠬᠠᠮᠠᠭᠠᠯᠠᠬᠤ ᠢ ᠴᠢᠩᠭᠠᠳᠬᠠᠬᠤ ᠬᠡᠷᠡᠭᠳᠡᠢ᠃ ᠡᠨᠡ ᠪᠤᠯ ᠬᠤᠯᠤᠭᠠᠨ᠎ᠠ ᠶᠢᠨ ᠳᠤᠮᠳᠠᠬᠢ ᠬᠤᠯᠤᠭᠠᠨ᠎ᠠ ᠶᠢᠨ ᠬᠢᠵᠢᠭ ᠬᠦᠮᠦᠰ ᠤᠨ | ᠬᠤᠭᠤᠷᠤᠨᠳᠤ ᠬᠠᠯᠳᠠᠪᠤᠷᠢᠯᠠᠬᠤ ᠶᠢ ᠰᠡᠷᠬᠡᠶᠢᠯᠡᠨ ᠬᠤᠷᠢᠭᠯᠠᠬᠤ ᠴᠢᠬᠤᠯᠠ ᠨᠢᠬᠡ ᠭᠤᠭᠴᠤᠭ᠎ᠠ ᠪᠤᠯᠤᠨ᠎ᠠ᠃ ᠬᠡᠬᠡᠷ᠎ᠡ ᠭᠠᠳᠠᠨ᠎ᠠ ᠮᠠᠯ ᠠᠳᠤᠭᠤᠯᠬᠤ᠂ ᠠᠳᠠᠷ | ᠬᠠᠭᠠᠯᠪᠤᠷᠢᠯᠠᠬᠤ ᠪᠠ ᠪᠤᠰᠤᠳ ᠠᠵᠢᠯ ᠬᠢᠳᠡᠭ ᠬᠦᠮᠦᠰ ᠬᠠᠮᠤᠭ ᠰᠠᠶᠢᠨ ᠨᠢ ᠦᠨᠳᠤᠷ ᠲᠦᠷᠡᠢ ᠲᠠᠢ ᠦᠢᠮᠤᠰᠣ ᠪᠤᠶᠤ ᠭᠤᠳᠤᠯ ᠡᠮᠦᠰᠴᠤ᠂ ᠠᠮᠤᠰᠬᠢᠬᠦ ᠦᠶ᠎ᠡ | ᠳᠡᠭᠡᠨ ᠬᠤᠯᠤᠭᠠᠨ᠎ᠠ ᠦᠬᠡᠢ᠂ ᠬᠤᠯᠤᠭᠠᠨ᠎ᠠ ᠶᠢᠨ ᠨᠦᠬᠡ ᠦᠬᠡᠢ ᠭᠠᠵᠠᠷ ᠢ ᠰᠤᠩᠭᠤᠬᠤ ᠬᠡᠷᠡᠭᠳᠡᠢ᠃ ᠳᠤᠬᠠᠶᠢᠯᠠᠪᠠᠯ ᠬᠡᠬᠡᠷ᠎ᠡ ᠭᠠᠳᠠᠨ᠎ᠠ ᠫᠧᠩ ᠰᠠᠷᠠᠪᠴᠢ ᠪᠠᠷᠢᠵᠤ | ᠰᠠᠭᠤᠬᠤ ᠳᠠᠭᠠᠨ ᠡᠷᠬᠡᠪᠰᠢ ᠬᠤᠯᠤᠭᠠᠨ᠎ᠠ ᠦᠬᠡᠢ᠂ ᠬᠤᠯᠤᠭᠠᠨ᠎ᠠ ᠶᠢᠨ ᠨᠦᠬᠡ ᠦᠬᠡᠢ ᠭᠠᠵᠠᠷ ᠢ ᠰᠤᠩᠭᠤᠵᠤ᠂ ᠪᠠᠰᠠ ᠬᠤᠯᠤᠭᠠᠨ᠎ᠠ ᠶᠢᠨ ᠪᠦᠬᠡᠰᠤ ᠶᠢ ᠤᠰᠠᠳᠬᠠᠬᠤ | ᠠᠵᠢᠯ ᠢ ᠬᠢᠪᠡᠯ ᠵᠤᠬᠢᠨ᠎ᠠ᠃ | 5. ᠬᠡᠬᠡᠷ᠎ᠡ ᠭᠠᠳᠠᠨ᠎ᠠ ᠠᠵᠢᠯᠯᠠᠭ᠎ᠠ ᠬᠢᠵᠤ ᠪᠠᠶᠢᠭ᠎ᠠ ᠬᠦᠮᠦᠰ ᠡᠪᠡᠳᠴᠢᠯᠡᠨ ᠦᠬᠦᠭᠰᠡᠨ ᠬᠤᠯᠤᠭᠠᠨ᠎ᠠ᠂ ᠳᠠᠤᠯᠠᠢ᠂ ᠦᠨᠡᠭᠡ ᠵᠡᠷᠬᠡ ᠠᠮᠢᠳᠠᠨ ᠢ ᠦᠵᠡᠭᠰᠡᠨ | ᠦᠶ᠎ᠡ ᠳᠤ ᠭᠠᠷ ᠢᠶᠠᠷ ᠢᠶᠠᠨ ᠪᠠᠷᠢᠵᠤ ᠪᠤᠯᠬᠤ ᠦᠬᠡᠢ᠂ ᠨᠡᠩ ᠴᠤ ᠠᠷᠠᠰᠤ ᠶᠢ ᠨᠢ ᠦᠪᠴᠢᠵᠤ ᠢᠳᠡᠵᠤ ᠪᠤᠯᠬᠤ ᠦᠬᠡᠢ᠃ ᠪᠦᠰ ᠤᠭᠤᠳᠠ ᠪᠤᠶᠤ ᠰᠤᠯᠢᠶᠤᠤ | ᠤᠭᠤᠳᠠᠨ ᠳᠤ ᠬᠢᠵᠤ᠂ ᠬᠢᠵᠢᠭ ᠢ ᠰᠡᠷᠬᠡᠶᠢᠯᠡᠬᠦ ᠰᠠᠯᠠᠭ᠎ᠠ ᠮᠦᠴᠢᠷ ᠲᠤ ᠬᠦᠷᠬᠡᠨ ᠰᠢᠯᠭᠠᠨ ᠪᠠᠶᠢᠴᠠᠭᠠᠯᠳᠠ ᠬᠢᠯᠬᠡᠪᠡᠯ ᠵᠤᠬᠢᠨ᠎ᠠ᠃ ᠬᠡᠷᠪᠡ ᠤᠭᠤᠳᠠ ᠦᠬᠡᠢ ᠪᠤᠯ | ᠦᠵᠡᠭᠰᠡᠨ ᠭᠠᠵᠠᠷ ᠳᠠᠭᠠᠨ ᠳᠡᠮᠳᠡᠭ ᠳᠠᠯᠪᠢᠵᠤ᠂ ᠤᠷᠢᠳᠠᠪᠠᠷ ᠰᠢᠷᠦᠢ ᠪᠠᠷ ᠨᠢᠭᠤᠨ ᠳᠠᠯᠪᠢᠵᠤ᠂ ᠪᠤᠰᠤᠳ ᠠᠮᠢᠳᠠᠨ ᠤ ᠢᠳᠡᠬᠦ ᠠᠴᠠ ᠰᠡᠷᠬᠡᠶᠢᠯᠡᠨ᠂ ᠳᠠᠷᠠᠴᠢᠯᠡᠨ | ᠳᠤᠬᠠᠢ ᠶᠢᠨ ᠭᠠᠵᠠᠷ ᠤᠨ ᠡᠷᠡᠬᠦᠯ ᠬᠠᠮᠠᠭᠠᠯᠠᠯ ᠬᠢᠵᠢᠭ ᠢ ᠰᠡᠷᠬᠡᠶᠢᠯᠡᠬᠦ ᠰᠠᠯᠠᠭ᠎ᠠ ᠮᠦᠴᠢᠷ ᠲᠤ ᠮᠡᠳᠡᠬᠦᠯᠬᠦ ᠬᠡᠷᠡᠭᠳᠡᠢ᠃ | 6. ᠠᠶᠢᠯ ᠳᠤᠰᠬᠤᠨ ᠤ ᠤᠷᠴᠢᠨ ᠳᠤᠭᠤᠷᠢᠨ ᠳᠤ ᠬᠤᠯᠤᠭᠠᠨ᠎ᠠ ᠶᠢᠨ ᠬᠤᠭᠤᠷᠤᠨᠳᠤᠬᠢ ᠬᠢᠵᠢᠭ ᠢ ᠢᠯᠡᠷᠡᠬᠦᠯᠦᠭᠰᠡᠨ ᠦᠶ᠎ᠡ ᠳᠤ ᠨᠤᠬᠠᠢ᠂ ᠮᠤᠤᠷ ᠤᠨ | ᠬᠠᠮᠢᠶᠠᠷᠤᠯᠳᠠ ᠶᠢ ᠴᠢᠩᠭᠠᠳᠬᠠᠵᠤ᠂ ᠨᠤᠬᠠᠢ᠂ ᠮᠤᠤᠷ ᠬᠡᠬᠡᠷ᠎ᠡ ᠭᠠᠳᠠᠨᠠᠬᠢ ᠬᠢᠵᠢᠭ ᠲᠠᠢ ᠬᠤᠯᠤᠭᠠᠨ᠎ᠠ ᠶᠢ ᠳᠡᠬᠦᠵᠢᠯᠡᠨ ᠬᠡᠷ ᠲᠤ ᠴᠢᠨᠢ ᠠᠪᠴᠢᠷᠠᠬᠤ ᠪᠤᠶᠤ ᠬᠢᠵᠢᠭ | ᠲᠠᠢ ᠪᠦᠬᠡᠰᠤ ᠶᠢ ᠬᠡᠷ ᠲᠤ ᠴᠢᠨᠢ ᠠᠪᠴᠢᠷᠠᠵᠤ᠂ ᠬᠤᠯᠤᠭᠠᠨ᠎ᠠ ᠶᠢᠨ ᠬᠢᠵᠢᠭ ᠢ ᠳᠠᠷᠬᠠᠭᠠᠬᠤ ᠶᠢ ᠰᠡᠷᠬᠡᠶᠢᠯᠡᠬᠦ ᠬᠡᠷᠡᠭᠳᠡᠢ᠃ ᠪᠠᠭᠠᠴᠤᠳ ᠬᠡᠤᠬᠡᠳ ᠢᠶᠠᠨ ᠬᠠᠮᠢᠶᠠᠷᠴᠤ | ᠳᠤᠷ᠎ᠠ ᠪᠠᠷ ᠢᠶᠠᠨ ᠬᠡᠬᠡᠷ᠎ᠡ ᠭᠠᠳᠠᠨ᠎ᠠ ᠨᠠᠭᠠᠳᠬᠤ ᠦᠬᠡᠢ᠂ ᠨᠡᠩ ᠴᠤ ᠬᠤᠯᠤᠭᠠᠨ᠎ᠠ ᠪᠠᠷ ᠨᠠᠭᠠᠳᠴᠤ᠂ ᠬᠤᠯᠤᠭᠠᠨ᠎ᠠ ᠪᠠᠷᠢᠬᠤ ᠦᠬᠡᠢ ᠪᠠᠶᠢᠵᠤ᠂ ᠬᠡᠷᠪᠡ ᠪᠤᠰᠤᠳ | ᠬᠦᠮᠦᠨ ᠡᠶᠢᠮᠦᠷᠬᠦ ᠠᠵᠢᠯᠯᠠᠭ᠎ᠠ ᠬᠢᠪᠡᠯ ᠰᠢᠬᠦᠮᠵᠢᠯᠡᠨ ᠬᠤᠷᠢᠭᠯᠠᠬᠤ ᠬᠡᠷᠡᠭᠳᠡᠢ᠃ | |