ᠬᠤᠨᠢᠴᠢᠨᠭᠤᠤᠯ ᠪᠠᠯᠭᠠᠰᠤ ᠤᠨᠴᠠᠯᠢᠬᠲᠤ ᠠᠵᠤ ᠦᠢᠯᠡᠰ ᠢ ᠬᠦᠭᠵᠢᠭᠦᠯᠵᠤ ᠠᠷᠠᠳ ᠤᠨ ᠤᠷᠤᠯᠭ᠎ᠠ ᠶᠢ ᠨᠡᠮᠡᠭᠳᠡᠭᠦᠯᠦᠨ᠎ᠡ
ᠨᠡᠶᠢᠲᠡᠯᠡᠭᠰᠡᠨ ᠴᠠᠭ᠄
2021/8/27
  ᠠᠵᠤ ᠦᠢᠯᠡᠰ ᠤᠨ ᠬᠦᠭᠵᠢᠯᠲᠡ ᠪᠤᠯ ᠬᠦᠳᠡᠭᠡ ᠲᠤᠰᠬᠤᠨ ᠢ ᠬᠦᠭᠵᠢᠭᠦᠯᠬᠦ ᠶᠢᠨ ᠴᠢᠬᠤᠯᠠ ᠰᠠᠭᠤᠷᠢ ᠪᠤᠯᠤᠨ᠎ᠠ᠃ ᠤᠢᠢᠷ᠎ᠠ ᠶᠢᠨ ᠵᠢᠯ ᠠᠴᠠ ᠨᠠᠭᠠᠰᠢ ᠬᠤᠨᠢᠴᠢᠨᠭᠤᠤᠯ ᠪᠠᠯᠭᠠᠰᠤ ᠭᠠᠵᠠᠷ ᠤᠷᠤᠨ ᠤ ᠪᠠᠨ ᠪᠠᠶᠢᠳᠠᠯ ᠳᠠᠭᠠᠨ ᠲᠤᠬᠢᠷᠠᠭᠤᠯᠤᠨ ᠤᠨᠴᠠᠯᠢᠬᠲᠤ ᠲᠠᠪᠠᠭᠤᠯᠢᠭ ᠠᠵᠤ ᠦᠢᠯᠡᠰ ᠢ ᠪᠤᠵᠠᠭᠠᠢᠢᠷᠠᠭᠤᠯᠤᠨ ᠬᠦᠴᠦᠷᠭᠡᠭᠵᠢᠭᠦᠯᠵᠤ᠂ ︽ᠨᠢᠬᠡ ᠲᠤᠰᠬᠤᠨ ᠨᠢᠬᠡ ᠲᠦᠷᠦᠯ ᠲᠡᠮᠲᠡᠭ︾᠎ ᠤᠨ ᠤᠳᠤ ᠦᠶ᠎ᠡ ᠶᠢᠨ ᠬᠦᠳᠡᠭᠡ ᠲᠤᠰᠬᠤᠨ ᠤ ᠤᠨᠴᠠᠯᠢᠬᠲᠤ ᠠᠵᠤ ᠦᠢᠯᠡᠰ ᠤᠨ ᠰᠢᠨ᠎ᠡ ᠪᠠᠶᠢᠷᠢᠰᠢᠯ ᠢ ᠬᠦᠴᠦᠯᠡᠨ ᠪᠦᠷᠢᠯᠳᠦᠭᠦᠯᠵᠤ᠂ ᠲᠤᠰᠬᠤᠨ ᠤ ᠠᠷᠠᠳ ᠵᠢᠴᠢ ᠡᠷᠬᠢᠨ ᠲᠤᠭᠤᠷᠢᠨ ᠤ ᠤᠯᠠᠨ ᠲᠦᠮᠡᠨ ᠢ ᠲᠠᠶᠢᠴᠢᠯᠠᠨ ᠲᠤᠬᠲᠠᠭᠤᠨ ᠢᠶᠠᠷ ᠤᠷᠤᠯᠭ᠎ᠠ ᠪᠠᠨ ᠨᠡᠮᠡᠭᠳᠡᠭᠦᠯᠭᠦ ᠶᠢ ᠪᠡᠶᠡᠯᠡᠭᠦᠯᠵᠤ᠂ ᠶᠠᠳᠠᠭᠤ ᠠᠴᠠ ᠠᠩᠭᠢᠵᠢᠷᠠᠭᠤᠯᠤᠨ ᠪᠤᠭᠤᠮᠲᠠ ᠰᠢᠪᠳᠤᠯᠤᠬᠰᠠᠨ ᠦᠷ᠎ᠡ ᠪᠦᠲᠦᠭᠡᠯ ᠢ ᠬᠦᠳᠡᠭᠡ ᠲᠤᠰᠬᠤᠨ ᠢ ᠬᠦᠭᠵᠢᠭᠦᠯᠬᠦ ᠲᠠᠢ ᠪᠦᠲᠦᠮᠵᠢᠲᠡᠢ ᠵᠤᠯᠭᠠᠭᠤᠯᠬᠤ ᠳᠤ ᠪᠠᠲᠤᠯᠠᠭ᠎ᠠ ᠬᠠᠨᠭ᠍ᠭᠠᠪᠠ᠃   2020 ᠤᠨ ᠤ ᠡᠬᠢ ᠪᠠᠷ᠂ ᠬᠤᠨᠢᠴᠢᠨᠭᠤᠤᠯ ᠪᠠᠯᠭᠠᠰᠤᠨ ᠤ ᠤᠯᠠᠭᠠᠨᠨᠠᠭᠤᠷ ᠲᠤᠰᠬᠤᠨ ᠪᠠᠶᠢᠭᠠᠯᠢ ᠶᠢᠨ ᠡᠬᠢ ᠪᠠᠶᠠᠯᠢᠭ ᠤᠨ ᠲᠠᠪᠠᠭᠤᠯᠢᠭ ᠢᠶᠠᠨ ᠠᠰᠢᠬᠯᠠᠨ 325 ᠲᠦᠮᠡᠨ ᠲᠦᠭᠦᠷᠢᠭ ᠤᠨ ᠪᠡᠯᠡ ᠤᠷᠤᠭᠤᠯᠵᠤ᠂ ᠲᠤᠰᠬᠤᠨ ᠪᠤᠯᠤᠨ ᠠᠵᠤ ᠠᠬᠤᠢᠢᠯᠠᠯ ᠬᠠᠮᠲᠤᠷᠠᠯᠴᠠᠬᠤ ᠵᠠᠬᠪᠤᠷ ᠢ ᠠᠪᠴᠤ᠂ ᠦᠪᠦᠷ ᠮᠤᠩᠭᠤᠯ ᠤᠨ ᠡᡁᠸᠡᠭ ᠹᠦ᠋ ᠴᠢᠩ ᠵᠧᠨ ᠢᠳᠡᠭᠡᠨ ᠤ ᠬᠤᠪᠢ ᠤᠷᠤᠭᠤᠯᠤᠬᠰᠠᠨ ᠺᠤᠮᠫᠠᠨᠢ ᠲᠠᠢ ᠬᠠᠮᠲᠤᠷᠠᠨ ᠢᠳᠡᠰᠢᠨ ᠲᠠᠤᠯᠠᠢ ᠲᠡᠵᠢᠬᠡᠨ ᠦᠷᠡᠵᠢᠭᠦᠯᠭᠦ ᠲᠠᠯᠠᠪᠠᠢ ᠪᠠᠶᠢᠭᠤᠯᠤᠬᠰᠠᠨ ᠪᠠᠶᠢᠨ᠎ᠠ᠃  ᠰᠠᠭᠤᠷᠢᠨ ᠭᠠᠵᠠᠷ ᠤᠨ ᠬᠠᠷᠢᠭᠤᠴᠠᠯᠭᠠᠳᠠᠨ ᠤ ᠲᠠᠨᠢᠯᠴᠠᠭᠤᠯᠤᠬᠰᠠᠨ ᠢᠶᠠᠷ᠂ ᠲᠤᠰᠬᠤᠨ ᠤ ᠬᠠᠮᠲᠤ ᠶᠢᠨ ᠠᠵᠤ ᠠᠬᠤᠢ ᠪᠤᠯᠤᠨ ᠠᠵᠤ ᠠᠬᠤᠢᠢᠯᠠᠯ ᠬᠠᠮᠲᠤᠷᠠᠨ ᠪᠠᠷᠢᠮᠵᠢᠶᠠᠵᠢᠭᠤᠯᠤᠨ ᠲᠡᠵᠢᠬᠡᠨ ᠦᠷᠡᠵᠢᠭᠦᠯᠵᠤ᠂ ᠦᠷ᠎ᠡ ᠠᠰᠢᠭ ᠨᠢ ᠨᠡᠯᠢᠶᠡᠳ ᠰᠠᠶᠢᠨ ᠪᠤᠯᠤᠬᠰᠠᠨ ᠤ ᠲᠠᠷᠠᠭ᠎ᠠ ᠲᠠᠷᠢᠶᠠᠴᠢᠨ ᠲᠠᠢ ᠪᠡᠯᠡ ᠪᠠᠨ ᠪᠠᠲᠤᠯᠠᠵᠤ ᠬᠤᠳᠠᠯᠳᠤᠨ ᠠᠪᠬᠤ ᠬᠡᠯᠡᠯᠴᠡᠭᠡᠷ ᠲᠤᠬᠲᠠᠵᠤ᠂ ᠲᠡᠳᠡᠨ ᠳᠤ ᠦᠨ᠎ᠡ ᠲᠦᠯᠦᠪᠦᠷᠢ ᠦᠭᠡᠢ ᠪᠠᠷ ᠡᠭᠦᠯᠳᠡᠷ ᠤᠨ ᠲᠠᠤᠯᠠᠢ᠂ ᠮᠡᠷᠭᠡᠵᠢᠯ ᠤᠨ ᠦᠢᠯᠡᠴᠢᠯᠡᠭᠡ ᠬᠠᠨᠭ᠍ᠭᠠᠬᠤ ᠶᠢᠨ ᠬᠠᠮᠲᠤ ᠢᠳᠡᠰᠢᠨ ᠲᠠᠤᠯᠠᠢ ᠲᠡᠵᠢᠬᠡᠨ ᠦᠷᠡᠵᠢᠭᠦᠯᠭᠦ ᠮᠡᠷᠭᠡᠵᠢᠯ ᠤᠨ ᠪᠤᠯᠪᠠᠰᠤᠷᠠᠯ ᠬᠢᠵᠤ᠂ ᠲᠤᠰ ᠦᠢᠯᠡᠰ ᠨᠢ ᠲᠤᠰᠬᠤᠨ ᠤ ᠬᠠᠮᠲᠤ ᠶᠢᠨ ᠠᠵᠤ ᠠᠬᠤᠢ ᠳᠤ ᠵᠢᠯ ᠤᠨ 30 ᠲᠦᠮᠡᠨ ᠲᠦᠭᠦᠷᠢᠭ ᠤᠨ ᠤᠷᠤᠯᠭ᠎ᠠ ᠤᠯᠭᠤᠬᠰᠠᠨ ᠪᠠᠶᠢᠨ᠎ᠠ᠃   ᠡᠭᠦᠨ ᠤ ᠬᠠᠮᠲᠤ᠂ ᠲᠤᠰ ᠪᠠᠯᠭᠠᠰᠤᠨ ᠤ ᠲᠤᠩᠭᠠᠯᠠᠭ ᠲᠤᠰᠬᠤᠨ ᠨᠢ ᠵᠦᠬᠡᠢ ᠲᠡᠵᠢᠬᠡᠬᠦ ᠦᠢᠯᠡᠰ ᠤᠨ ᠲᠠᠪᠠᠭᠤᠯᠢᠭ ᠢ ᠬᠦᠢᠴᠡᠳ ᠠᠭᠤᠳᠠᠯᠵᠤ᠂ ᠪᠠᠷᠢᠮᠵᠢᠶᠠᠵᠢᠬᠰᠠᠨ᠂ ᠬᠡᠪᠴᠢᠶᠡᠵᠢᠭᠰᠡᠨ ᠠᠷᠠᠴᠢᠯᠠᠭ᠎ᠠ ᠶᠢ ᠠᠬᠢᠭᠤᠯᠵᠤ᠂ ᠲᠤᠰᠬᠤᠨ ᠤ ᠠᠷᠠᠳ ᠤᠨ ᠤᠷᠤᠯᠭ᠎ᠠ ᠶᠢ ᠦᠷᠭᠦᠯᠵᠢᠯᠡᠨ ᠨᠡᠮᠡᠭᠳᠡᠭᠦᠯᠭᠦ ᠳᠤ ᠬᠦᠴᠦᠨ ᠨᠡᠮᠡᠷᠢᠯᠡᠵᠤ ᠪᠠᠶᠢᠨ᠎ᠠ᠃ ᠤᠳᠤᠬᠠᠨ ᠳᠤ ᠲᠤᠩᠭᠠᠯᠠᠭ ᠲᠤᠰᠬᠤᠨ ᠤ ᠵᠦᠬᠡᠢ ᠨᠢᠬᠡᠨᠲᠡ ᠲᠤᠮᠤ ᠠᠵᠤ ᠦᠢᠯᠡᠰ ᠪᠤᠯᠤᠨ ᠬᠦᠭᠵᠢᠵᠤ᠂ ᠲᠤᠰᠬᠤᠨ ᠤ ᠬᠠᠮᠲᠤ ᠶᠢᠨ ᠠᠵᠤ ᠠᠬᠤᠢ ᠶᠢᠨ ᠬᠦᠭᠵᠢᠨ ᠪᠤᠵᠠᠭᠠᠢᠢᠷᠠᠯᠳᠠ ᠨᠢ ᠬᠦᠳᠡᠭᠡ ᠲᠤᠰᠬᠤᠨ ᠢ ᠬᠦᠭᠵᠢᠭᠦᠯᠬᠦ ᠳᠤ ᠠᠮᠢᠵᠢᠷᠠᠯ ᠤᠨ ᠬᠦᠴᠦᠨ ᠨᠡᠮᠡᠷᠢᠯᠡᠪᠡ᠃   ᠤᠢᠢᠷ᠎ᠠ ᠶᠢᠨ ᠵᠢᠯ ᠠᠴᠠ ᠨᠠᠭᠠᠰᠢ᠂ ᠬᠤᠨᠢᠴᠢᠨᠭᠤᠤᠯ ᠪᠠᠯᠭᠠᠰᠤ ︽ᠨᠢᠬᠡ ᠲᠤᠰᠬᠤᠨ ᠨᠢᠬᠡ ᠲᠦᠷᠦᠯ ᠲᠡᠮᠲᠡᠭ︾᠎ ᠤᠨ ᠵᠢᠱᠢᠶ᠎ᠡ ᠦᠵᠡᠭᠦᠯᠭᠦ ᠲᠤᠰᠬᠤᠨ ᠢ ᠬᠦᠴᠦᠯᠡᠨ ᠪᠠᠶᠢᠭᠤᠯᠵᠤ᠂ ᠨᠢᠬᠡ ᠲᠤᠰᠬᠤᠨ ᠨᠢ ᠤᠯᠠᠨ ᠲᠤᠰᠬᠤᠨ ᠢ ᠲᠠᠭᠠᠭᠤᠯᠤᠨ ᠤᠯᠠᠨ ᠲᠤᠰᠬᠤᠨ ᠬᠠᠮᠲᠤ ᠪᠠᠷ ᠬᠦᠭᠵᠢᠭᠦ ᠭᠦᠭᠵᠢᠯᠲᠡ ᠶᠢᠨ ᠪᠠᠶᠢᠷᠢᠰᠢᠯ ᠢ ᠠᠯᠬᠤᠮ ᠠᠯᠬᠤᠮ ᠢᠶᠠᠷ ᠪᠦᠷᠢᠯᠳᠦᠭᠦᠯᠵᠤ᠂ ᠬᠦᠳᠡᠭᠡ ᠲᠤᠰᠬᠤᠨ ᠢ ᠬᠦᠭᠵᠢᠭᠦᠯᠬᠦ ᠪᠦᠬᠦᠯᠢ ᠴᠤᠬᠴᠠ ᠶᠢᠨ ᠲᠦᠪᠰᠢᠨ ᠢ ᠲᠠᠰᠤᠷᠠᠯᠲᠠ ᠦᠭᠡᠢ ᠲᠡᠭᠡᠭᠰᠢᠯᠡᠭᠦᠯᠪᠡ᠃ ᠤᠳᠤᠬᠠᠨ ᠪᠤᠯᠲᠠᠯ᠎ᠠ ᠪᠦᠬᠦ ᠪᠠᠯᠭᠠᠰᠤᠨ ᠤ ᠬᠡᠪᠴᠢᠶᠡᠵᠢᠯ ᠠᠴᠠ ᠲᠡᠭᠡᠭᠰᠢᠬᠢ ᠬᠡᠷ ᠪᠦᠯᠢ ᠶᠢᠨ ᠲᠠᠷᠢᠶᠠᠯᠠᠩ ᠤᠨ ᠲᠠᠯᠠᠪᠠᠢ 280 ᠪᠤᠯᠵᠤ᠂ ᠵᠢᠱᠢᠶ᠎ᠡ ᠦᠵᠡᠭᠦᠯᠭᠦ ᠴᠢᠨᠠᠷᠲᠠᠢ ᠲᠤᠰᠬᠠᠢ ᠬᠤᠷᠰᠢᠶᠠᠵᠢᠯ 30 ᠪᠠᠶᠢᠵᠤ᠂ ᠲᠠᠭᠠᠭᠤᠯᠤᠬᠴᠢ ᠠᠵᠤ ᠠᠬᠤᠢᠢᠯᠠᠯ 8᠂ ᠵᠢᠵᠢᠭ ᠠᠵᠤ ᠠᠬᠤᠢᠢᠯᠠᠯ 25 ᠪᠤᠯᠵᠠᠢ᠃ ︽ᠲᠠᠷᠢᠬᠤ᠂ ᠲᠡᠵᠢᠬᠡᠬᠦ᠂ ᠪᠤᠯᠪᠠᠰᠤᠷᠠᠭᠤᠯᠬᠤ᠂ ᠪᠤᠷᠤᠯᠠᠭᠤᠯᠬᠤ︾ ᠪᠦᠬᠦ ᠠᠵᠤ ᠦᠢᠯᠡᠰ ᠤᠨ ᠬᠡᠯᠬᠢᠶ᠎ᠡ ᠶᠢᠨ ᠨᠢᠬᠡ ᠴᠤᠬᠴᠠᠵᠢᠭᠤᠯᠤᠬᠰᠠᠨ ᠪᠠᠶᠢᠷᠢᠰᠢᠭᠤᠯᠤᠯᠲᠠ ᠶᠢ ᠪᠦᠷᠢᠯᠳᠦᠭᠦᠯᠵᠤ᠂ ᠴᠢᠨᠠᠷ ᠰᠠᠶᠢᠲᠠᠢ ᠮᠠᠯ ᠤᠨ ᠠᠰᠢᠭ ᠰᠢᠮ᠎ᠡ ᠲᠠᠷᠢᠶᠠᠯᠠᠩ ᠤᠨ ᠪᠦᠲᠦᠭᠡᠭᠳᠡᠭᠦᠨ ᠤ ᠠᠯᠳᠠᠷᠰᠢᠯ ᠢ ᠲᠠᠰᠤᠷᠠᠯᠲᠠ ᠦᠭᠡᠢ ᠲᠡᠭᠡᠭᠰᠢᠯᠡᠭᠦᠯᠵᠤ᠂ ᠵᠠᠬ᠎ᠠ ᠲᠡᠯᠭᠡᠭᠦᠷ ᠲᠠᠬᠢ ᠬᠤᠪᠢ ᠶᠢᠨ ᠬᠠᠷᠢᠴᠠᠯ ᠢ ᠲᠠᠰᠤᠷᠠᠯᠲᠠ ᠦᠭᠡᠢ ᠨᠡᠮᠡᠭᠳᠡᠭᠦᠯᠪᠡ᠃
 
ᠢᠷᠡᠯᠲᠡ᠄ ᠤᠷᠳᠤᠰ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号