ᠭᠤᠤ ᠱᠠᠨ ᠤ 21 ᠵᠢᠯ ᠳᠤ 67 ᠤᠳᠠᠭ᠎ᠠ ᠴᠢᠰᠤ ᠬᠠᠨᠳᠢᠪᠯᠠᠭᠰᠠᠨ ᠪᠤᠶᠠᠨᠰᠠᠭ ᠠᠵᠢᠯᠯᠠᠭ᠎ᠠ
ᠨᠡᠶᠢᠲᠡᠯᠡᠭᠰᠡᠨ ᠴᠠᠭ᠄
2021/8/5
     ᠦᠨ᠎ᠡ ᠲᠥᠯᠥᠪᠦᠷᠢ ᠦᠭᠡᠢ ᠪᠠᠷ ᠴᠢᠰᠤ ᠪᠠᠨ ᠬᠠᠨᠳᠢᠪᠯᠠᠬᠤ ᠪᠤᠯ ᠬᠠᠶᠢᠷ᠎ᠠ ᠪᠢᠯᠬᠠᠭᠰᠠᠨ ᠪᠤᠶᠠᠨᠰᠠᠭ ᠠᠵᠢᠯᠯᠠᠭ᠎ᠠ ᠮᠦᠨ᠃ ᠭᠤᠤ ᠱᠠᠨ ᠡᠨᠡ ᠵᠢᠯ 47 ᠨᠠᠰᠤᠲᠠᠢ᠂ ᠲᠡᠷᠡ 21 ᠵᠢᠯ ᠤᠨ ᠲᠤᠷᠰᠢ 67 ᠤᠳᠠᠭ᠎ᠠ᠂ ᠨᠡᠶᠢᠳᠡ 26800 ᠮᠢᠯᠢᠯᠢᠲᠷ ᠴᠢᠰᠦ ᠪᠠᠨ ᠦᠨ᠎ᠠ ᠲᠦᠯᠦᠪᠦᠷᠢ ᠦᠬᠡᠢ ᠪᠠᠷ ᠬᠠᠨᠳᠢᠪᠯᠠᠵᠤ᠂ ᠦᠷᠦᠬᠡᠯ ᠪᠤᠰᠤᠳ ᠤᠨ ᠠᠮᠢ ᠶᠢ ᠠᠪᠤᠷᠠᠨ ᠨᠡᠶᠢᠬᠡᠮ ᠨᠡᠶᠢᠳᠡ ᠳᠤ ᠪᠤᠶᠠᠨ ᠦᠢᠯᠡᠳᠴᠤ ᠶᠠᠪᠤᠵᠠᠢ᠃ ᠲᠡᠷᠡ ᠤᠷᠢᠳ ᠬᠤᠵᠢᠳ ᠶᠢᠰᠦᠳᠦᠭᠡᠷ ᠬᠤᠭᠤᠴᠠᠭᠠᠨ ᠤ ᠳᠤᠮᠳᠠᠳᠤ ᠤᠯᠤᠰ ᠤᠨ ᠵᠠᠯᠠᠭᠤ ᠰᠠᠶᠢᠨ ᠳᠤᠷ᠎ᠠ ᠶᠢᠨ ᠠᠵᠢᠯᠯᠠᠭᠴᠢ ᠶᠢᠨ ᠰᠢᠯᠢᠳᠡᠭ ᠬᠤᠪᠢ ᠬᠥᠮᠦᠨ ᠤ ᠱᠠᠩᠨᠠᠯ᠂ ᠪᠦᠬᠦ ᠤᠯᠤᠰ ᠤᠨ ᠦᠨ᠎ᠡ ᠲᠥᠯᠥᠪᠦᠷᠢ ᠦᠭᠡᠢ ᠪᠠᠷ ᠴᠢᠰᠤ ᠬᠠᠨᠳᠢᠪᠯᠠᠬᠰᠠᠨ ᠱᠠᠩᠨᠠᠯ ᠤᠨ ᠮᠥᠩᠭᠦ ᠵᠡᠷᠭᠡ 30 ᠭᠠᠷᠤᠢ ᠵᠦᠢᠯ ᠤᠨ ᠢᠷᠠᠭᠤ ᠠᠯᠳᠠᠷ ᠢ ᠬᠦᠷᠳᠡᠭᠰᠡᠨ ᠪᠠᠶᠢᠨ᠎ᠠ᠃      ︽ᠴᠢᠰᠤ ᠪᠠᠨ ᠬᠠᠨᠳᠢᠪᠯᠠᠬᠤ ᠪᠣᠯ ᠪᠤᠶᠠᠨ ᠦᠢᠯᠡᠳᠴᠦ ᠪᠠᠶᠢᠭ᠎ᠠ ᠶᠠᠪᠤᠳᠠᠯ ᠮᠥᠨ᠂ ᠮᠦᠨ ᠴᠤ ᠮᠢᠨᠤ ᠴᠢᠰᠤ ᠶᠢ ᠬᠡᠷᠡᠭᠯᠡᠭᠰᠡᠨ ᠡᠪᠡᠳᠴᠢᠳᠡᠨ ᠨᠠᠮ᠎ᠠ ᠲᠠᠢ ᠬᠤᠪᠢ ᠪᠠᠷᠢᠯᠳᠤᠯᠭ᠎ᠠ ᠲᠠᠢ ᠶᠢ ᠬᠠᠷᠠᠭᠤᠯᠵᠤ ᠪᠠᠶᠢᠨ᠎ᠠ︾ ᠬᠡᠵᠦ ᠭᠤᠤ ᠱᠠᠨ ᠶᠠᠷᠢᠨ᠎ᠠ᠃ 2000 ᠣᠨ ᠤ ᠨᠢᠭᠡᠨ ᠡᠳᠦᠷ᠂ ᠭᠤᠤ ᠱᠠᠨ ᠣᠷᠳᠣᠰ ᠬᠤᠲᠠ ᠶᠢᠨ ᠴᠢᠰᠤ ᠬᠠᠨᠳᠢᠪᠯᠠᠬᠤ ᠥᠷᠲᠡᠭᠡ ᠪᠠᠷ ᠥᠩᠭᠡᠷᠡᠬᠦ ᠳᠤ ᠴᠢᠰᠤ ᠬᠠᠨᠳᠢᠪᠯᠠᠬᠤ ᠤᠬᠠᠭᠤᠯᠭ᠎ᠠ ᠶᠢᠨ ᠰᠠᠮᠪᠠᠷ᠎ᠠ ᠲᠡᠭᠡᠷᠡᠬᠢ ᠡᠪᠡᠳᠴᠢᠲᠡᠨ ᠤ ᠬᠦᠰᠡᠨ ᠮᠥᠷᠥᠭᠡᠳᠦᠭᠰᠡᠨ ᠬᠠᠷᠠᠴᠠ ᠶᠢ ᠬᠠᠷᠠᠭᠠᠳ ᠴᠢᠰᠤ ᠬᠠᠨᠳᠢᠪᠯᠠᠬᠤ ᠪᠤᠳᠤᠯ ᠲᠥᠷᠥᠭᠳᠡᠵᠡᠢ᠃ ᠲᠡᠷᠡ ᠦᠡᠭᠭᠡᠷᠡᠭᠰᠡᠨ ᠳᠤ ᠨᠡᠶᠢᠭᠡᠮ ᠤᠨ ᠡᠯ᠎ᠡ ᠡᠲᠡᠭᠡᠳ ᠤᠨ ᠮᠠᠰᠢ ᠤᠯᠠᠨ ᠬᠠᠯᠠᠮᠵᠢᠯᠠᠯ ᠪᠠ ᠬᠠᠪᠰᠤᠷᠤᠯᠭ᠎ᠠ ᠶᠢ ᠬᠦᠷᠳᠡᠵᠦ ᠶᠠᠪᠤᠭᠰᠠᠨ ᠢᠶᠠᠨ ᠪᠤᠳᠤᠭᠠᠳ ᠡᠷᠡᠰ ᠰᠢᠭᠤᠷᠬᠠᠶ ᠪᠠᠷ ᠴᠢᠰᠤ ᠬᠠᠨᠳᠢᠪᠯᠠᠬᠤ ᠲᠠᠰᠤᠭ ᠲᠤ ᠣᠷᠣᠵᠤ᠂ ᠪᠡᠶ᠎ᠡ ᠶᠢᠨ ᠪᠠᠶᠢᠴᠠᠭᠠᠯᠲᠠ ᠪᠠᠷ ᠳᠠᠮᠵᠢᠨ ᠠᠩᠬ᠎ᠠ ᠤᠳᠠᠭ᠎ᠠ 400 ᠮᠢᠯᠢᠯᠢᠲᠷ  ᠴᠢᠰᠤ ᠪᠠᠨ ᠬᠠᠨᠳᠢᠪᠯᠠᠭᠰᠠᠨ ᠪᠠᠶᠢᠨ᠎ᠠ᠃      ᠭᠤᠤ ᠱᠠᠨ ᠤ ᠬᠡᠷ ᠤᠨ ᠨᠣᠮ ᠤᠨ ᠬᠤᠷᠭᠤᠨ ᠳᠤ ᠢᠷᠠᠭᠤ ᠠᠯᠳᠠᠷ ᠤᠨ ᠦᠨᠡᠮᠯᠡᠯ ᠪᠠ ᠱᠠᠩᠨᠠᠯ ᠤᠨ ᠲᠡᠮᠳᠡᠭ ᠢᠶᠠᠷ ᠲᠦᠬᠦᠷᠦᠭᠰᠡᠨ ᠪᠠᠶᠢᠯ᠎ᠠ᠃ ᠲᠡᠷᠡ᠄ ︽ᠮᠢᠨᠤ ᠪᠠᠰᠠ ᠨᠢᠬᠡ ᠡᠷᠳᠡᠨᠢ ᠶᠢᠨ ᠬᠠᠶᠢᠷᠴᠠᠭ ᠪᠠᠶᠢᠨ᠎ᠠ ᠰᠢᠦ︾ ᠬᠡᠳ ᠤᠨᠲᠠᠯᠭ᠎ᠠ ᠶᠢᠨ ᠥᠷᠥᠭᠡᠨ ᠠᠴᠠ ᠪᠠᠨ ᠴᠢᠰᠤ ᠬᠠᠨᠳᠢᠪᠯᠠᠭᠰᠠᠨ ᠬᠡᠷᠡᠴᠢ ᠲᠡᠮᠳᠡᠭ ᠢᠶᠠᠷ ᠲᠦᠬᠦᠷᠦᠭᠰᠡᠨ ᠨᠢᠬᠡ ᠲᠤᠮᠤ ᠬᠠᠶᠢᠷᠴᠠᠭ ᠭᠠᠷᠭᠠᠵᠤ ᠠᠪᠴᠢᠷᠠᠪᠠ᠃ ᠡᠨᠡ ᠨᠢ ᠲᠡᠬᠦᠨ ᠤ ᠡᠳᠡᠬᠡᠷ ᠵᠢᠯ ᠤᠳ ᠲᠤ ᠨᠡᠶᠢᠬᠡᠮ ᠨᠡᠶᠢᠳᠡ ᠳᠤ ᠦᠵᠡᠬᠦᠯᠦᠭᠰᠡᠨ ᠬᠤᠪᠢ ᠨᠡᠮᠡᠷᠢ ᠶᠢ ᠬᠡᠷᠡᠴᠢᠯᠡᠵᠦ ᠪᠠᠶᠢᠬᠤ ᠨᠢ ᠲᠠᠮᠵᠢᠭ ᠦᠬᠡᠢ᠃ ︽ᠴᠢᠰᠤ ᠨᠢ ᠪᠤᠰᠤᠳ ᠦᠢᠯᠡᠳᠬᠦᠨ ᠲᠠᠢ ᠠᠳᠠᠯᠢ ᠪᠠᠷ ᠦᠢᠯᠡᠳᠪᠦᠷᠢᠯᠡᠵᠦ ᠪᠤᠯᠬᠤ ᠦᠬᠡᠢ᠂ ᠵᠥᠪᠬᠡᠨ ᠬᠠᠨᠳᠢᠪᠯᠠᠬᠤ ᠳᠤ ᠯᠠ ᠲᠦᠰᠢᠭᠯᠡᠳᠡᠭ᠂ ᠡᠪᠡᠳᠴᠢᠳᠡᠨ ᠬᠡᠷᠡᠭᠴᠡᠭᠡ ᠲᠠᠢ ᠦᠶ᠎ᠡ ᠳᠤ ᠪᠢ ᠴᠢᠰᠤ ᠪᠠᠨ ᠲᠤᠷᠠᠳᠠᠶ᠎ᠠ ᠬᠠᠨᠳᠢᠪᠯᠠᠨ᠎ᠠ᠂ ᠡᠨᠡ ᠨᠢ ᠮᠦᠨ ᠴᠤ ᠮᠢᠨᠤ ᠬᠢᠪᠠᠯ ᠵᠤᠬᠢᠬᠤ ᠵᠦᠢᠯ ᠪᠤᠯᠤᠨ᠎ᠠ︾ ᠬᠡᠵᠦ ᠭᠤᠤ ᠱᠠᠨ ᠶᠠᠷᠢᠨ᠎ᠠ᠃      ᠭᠤᠤ ᠱᠠᠨ ᠤ ᠬᠡᠷᠬᠡᠢ ᠨᠢ ᠴᠤ ᠰᠡᠶᠢᠨ ᠲᠤᠷ᠎ᠠ ᠶᠢᠨ ᠴᠢᠰᠤ ᠬᠠᠨᠳᠢᠪᠯᠠᠭᠴᠢ ᠪᠤᠯᠤᠨ᠎ᠠ᠃ 2011 ᠣᠨ ᠳᠤ ᠭᠤᠤ ᠱᠠᠨ ᠮᠠᠰᠢᠨ ᠵᠢᠯᠤᠭᠤᠳᠤᠨ ᠶᠠᠪᠤᠵᠤ ᠪᠠᠶᠢᠬᠤ ᠳᠠᠭᠠᠨ ᠷᠠᠳᠢᠣ᠋ ᠠᠴᠠ ︽ᠮᠠᠨ ᠤ ᠬᠤᠲᠠ ᠶᠢᠨ ᠴᠢᠰᠤᠨ ᠤ ᠥᠷᠲᠡᠭᠡᠨ ᠳᠤ AB ᠬᠡᠯᠪᠡᠷᠢ ᠶᠢᠨ ᠴᠢᠰᠤᠨ ᠤ ᠬᠠᠳᠠᠭᠠᠯᠠᠮᠵᠢ ᠪᠠᠴᠢᠮ ᠪᠣᠯᠵᠤ ᠪᠠᠶᠢᠨ᠎ᠠ︾ ᠭᠡᠰᠡᠨ ᠮᠡᠳᠡᠭᠡ ᠶᠢ ᠰᠤᠨᠤᠰᠤᠭᠠᠳ ᠲᠡᠷᠡ ᠳᠣᠣᠷ᠎ᠠ ᠪᠠᠨ ᠬᠡᠷᠬᠡᠢ ᠶᠢᠨ ᠢᠶᠠᠨ AB ᠬᠡᠯᠪᠡᠷᠢ ᠶᠢᠨ ᠴᠢᠰᠤ ᠲᠠᠢ ᠶᠢ ᠪᠤᠳᠤᠵᠤ ᠬᠡᠷᠬᠡᠢ ᠳᠡᠭᠡᠨ ᠤᠳᠠᠰᠤᠳᠠᠵᠠᠢ᠂ ᠬᠡᠷᠬᠡᠢ ᠨᠢ ᠲᠡᠷᠡ ᠳᠣᠣᠷ᠎ᠠ ᠪᠠᠨ ᠴᠢᠰᠤᠨ ᠤ ᠥᠷᠲᠡᠭᠡᠨ ᠳᠤ ᠬᠦᠷᠴᠦ 400 ᠮᠢᠯᠢᠯᠢᠲᠷ ᠴᠢᠰᠤ ᠪᠠᠨ ᠬᠠᠨᠳᠢᠪᠯᠠᠭᠰᠠᠨ ᠪᠠᠶᠢᠨ᠎ᠠ᠃ ᠭᠤᠤ ᠱᠠᠨ ᠤ ᠨᠥᠯᠥᠭᠡ ᠪᠠᠷ ᠡᠳᠡᠬᠡᠷ ᠵᠢᠯ ᠳᠤ ᠲᠡᠬᠦᠨ ᠤ ᠬᠠᠵᠠᠭᠤᠳᠡᠬᠢ ᠴᠥᠭᠡᠨ ᠪᠤᠰᠤ ᠬᠠᠮᠲᠤ ᠠᠵᠢᠯᠯᠠᠭᠰᠠᠳ᠂ ᠲᠥᠷᠥᠯ ᠰᠠᠳᠤᠨ ᠨᠠᠶᠢᠵᠠ ᠨᠥᠬᠦᠳ ᠨᠢ ᠴᠦ ᠦᠨ᠎ᠡ ᠲᠥᠯᠥᠪᠦᠷᠢ ᠥᠬᠡᠶ ᠪᠠᠷ ᠴᠢᠰᠤ ᠪᠠᠨ ᠬᠠᠨᠳᠢᠪᠯᠠᠬᠤ ᠡ᠊ᠩᠨᠡᠭᠡᠨ ᠤ ᠨᠢᠬᠡ ᠬᠡᠰᠢᠬᠦᠨ ᠪᠤᠯᠤᠭᠰᠠᠨ ᠪᠠᠶᠢᠨ᠎ᠠ᠃      2017 ᠣᠨ ᠤ 10 ᠰᠠᠷ᠎ᠠ ᠳᠤ ᠭᠤᠤ ᠱᠠᠨ ᠤ ᠨᠢᠭᠡ ᠬᠠᠮᠲᠤ ᠠᠵᠢᠯᠯᠠᠭᠴᠢ ᠶᠢᠨ ᠬᠡᠷ ᠤᠨ ᠬᠦᠮᠦᠨ ᠤ ᠡᠪᠡᠳᠴᠢᠨ ᠨᠢ ᠬᠦᠨᠳᠦᠷᠡᠭᠡᠳ ᠮᠡᠰᠡ ᠵᠠᠰᠠᠯ ᠬᠢᠬᠦ ᠴᠢᠬᠤᠯᠠᠲᠠᠶ ᠪᠠᠶᠢᠭᠰᠠᠨ ᠪᠣᠯᠪᠠᠴᠤ ᠴᠢᠰᠤᠨ ᠬᠥᠮᠥᠷᠭᠡ ᠳᠤ ᠴᠢᠰᠤ ᠳᠤᠲᠠᠭᠰᠠᠨ ᠠᠴᠠ ᠪᠣᠯᠵᠣ ᠰᠠᠭᠠᠲᠠᠭᠰᠠᠭᠠᠷ ᠪᠠᠶᠢᠭᠰᠠᠨ ᠢ ᠰᠣᠨᠣᠰᠤᠭᠰᠠᠨ ᠤ ᠳᠠᠷᠠᠭ᠎ᠠ᠂ ᠭᠤᠤ ᠱᠠᠨ ᠲᠡᠷᠡ ᠳᠣᠣᠷ᠎ᠠ ᠨᠢ ᠬᠠᠮᠲᠤ ᠠᠵᠢᠯᠯᠠᠭᠴᠢ ᠪᠠᠨ ᠡᠷᠢᠵᠦ ᠣᠴᠢᠭᠠᠳ ᠴᠢᠰᠤ ᠪᠠᠨ ᠬᠠᠨᠳᠢᠪᠯᠠᠵᠤ ᠪᠣᠯᠬᠤ ᠶᠢ ᠢᠯᠡᠷᠬᠡᠶᠢᠯᠡᠪᠡ᠂ ᠲᠡᠭᠦᠨ ᠤ ᠡᠨᠡ ᠤᠳᠠᠭᠠᠨ ᠤ ᠴᠢᠰᠤ ᠪᠠᠨ ᠬᠠᠨᠳᠢᠪᠯᠠᠭᠰᠠᠨ ᠶᠠᠪᠤᠳᠠᠯ ᠨᠢ ᠡᠪᠡᠳᠴᠢᠲᠡᠨ ᠤ ᠠᠮᠢ ᠨᠠᠰᠤ ᠶᠢ ᠴᠠᠭ ᠲᠤᠬᠠᠢ ᠳᠤᠨᠢ ᠠᠪᠤᠷᠠᠵᠤ ᠲᠡᠶᠢᠯᠦᠭᠰᠡᠨ ᠪᠠᠶᠢᠨ᠎ᠠ᠃      2020 ᠣᠨ ᠤ 2 ᠰᠠᠷ᠎ᠠ ᠶᠢᠨ 5᠎ ᠤ ᠤᠷᠤᠢ᠂ ᠤᠷᠳᠤᠰ ᠬᠤᠳᠠ ᠶᠢᠨ ᠴᠢᠰᠤᠨ ᠤ ᠦᠷᠳᠡᠭᠡ ᠠᠴᠠ ᠭᠤᠤ ᠱᠠᠨ ᠳᠤ ᠭᠡᠨᠡᠳᠲᠡ ᠤᠲᠠᠰᠤ ᠢᠷᠡᠵᠦ A ᠬᠡᠯᠪᠡᠷᠢ ᠶᠢᠨ ᠴᠢᠰᠤᠨ ᠢᠯᠲᠠᠰᠤ ᠪᠠᠴᠢᠮ ᠪᠠᠶᠢᠳᠠᠯ ᠳᠤ ᠤᠷᠤᠭᠰᠠᠨ ᠢ ᠮᠡᠳᠡᠭᠳᠡᠪᠡ᠃ 2 ᠰᠠᠷ᠎ᠠ ᠶᠢᠨ 6᠎ ᠤ ᠡᠳᠦᠷ ᠤᠨ ᠥᠷᠯᠥᠭᠡ ᠡᠷᠲᠡ ᠲᠡᠷᠡ ᠴᠢᠰᠤᠨ ᠤ ᠥᠷᠲᠡᠭᠡᠨ ᠳᠤ ᠬᠦᠷᠴᠦ ᠪᠡᠶ᠎ᠡ ᠶᠢᠨ ᠪᠠᠶᠢᠴᠠᠭᠠᠯᠲᠠ ᠬᠢᠭᠰᠡᠨ ᠤ ᠳᠠᠷᠠᠭ᠎ᠠ᠂ ᠬᠤᠶᠠᠷ ᠡᠮᠴᠢᠯᠡᠭᠡᠨ ᠤ ᠬᠡᠮᠵᠢᠶᠡᠨ ᠤ ᠴᠢᠰᠤᠨ ᠢᠯᠲᠠᠰᠤ ᠬᠠᠨᠳᠢᠪᠯᠠᠵᠤ᠂ ᠳᠠᠷᠠᠭ᠎ᠠ ᠪᠠᠷ ᠨᠢ ᠪᠠᠰᠠ 3 ᠰᠠᠷ᠎ᠠ ᠶᠢᠨ 12᠎ ᠤᠨ ᠡᠳᠦᠷ᠂ 4 ᠰᠠᠷ᠎ᠠ ᠶᠢᠨ 3᠎ ᠤ ᠡᠳᠦᠷ ᠬᠤᠶᠠᠷ ᠤᠳᠠᠭ᠎ᠠ ᠨᠡᠶᠢᠳᠡ 4 ᠡᠮᠴᠢᠯᠡᠭᠡᠨ ᠤ ᠬᠡᠮᠵᠢᠶᠡᠨ ᠤ ᠴᠢᠰᠤᠨ ᠢᠯᠲᠠᠰᠤ ᠬᠠᠨᠳᠢᠪᠯᠠᠭᠰᠠᠨ ᠪᠠᠶᠢᠨ᠎ᠠ᠃      ᠴᠢᠰᠤ ᠬᠠᠨᠳᠢᠪᠯᠠᠭᠴᠢ ᠪᠤᠯ ᠨᠡᠷ᠎ᠡ ᠦᠭᠡᠢ ᠪᠠᠭᠠᠲᠤᠷ᠂ ᠤᠴᠢᠷ ᠨᠢ ᠲᠡᠳᠡ ᠥᠪᠡᠷ ᠤᠨ ᠴᠢᠰᠤ ᠪᠠᠨ ᠬᠡᠨ ᠳᠤ ᠶᠡᠭᠦᠯᠡᠵᠦ ᠥᠭᠬᠦ ᠶᠢ ᠮᠡᠳᠡᠬᠦ ᠦᠭᠡᠢ᠂ ᠴᠢᠰᠤ ᠬᠡᠷᠡᠭᠯᠡᠭᠴᠢ ᠴᠦ ᠬᠡᠨ ᠤ ᠴᠢᠰᠤ ᠨᠢ ᠥᠪᠡᠷ ᠤᠨ ᠪᠡᠶ᠎ᠡ ᠳᠤᠨᠢ ᠳᠠᠬᠢᠨ ᠠᠮᠢᠯᠠᠬᠤ ᠲᠣᠬᠢᠶᠠᠯ ᠣᠯᠭᠤᠭᠰᠠᠨ ᠢ ᠮᠡᠳᠡᠬᠦ ᠦᠭᠡᠢ᠂ ᠭᠡᠪᠡᠴᠦ ᠴᠢᠰᠤ ᠬᠡᠷᠡᠭᠯᠡᠭᠴᠢ ᠲᠡᠲᠡᠭᠡᠷ ᠦᠨ᠎ᠡ ᠲᠥᠯᠥᠪᠦᠷᠢ ᠦᠭᠡᠢ ᠪᠠᠷ ᠴᠢᠰᠤ ᠪᠠᠨ ᠬᠠᠨᠳᠢᠪᠯᠠᠭᠴᠢ ᠳᠤ ᠰᠡᠳᠬᠢᠯ ᠵᠢᠷᠦᠬᠡᠨ ᠠᠴᠠ ᠪᠠᠨ ᠲᠠᠯᠠᠷᠬᠠᠬᠤ ᠨᠢ ᠶᠠᠷᠢᠶᠠᠨ ᠦᠬᠡᠢ᠃ ᠭᠤᠤ ᠱᠠᠨ ᠳᠤ ᠠᠪᠴᠤ ᠬᠡᠯᠡᠪᠡᠯ ᠡᠪᠡᠳᠴᠢᠲᠡᠨ ᠳᠤ ᠠᠮᠢ ᠨᠠᠰᠤᠨ ᠤ ᠬᠦᠰᠡᠯ ᠡᠷᠡᠮᠡᠯᠵᠡᠯ ᠢ ᠣᠯᠭᠤᠬᠤ ᠨᠢ ᠦᠪᠡᠷ ᠲᠤᠨᠢ ᠶᠡᠭᠡ ᠵᠤᠯ ᠵᠢᠷᠭᠠᠯ ᠲᠠᠢ ᠰᠠᠨᠠᠭᠳᠠᠳᠠᠭ᠃ ᠲᠡᠷᠡ᠄ ︽ᠬᠤᠶᠢᠰᠢᠳᠠ ᠪᠢ ᠦᠨ᠎ᠡ ᠲᠦᠯᠦᠪᠦᠷᠢ ᠦᠬᠡᠢ ᠪᠠᠷ ᠴᠢᠰᠤ ᠬᠠᠨᠳᠢᠪᠯᠠᠬᠤ ᠲᠤᠬᠠᠢ ᠦᠷᠭᠦᠯᠵᠢᠯᠡᠨ ᠰᠠᠶᠢᠨ ᠤᠬᠠᠭᠤᠯᠭ᠎ᠠ ᠬᠢᠵᠤ᠂ ᠨᠡᠩ ᠤᠯᠠᠨ ᠬᠥᠮᠦᠰ ᠢ ᠡᠨᠡ ᠬᠦ ᠬᠠᠶᠢᠷ᠎ᠠ ᠬᠠᠯᠠᠮᠵᠢ ᠶᠢᠨ ᠦᠢᠯᠡᠰ ᠲᠤ ᠣᠷᠣᠯᠴᠠᠭᠤᠯᠤᠨ᠎ᠠ︾ ᠭᠡᠵᠦ ᠶᠠᠷᠢᠵᠤ ᠪᠠᠶᠢᠯ᠎ᠠ᠃
     ᠴᠢᠰᠤ ᠪᠠᠨ ᠬᠠᠨᠳᠢᠪᠯᠠᠵᠤ ᠪᠠᠶᠢᠭ᠎ᠠ ᠭᠤᠤ ᠱᠠᠨ
    ᠭᠤᠤ ᠱᠠᠨ ᠤ ᠢᠷᠠᠭᠤ ᠠᠯᠳᠠᠷ ᠤᠨ ᠲᠠᠮᠳᠡᠭ ᠤᠳ
 
ᠢᠷᠡᠯᠲᠡ᠄ ᠤᠷᠳᠤᠰ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号